ᠰᠢᠨ᠎ᠡ ᠮᠡᠳᠡᠭᠡ

201752481735358

ᠤᠯᠠᠨ ᠥᠨᠳᠦᠰᠦᠲᠡᠨ ᠨᠢᠭᠡ ᠭᠡᠷ ᠪᠥᠯᠢ

ᠮᠠᠨᠵᠤᠤᠷ ᠥᠨᠳᠦᠰᠦᠲᠡᠨ  ᠤ ᠭᠡᠷ ᠪᠦᠯᠢ ᠬᠢᠲᠠᠳ ᠥᠨᠳᠦᠰᠦᠲᠡᠨ  ᠤ ᠪᠢᠴᠢᠬᠠᠨ ᠨᠠᠶᠢᠵᠠ  ᠨᠠᠷ  ᠤᠨ ᠶᠠᠩᠭᠠᠷ ᠪᠦᠵᠢᠭ  ᠤᠨ ᠲᠣᠭᠯᠠᠯᠲᠠ                  

201752382422537

ᠤᠮᠳᠠᠭᠠᠨ  ᠤ ᠯᠣᠩᠬᠤ  ᠶᠢ ᠬᠣᠷᠢᠶᠠᠨ ᠴᠤᠭᠯᠠᠭᠤᠯᠬᠤ ᠮᠠᠰᠢᠨ ᠭᠠᠷᠴᠤ ᠢᠷᠡᠭᠰᠡᠨ  ᠨᠢ

ᠨᠢᠭᠡ ᠤᠮᠳᠠᠭᠠᠨ  ᠤ ᠯᠣᠩᠬᠤ ᠢ ᠬᠣᠷᠢᠶᠠᠨ ᠴᠤᠭᠯᠠᠭᠤᠯᠬᠤ ᠮᠠᠰᠢᠨ ᠬᠢᠵᠤ ᠣᠷᠣᠭᠤᠯᠪᠠᠯ ᠂ ᠭᠠᠷ ᠤᠲᠠᠰᠤᠨ ᠳᠡᠭᠡᠷ᠎ᠡ 0.05 ᠲᠥᠭᠦᠷᠢᠭ  ᠤᠨ ᠱᠠᠩᠨᠠᠯ  ᠤᠨ ᠮᠥᠩᠬᠦ ᠣᠯᠤᠨ᠎ᠠ ᠂ ᠱᠠᠩᠨᠠᠯ  ᠤᠨ ᠮᠥᠩᠭᠦ ᠬᠣᠷᠢᠶᠠᠭᠠᠳ 1 ᠲᠥᠭᠦᠷᠢᠭ ᠪᠤᠯᠪᠠᠯ ᠰᠢᠭᠤᠳ ᠭᠠᠷ ᠤᠲᠠᠰᠤᠨ  ᠤ ᠸᠢᠴᠠᠲ  ᠶᠢᠨ ᠮᠥᠩᠭᠦᠨ  ᠤ ᠬᠠᠪᠲᠠᠭ᠎ᠠ ᠳᠤ ᠬᠠᠳᠠᠭᠠᠯᠠᠬᠤ ᠪᠣᠯᠤᠨ᠎ᠠ ᠃      

20170522101247224722

ᠬᠦᠯ ᠪᠦᠮᠪᠦᠭᠡ ᠪᠠᠷ ᠬᠦᠭᠦᠷᠭᠡᠯᠡᠭᠰᠡᠨ ᠨᠦᠬᠦᠷᠯᠡᠯ ᠂ ᠮᠠᠨ ᠤ ᠬᠣᠲᠠ ᠪᠣᠯᠤᠨ ᠪᠷᠠᠽᠢᠯ ᠤᠯᠤᠰ ᠤᠨ ᠰᠠᠨᠭ᠍ᠸᠣᠩ ᠫᠠᠦᠯᠦ᠋ ᠬᠣᠲᠠ ᠶᠢᠨ ᠨᠦᠬᠦᠷᠰᠡᠭ ᠬᠠᠷᠢᠴᠠᠭ᠎ᠠ

2017 ᠣᠨ  ᠤ 5 ᠰᠠᠷ᠎ᠠ  ᠶᠢᠨ 12  ᠤ ᠡᠳᠦᠷ ᠂  ᠪᠷᠠᠽᠢᠯ ᠤᠯᠤᠰ ᠬᠦᠯ ᠪᠦᠮᠪᠦᠭᠡᠨ  ᠤ ᠨᠡᠶᠢᠬᠡᠮᠯᠢᠭ  ᠤᠨ ᠠᠽᠢᠶ᠎ᠠ ᠲᠢᠪ  ᠤᠨ ᠪᠤᠯᠪᠠᠰᠤᠷᠠᠬᠤ ᠰᠠᠭᠤᠷᠢᠨ ᠭᠠᠵᠠᠷ ᠪᠤᠯᠤᠨ ᠬᠣᠷᠢᠨᠭᠡᠷ ᠰᠢᠶᠠᠨ  ᠤ ᠰᠣᠨᠢᠨ ᠮᠡᠳᠡᠭᠡ ᠨᠡᠶᠢᠲᠡᠯᠡᠬᠦ ᠬᠣᠷᠠᠯ ᠪᠡᠭᠡᠵᠢᠩ ᠳᠤ ᠶᠠᠪᠤᠭᠳᠠᠵᠠᠢ ᠃ ᠬᠣᠷᠠᠯ ᠲᠡᠭᠦᠰᠦᠭᠰᠡᠨ  ᠤ ᠳᠠᠷᠠᠭ᠎ᠠ ᠂ ᠬᠥᠬᠡᠬᠣᠲᠠ  ᠶᠢᠨ ᠠᠷᠠᠳ  ᠤᠨ ᠵᠠᠰᠠᠭ  ᠤᠨ ᠣᠷᠳᠤᠨ ᠪᠷᠠᠽᠢᠯ ᠤᠯᠤᠰ  ᠤᠨ ᠰᠠᠨᠭ᠍ᠸᠣᠩ ᠫᠠᠦᠯᠦ᠋ ᠬᠣᠲᠠ  ᠶᠢᠨ ᠵᠠᠰᠠᠭ  ᠤᠨ ᠣᠷᠳᠤᠨ  ᠲᠡᠢ ᠬᠠᠮᠲᠤ ᠬᠣᠶᠠᠷ ᠬᠣᠲᠠ  ᠶᠢᠨ ᠨᠦᠬᠦᠷᠰᠡᠭ ᠬᠠᠷᠢᠴᠠᠭ᠎ᠠ  ᠶᠢ ᠦᠷᠭᠦᠯᠵᠢ  ᠶᠢᠨ ᠴᠢᠨᠠᠷᠲᠡᠢ ᠬᠦᠭᠵᠢᠭᠦᠯᠬᠦ  ᠰᠠᠨᠠᠭ᠎ᠠ ᠵᠣᠷᠢᠯᠲᠠ  ᠶᠢᠨ ᠪᠢᠴᠢᠭ  ᠤᠨ ᠶᠣᠰᠣᠯᠠᠯ ᠢ ᠶᠠᠪᠤᠭᠳᠠᠭᠤᠯᠤᠭᠰᠠᠨ ᠪᠠᠶᠢᠨ᠎ᠠ ᠃      

20170522102065196519

ᠯᠢ ᠵᠢ ᠡᡁᠩ ᠱᠦᠵᠢ ᠢᠤᠢ ᠴᠢᠤᠸᠨ ᠲᠣᠭᠣᠷᠢᠭ ᠤᠨ ᠣᠷᠴᠢᠨ ᠲᠣᠭᠣᠷᠢᠨ ᠤ ᠶᠡᠷᠦᠩᠬᠢ ᠵᠠᠰᠠᠯᠲᠠ ᠪᠤᠯᠤᠨ ᠨᠣᠭᠤᠭᠠᠵᠢᠯᠠᠯᠲᠠ ᠶᠢᠨ ᠠᠵᠢᠯ ᠢ ᠪᠠᠶᠢᠴᠠᠭᠠᠨ ᠰᠤᠳᠤᠯᠤᠭᠰᠠᠨ ᠨᠢ

5 ᠰᠠᠷ᠎ᠠ 18 ᠡᠲᠦᠷ  ᠦᠲᠡ  ᠶᠢᠨ ᠡᠮᠦᠨ᠎ᠡ  ᠶᠢᠨ 8 ᠴᠠᠭ 30 ᠳᠤ ᠂ ᠥᠪᠡᠷᠳᠡᠭᠡᠨ ᠵᠠᠰᠠᠬᠤ ᠣᠷᠣᠨ  ᠤ ᠨᠠᠮ  ᠤᠨ ᠬᠣᠷᠢᠶᠠᠨ  ᠤ ᠱᠦ᠍ᠵᠢ ᠯᠢ ᠵᠢ ᠡᡁᠩ ᠥᠪᠡᠷᠳᠡᠭᠡᠨ ᠵᠠᠰᠠᠬᠤ ᠣᠷᠣᠨ  ᠤ ᠪᠠᠶᠢᠩᠭᠤ  ᠶᠢᠨ ᠬᠡᠰᠢᠭᠦᠨ ᠂ ᠬᠣᠲᠠ  ᠶᠢᠨ ᠨᠠᠮ  ᠤᠨ ᠬᠣᠷᠢᠶᠠᠨ  ᠤ ᠱᠦ᠍ᠵᠢ ᠶᠦ᠍ᠨ ᠭᠤᠸᠩ ᠵᠦᠩ ᠂ ᠬᠣᠲᠠ  ᠶᠢᠨ ᠨᠠᠮ  ᠤᠨ ᠬᠣᠷᠢᠶᠠᠨ  ᠤ ᠳᠡᠳ᠋ ᠱᠦᠵᠢ ᠂ ᠬᠣᠲᠠ  ᠶᠢᠨ ᠳᠠᠷᠤᠭ᠎ᠠ ᠂ ᠥᠪᠡᠷᠳᠡᠭᠡᠨ ᠵᠠᠰᠠᠬᠤ ᠣᠷᠣᠨ  ᠤ ᠬᠣᠷᠢᠨᠭᠡᠷ ᠰᠢᠨ᠎ᠡ ᠲᠣᠭᠣᠷᠢᠭ  ᠤᠨ ᠨᠠᠮ  ᠤᠨ ᠠᠵᠢᠯ  ᠤᠨ ᠬᠣᠷᠢᠶᠠᠨ  ᠤ ᠱᠦ᠍ᠵᠢ ᠯᠢ ᠵᠢᠶᠧ ᠰᠢᠶᠠᠩ  ᠨᠠᠷ  ᠲᠡᠢ ᠬᠠᠮᠲᠤ ᠂ ᠲᠡᠷᠭᠡᠨ ᠳᠤ ᠰᠠᠭᠤᠵᠤ ᠢᠤᠢ ᠴᠢᠤᠸᠨ ᠲᠣᠭᠣᠷᠢᠭ ᠤᠨ ᠡᠤ ᠯᠢ ᠶᠢᠩ ᠴᠡᠴᠡᠷᠯᠢᠭ ᠳᠤ ᠢᠷᠡᠵᠤ ᠂ ᠲᠤᠬᠠᠢ ᠭᠠᠵᠠᠷ  ᠤᠨ ᠬᠠᠭᠤᠴᠢᠨ ᠬᠣᠲᠠ  ᠶᠢᠨ ᠶᠡᠷᠦᠩᠬᠢ ᠵᠠᠰᠠᠯᠲᠠ ᠂ ᠨᠣᠭᠤᠭᠠᠵᠢᠯᠠᠯᠲᠠ  ᠶᠢᠨ ᠠᠵᠢᠯ ᠢ ᠪᠠᠶᠢᠴᠠᠭᠠᠨ ᠰᠤᠳᠤᠯᠤᠯᠲᠠ ᠬᠢᠭ᠍ᠰᠡᠨ ᠪᠠᠶᠢᠨ᠎ᠠ ᠃

201751991654171

ᠦᠵᠡᠰᠭᠦᠯᠡᠩᠲᠦ ᠬᠥᠬᠡᠬᠣᠲᠠ

ᠢᠤᠶ ᠴᠢᠤᠧᠨ  ᠤ ᠰᠦ᠍ᠨᠢ  ᠶᠢᠨ ᠦᠵᠡᠮᠵᠢ       ᠰᠦᠯᠵᠢᠶᠠᠨ ᠨᠠᠶᠢᠵᠠ ᠄ ᠼᠦᠩ ᠼᠦᠩ ᠲᠧ ᠭᠦ᠍ᠩ ᠳᠦᠢ ᠨᠣᠭᠤᠭᠠᠨ ᠬᠡᠪᠢᠰ   ᠰᠦᠯᠵᠢᠶᠡᠨ ᠨᠠᠶᠢᠵᠠ ᠄ ᠰᠢ ᠡᠸ ᠲᠣᠷᠭᠠᠨ ᠵᠠᠮ ᠴᠡᠴᠡᠷᠯᠢᠭ      ᠰᠦᠯᠵᠢᠶᠡᠨ ᠨᠠᠶᠢᠵᠠ ᠄ ᠬᠠᠰᠪᠠᠭᠠᠨ᠎ᠠ ᠥᠪᠦᠷ ᠮᠣᠩᠭᠤᠯ  ᠤᠨ ᠰᠢᠨᠵᠢᠯᠡᠭᠡ ᠮᠡᠷᠭᠡᠵᠢᠯ  ᠤᠨ ᠮᠦᠧᠧᠽ     ᠰᠦᠯᠵᠢᠶᠡᠨ ᠨᠠᠶᠢᠵᠠ ᠄ ᠴᠢ ᠱᠢ ᠬᠣᠲᠠ  ᠶᠢᠨ ᠰᠦᠨᠢ  ᠶᠢᠨ ᠦᠵᠡᠮᠵᠢ      ᠰᠦᠯᠵᠢᠶᠡᠨ ᠨᠠᠶᠢᠵᠠ ᠄ ᠴᠢ ᠱᠢ ᠥᠭᠡᠷ᠎ᠡ ᠨᠢᠭᠡᠨ ᠲᠠᠯ᠎ᠠ  ᠡᠴᠡ ᠬᠣᠲᠠ  ᠶᠢᠨ ᠦᠩᠭᠡ ᠦᠵᠡᠮᠵᠢ  ᠶᠢ ᠦᠵᠡᠬᠦ      ᠰᠦᠯᠵᠢᠶᠡᠨ ᠨᠠᠶᠢᠵᠠ ᠄ ᠬᠠᠰᠪᠠᠭᠠᠨ᠎ᠠ ᠭᠦᠢᠯᠡᠰᠦᠨ ᠴᠡᠴᠡᠭ ᠲᠡᠯᠭᠡᠷᠡᠭᠰᠡᠨ  ᠨᠢ      ᠰᠦᠯᠵᠢᠶᠠᠨ ᠨᠠᠶᠢᠵᠠ ᠄ ᠰᠢ ᠡᠧ ᠥᠪᠦᠷ ᠮᠣᠩᠭᠤᠯ  ᠤᠨ ᠶᠡᠭᠡ ᠰᠤᠷᠭᠠᠭᠤᠯᠢ  ᠶᠢᠨ ᠨᠢᠭᠡᠨ ᠦᠵᠡᠮᠵᠢ     ᠰᠦᠯᠵᠢᠶᠡᠨ ᠨᠠᠶᠢᠵᠠ ᠄ ᠴᠢ ᠱᠢ ᠬᠥᠬᠡᠬᠣᠲᠠ ᠥᠷᠳᠡᠭᠡ      ᠰᠦᠯᠵᠢᠶᠡᠨ ᠨᠠᠶᠢᠵᠠ ᠄ ᠼᠦᠩ ᠼᠦᠩ ᠲᠧ ᠭᠥ᠍ᠨᠭ ᠳᠦᠢ                                             […]

201751885142480

ᠨᠠᠭᠤᠷ ᠤᠨ ᠬᠥᠪᠡᠭᠡᠨ᠎ᠡ ᠠᠯᠬᠤᠬᠤᠶ᠎ᠠ ᠭᠤᠶᠢᠲᠠ ᠦᠩᠭᠡ ᠦᠵᠡᠮᠵᠢ ᠨᠢᠳᠦ  ᠶᠢ ᠲᠠᠲᠠᠮᠤᠢ

ᠵᠠᠭᠤ ᠠᠯᠬᠤᠮ  ᠤᠨ ᠮᠣᠳᠤᠨ ᠬᠥᠭᠦᠷᠭᠡᠨ ᠵᠠᠮ ᠵᠠᠭᠤ ᠠᠯᠬᠤᠮ  ᠤᠨ ᠵᠦᠷᠢᠭ ᠵᠠᠮ ᠤᠰᠤ  ᠨᠢ ᠲᠤᠩᠭᠠᠯᠠᠭ ᠮᠣᠳᠤ  ᠨᠢ ᠨᠣᠭᠤᠭᠠᠨ ᠠᠵᠢᠯᠴᠢᠨ ᠴᠡᠴᠡᠷᠯᠢᠭ ᠳᠣᠮᠳᠠ ᠴᠡᠴᠡᠭ ᠲᠠᠷᠢᠵᠤ ᠪᠠᠶᠢᠭ᠎ᠠ  ᠨᠢ ᠴᠡᠴᠡᠷᠯᠢᠭᠴᠢ ᠡᠪᠡᠰᠦ ᠮᠣᠳᠤ ᠤᠰᠤᠯᠠᠵᠤ ᠪᠠᠶᠢᠭ᠎ᠠ  ᠨᠢ ᠴᠡᠴᠡᠷᠯᠢᠭ ᠳᠣᠲᠣᠷᠠᠬᠢ ᠦᠵᠡᠮᠵᠢ ᠭᠤᠶᠢᠲᠠ ᠰᠠᠶᠢᠬᠠᠨ ᠦᠩᠭᠡ ᠦᠵᠡᠮᠵᠢ  ᠲᠡᠢ ᠬᠥ᠍ᠬᠡᠬᠣᠲᠠ ᠮᠣᠩᠭᠤᠯ ᠥᠨᠳᠦᠰᠦᠲᠡᠨ  ᠤ ᠬᠡᠪ ᠣᠨᠴᠠᠯᠢᠭᠲᠤ ᠪᠠᠷᠢᠮᠠᠯ ᠬᠠᠳᠠᠭ ᠲᠡᠯᠭᠡᠭᠰᠡᠨ ᠭᠤᠶᠤ ᠰᠠᠶᠢᠬᠠᠨ ᠪᠠᠷᠢᠮᠠᠯ  ᠬᠣᠲᠠ ᠲᠣᠭᠣᠷᠢᠭᠰᠠᠨ ᠭᠣᠣᠯ  ᠲᠡᠢ ᠵᠢᠷᠤᠭ ᠰᠢᠭ ᠬᠥᠬᠡᠬᠣᠲᠠ ᠵᠠᠭᠤᠨ ᠠᠯᠬᠤᠮ  ᠤᠨ ᠵᠦᠷᠢᠭ ᠵᠠᠮ ᠳᠡᠭᠡᠷᠡᠬᠢ ᠬᠦ᠍ᠯ  ᠤᠨ ᠴᠢᠯᠡᠭᠡ ᠪᠠᠨ ᠭᠠᠷᠭᠠᠬᠤ ᠥᠷᠳᠡᠭᠡ                                                                                       […]

201751784240695

ᠴᠡᠴᠡᠭ ᠬᠣᠸᠠᠷ ᠲᠡᠯᠭᠡᠷᠡᠭᠰᠡᠨ ᠦᠵᠡᠰᠭᠦᠯᠡᠩᠲᠦ ᠭᠤᠶᠤ ᠬᠥᠬᠡᠬᠣᠲᠠ

ᠣᠶᠢᠷ᠎ᠠ  ᠶᠢᠨ ᠡᠳᠦᠷ  ᠤᠳ ᠂ ᠬᠥᠬᠡᠬᠣᠲᠠ  ᠶᠢᠨ ᠵᠡᠭᠡᠯᠢ ᠭᠤᠳᠤᠮᠵᠢ  ᠶᠢᠨ ᠴᠡᠴᠡᠭ ᠬᠣᠸᠠᠷ ᠮᠢᠷᠠᠯᠵᠠᠨ ᠲᠡᠯᠭᠡᠷᠡᠵᠤ ᠂ ᠡᠪᠡᠰᠤ ᠮᠣᠳᠤ ᠨᠣᠭᠤᠭᠠᠷᠠᠨ ᠂ ᠴᠡᠴᠡᠭ ᠨᠠᠮᠠᠭᠠᠨ  ᠤ ᠬᠠᠩᠬᠢᠯᠤᠮ᠎ᠠ ᠥᠨᠦᠷ ᠰᠡᠩᠬᠢᠨᠡᠨ᠎ᠡ ᠃              

201751784856970

ᠪᠢᠴᠢᠬᠠᠨ ᠴᠠᠭᠳᠠᠭ᠎ᠠ ᠨᠠᠷ ᠤᠨ ᠭᠠᠷ ᠳᠣᠬᠢᠶᠠᠨ ᠤ ᠤᠷᠤᠯᠳᠤᠭᠠᠨ

ᠥᠴᠦᠭᠡᠳᠦᠷ ᠂ ᠢᠤᠢ ᠴᠢᠤᠧᠨ ᠲᠣᠭᠤᠷᠢᠭ  ᠤᠨ ᠵᠠᠮ ᠬᠠᠷᠢᠯᠴᠠᠭᠠᠨ  ᠤ ᠶᠡᠭᠡ ᠠᠩᠬᠢ ᠪᠣᠯᠤᠨ ᠢᠤᠢ ᠴᠢᠤᠧᠨ ᠲᠣᠭᠤᠷᠢᠭ  ᠤᠨ ᠰᠤᠷᠭᠠᠨ ᠬᠦᠮᠦᠵᠢᠯ  ᠤᠨ ᠲᠣᠪᠴᠢᠶ᠎ᠠ  ᠡᠴᠡ ᠢᠤᠢ ᠴᠢᠤᠧᠨ ᠲᠣᠭᠤᠷᠢᠭ  ᠤᠨ ᠵᠠᠯᠠᠭᠤ ᠪᠠᠭᠠᠴᠤᠳ  ᠤᠨ ᠴᠡᠷᠢᠭ  ᠤᠨ ᠮᠠᠶ᠋ᠢᠭ  ᠤᠨ ᠰᠤᠷᠭᠠᠨ ᠬᠦᠮᠦᠵᠢᠯ  ᠤᠨ ᠦᠷ᠎ᠡ ᠪᠦ᠍ᠲᠦᠮᠵᠢ ᠦᠵᠡᠭᠦᠯᠬᠦ  ᠪᠠᠷ   ᠪᠢᠴᠢᠬᠠᠨ ᠴᠠᠭᠳᠠᠭ᠎ᠠ  ᠶᠢᠨ ᠭᠠᠷ ᠳᠣᠬᠢᠶᠠᠨ  ᠤ ᠤᠷᠤᠯᠳᠤᠭᠠᠨ ᠢ   ᠲᠠᠪᠤᠨ ᠰᠤᠪᠤᠷᠭ᠎ᠠ ᠪᠠᠭ᠎ᠠ ᠰᠤᠷᠭᠠᠭᠤᠯᠢ ᠳᠤ ᠡᠷᠬᠢᠯᠡᠨ ᠶᠠᠪᠤᠭᠳᠠᠭᠤᠯᠤᠭᠰᠠᠨ ᠪᠠᠶᠢᠨ᠎ᠠ ᠃          

20175168190281

ᠭᠠᠵᠠᠷ ᠳᠣᠣᠷᠠᠬᠢ ᠲᠡᠮᠦᠷ ᠵᠠᠮ ᠨᠢᠭᠡᠳᠦᠭᠡᠷ ᠱᠤᠭᠤᠮ ᠳᠣᠮᠳᠠᠬᠢ ︽ ᠬᠥᠬᠡᠬᠣᠲᠠ 1 ᠨᠣᠮᠸᠷᠲᠤ ︾ ᠨᠦᠭᠡ ᠮᠠᠯᠲᠠᠬᠤ ᠮᠠᠰᠢᠨ ᠠᠮᠵᠢᠯᠲᠠ  ᠲᠡᠢ ᠠᠵᠢᠯᠯᠠᠭᠰᠠᠨ ᠪᠠᠶᠢᠨ᠎ᠠ

ᠥᠴᠦᠭᠡᠳᠦᠷ 11 ᠴᠠᠭ 18 ᠮᠢᠨᠦᠲ ᠂ ︽ ᠬᠥᠬᠡᠬᠣᠲᠠ 1  ᠨᠣᠮᠸᠷᠲᠤ ︾  ᠨᠦᠭᠡ ᠮᠠᠯᠲᠠᠬᠤ ᠮᠠᠰᠢᠨ ᠠᠵᠢᠯ  ᠪᠠᠨ ᠡᠬᠢᠯᠡᠭᠦᠯᠦᠭᠰᠡᠨ ᠪᠠᠶᠢᠨ᠎ᠠ ᠂ ᠡᠨᠡ ᠮᠠᠰᠢᠨ  ᠤ ᠨᠦ᠍ᠭᠡ ᠮᠠᠯᠲᠠᠬᠤ ᠷᠠᠳᠢᠤᠰ  ᠨᠢ 3215 mm ᠂ ᠲᠥᠯᠬᠢᠬᠦ ᠬᠦ᠍ᠴᠦ  ᠨᠢ 4258 ᠲᠤᠨ ᠂ ᠲᠦᠯᠬᠢᠬᠦ ᠬᠤᠷᠲᠤᠴᠠ  ᠨᠢ 80mm/min ᠂ ᠪᠦᠬᠦ ᠬᠦ᠍ᠨᠳᠦ  ᠨᠢ 500 ᠲᠤᠨ ᠣᠷᠴᠢᠮ ᠪᠣᠯᠤᠨ᠎ᠠ ᠃          

201751682229537

ᠬᠥᠬᠡᠬᠤᠲᠠ ᠶᠢᠨ ᠭᠠᠶᠢᠯᠢ ᠶᠢᠨ ᠬᠠᠤᠯᠢ ᠴᠠᠭᠠᠵᠠ ᠶᠢ ᠲᠥᠭᠡᠮᠡᠯᠵᠢᠭᠦᠯᠬᠦ ᠰᠤᠷᠭᠠᠨ ᠬᠥᠮᠦᠵᠢᠯ ᠤᠨ ᠰᠠᠭᠤᠷᠢᠨ ᠭᠠᠵᠠᠷ ᠬᠦᠰᠢᠭᠡ ᠪᠠᠨ ᠰᠡᠬᠦᠭᠰᠡᠨ ᠨᠢ

ᠬᠤᠲᠠ  ᠶᠢᠨ ᠤᠯᠤᠰ  ᠤᠨ ᠭᠠᠶᠢᠯᠢ  ᠶᠢᠨ ᠲᠣᠪᠴᠢᠶ᠎ᠠ ᠭᠠᠶᠢᠯᠢ  ᠶᠢᠨ ᠬᠠᠤᠯᠢ ᠴᠠᠭᠠᠵᠠ ᠤᠬᠠᠭᠤᠯᠬᠤ ᠪᠠᠷ ᠳᠠᠮᠵᠢᠭᠤᠯᠤᠨ ᠂ ᠭᠠᠶᠢᠯᠢ ᠶᠢᠨ ᠬᠠᠤᠯᠢ ᠴᠠᠭᠠᠵᠠ ᠶᠢ ᠲᠥᠭᠡᠮᠡᠯᠵᠢᠭᠦᠯᠬᠦ ᠰᠤᠷᠭᠠᠨ ᠬᠥᠮᠦᠵᠢᠯ ᠤᠨ ᠰᠠᠭᠤᠷᠢᠨ ᠭᠠᠵᠠᠷ  ᠤᠨ ᠪᠦᠲᠥᠭᠡᠨ ᠪᠠᠶᠢᠭᠤᠯᠬᠤ ᠪᠠᠷ ᠳᠠᠮᠵᠢᠨ ᠤᠯᠤᠰ  ᠤᠨ ᠭᠠᠶᠢᠯᠢ  ᠶᠢᠨ ᠲᠣᠪᠴᠢᠶ᠎ᠠ ᠪᠣᠯᠤᠨ ᠭᠠᠵᠠᠷ ᠣᠷᠣᠨ  ᠤ ᠭᠠᠶᠢᠯᠢ  ᠶᠢᠨ ᠲᠣᠪᠴᠢᠶᠠᠨ  ᠤ ᠬᠠᠮᠲᠤᠷᠠᠨ ᠠᠵᠢᠯᠯᠠᠬᠤ  ᠶᠢ ᠲᠦ᠍ᠯᠬᠢᠨ ᠠᠬᠢᠭᠤᠯᠵᠤ ᠂ ᠬᠣᠲᠠ  ᠶᠢᠨ ᠭᠠᠵᠠᠷ ᠣᠷᠣᠨ  ᠤ ᠭᠠᠶᠢᠯᠢ  ᠶᠢᠨ ᠲᠣᠪᠴᠢᠶ᠎ᠠ  ᠲᠡᠢ ᠢᠳᠡᠪᠬᠢᠲᠡᠢ ᠬᠠᠷᠢᠯᠴᠠᠵᠤ ᠂ ᠨᠡᠶᠢᠭᠡᠮ ᠨᠡᠶᠢᠲᠠ ᠳᠤ ᠲᠤᠰᠬᠠᠯ ᠰᠠᠶᠢᠲᠠᠢ ᠭᠠᠶᠢᠯᠢ  ᠶᠢᠨ ᠬᠠᠤᠯᠢ ᠴᠠᠭᠠᠵᠠ  ᠶᠢ ᠲᠥ᠍ᠭᠡᠮᠡᠯᠵᠢᠭᠦᠯᠬᠦ ᠰᠤᠷᠭᠠᠨ ᠬᠦᠮᠦᠵᠢᠯ  ᠤᠨ ᠰᠠᠭᠤᠷᠢᠨ ᠭᠠᠵᠠᠷ ᠢ ᠪᠦ᠍ᠲᠦᠭᠡᠨ ᠪᠠᠶᠢᠭᠤᠯᠤᠨ᠎ᠠ ᠃        

1 ᠳ᠋ᠤᠭᠠᠷ ᠬᠠᠭᠤᠳᠠᠰᠤ ᠂ 38 ᠬᠠᠭᠤᠳᠠᠰᠤ12345102030ᠡᠴᠦᠰ ᠤᠨ ᠬᠠᠭᠤᠳᠠᠰᠤ ︾