ᠲᠦᠷᠦᠭᠦᠬᠡᠨ᠂ ᠥᠪᠥᠷ ᠮᠣᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ ᠠᠴᠠ ᠭᠤᠣᠯᠯᠠᠨ ᠡᠷᠭᠢᠯᠡᠭᠰᠡᠨ ᠪᠣᠳᠠᠰ ᠤᠨ ᠪᠤᠰᠤ ᠰᠣᠶᠣᠯ ᠤᠨ ᠥᠪ ᠢ | ᠰᠤᠷᠭᠠᠭᠤᠯᠢ ᠶᠢᠨ ᠬᠦᠷᠢᠶᠡᠨ ᠳᠤ ᠤᠷᠤᠭᠤᠯᠬᠤ - ᠱᠢᠷᠦᠨᠴᠢᠮᠡᠭ ᠤᠨ ᠲᠤᠰᠬᠠᠢ ᠳᠠᠯᠠᠪᠠᠢ ᠲᠤᠬᠯᠠᠯᠳᠠ ᠭᠦᠭᠡᠬᠤᠳᠠ ᠳᠤ ᠨᠢᠵᠢᠭᠢᠷ ᠰᠠᠶᠢᠬᠠᠨ ᠶᠠᠪᠤᠭᠳᠠᠪᠠ᠃ | ᠳ᠋ᠠᠮᠼᠠ ᠶᠢᠨ ᠱᠢᠷᠦᠨᠴᠢᠮᠡᠭ ᠪᠣᠯ ᠬᠥᠬᠡᠨᠠᠭᠤᠷ ᠮᠤᠵᠢ ᠶᠢᠨ ᠬᠠᠶᠢᠰᠢ ᠵᠧᠦ ᠶᠢᠨ ᠦᠨᠳᠦᠰᠦᠲᠡᠨ ᠤ ᠳᠠᠭᠤᠤ ᠪᠥᠵᠢᠭ ᠤᠨ ᠪᠦᠯᠭᠦᠮ ᠤᠨ ᠳᠠᠭᠤᠴᠢᠨ᠂ | ᠳᠡᠭᠡᠳᠦ ᠮᠣᠩᠭᠤᠯ ᠤᠨ ᠠᠷᠠᠳ ᠤᠨ ᠳᠠᠭᠤᠤ ᠪᠠ ᠲᠣᠪᠰᠢᠭᠤᠷ ᠬᠥᠭᠵᠢᠮ ᠤᠨ ᠥᠪᠯᠡᠨ ᠤᠯᠠᠮᠵᠢᠯᠠᠭᠴᠢ᠂ ︽ᠳᠡᠭᠡᠳᠦ ᠮᠣᠩᠭᠤᠯ ᠡᠭᠡᠰᠢᠭᠯᠡᠩ︾ ᠬᠡᠮᠡᠬᠦ ᠭᠤᠷᠪᠠᠨ | ᠴᠤᠪᠤᠷᠠᠯ ᠴᠣᠮᠤᠭ ᠲᠠᠢ᠃ ᠬᠥᠬᠡᠨᠠᠭᠤᠷ ᠮᠣᠩᠭᠤᠯᠴᠤᠳ ᠤᠨ ᠳᠠᠭᠤᠤ ᠤᠷᠠᠯᠢᠭ ᠢ ᠥᠪᠥᠷ ᠮᠣᠩᠭᠤᠯᠴᠤᠳ ᠲᠤ ᠰᠣᠨᠢᠷᠬᠠᠭᠤᠯᠵᠤ᠂ ᠬᠤᠶᠠᠷ ᠭᠠᠵᠠᠷ ᠤᠨ ᠰᠣᠶᠣᠯ | ᠤᠨ ᠰᠣᠯᠢᠯᠴᠠᠭ᠎ᠠ ᠶᠢ ᠠᠬᠢᠭᠤᠯᠬᠤ ᠶᠢ ᠵᠣᠷᠢᠭᠰᠠᠨ ᠡᠨᠡ ᠬᠦ ᠲᠤᠬᠯᠠᠯᠳᠠ ᠳᠤ ᠱᠢᠷᠦᠨᠴᠢᠮᠡᠭ ︽ᠴᠢᠮ᠎ᠠ ᠪᠠᠨ ᠰᠠᠨᠠᠬᠤ ᠳᠤ︾᠂ ︽ᠢᠰᠡᠭᠡᠢ ᠶᠢᠨ ᠳᠠᠭᠤᠤ︾᠂ ︽ᠡᠵᠢ | ᠶᠢᠨ ᠨᠤᠲᠤᠭ ᠰᠠᠨᠠᠭᠳᠠᠨ᠎ᠠ︾᠂ ︽ᠠᠯᠳᠠᠨ ᠠᠩᠭᠢᠷ ᠪᠠᠭᠤᠪᠴᠢ︾᠂ ︽ᠲᠣᠶᠢᠭ ᠤᠨ ᠳᠠᠭᠤᠤ︾ ᠵᠡᠷᠭᠡ 11 ᠳᠠᠭᠤᠤ ᠳᠠᠭᠤᠯᠠᠵᠤ᠂ ᠥᠪᠡᠷᠮᠢᠴᠡ ᠣᠨᠴᠠᠯᠢᠭ ᠲᠠᠢ | ᠬᠥᠬᠡᠨᠠᠭᠤᠷ ᠮᠣᠩᠭᠤᠯᠴᠤᠳ ᠤᠨ ᠠᠷᠠᠳ ᠤᠨ ᠳᠠᠭᠤᠤ ᠶᠢᠨ ᠠᠶᠢᠵᠠᠮ ᠡᠭᠡᠰᠢᠭ ᠵᠢᠴᠢ ᠤᠳᠬ᠎ᠠ ᠤᠶᠠᠩᠭ᠎ᠠ ᠲᠡᠭᠦᠰ ᠳᠠᠭᠤᠤ ᠶᠢᠨ ᠦᠭᠡ ᠦᠯᠢᠭᠡᠷ ᠢᠶᠠᠷ | ᠦᠵᠡᠭᠴᠢᠳ ᠢᠶᠠᠨ ᠪᠠᠶᠠᠰᠬᠠᠬᠤ ᠳᠤ ᠪᠠᠶᠠᠨ᠂ ᠬᠥᠬᠡᠮᠥ᠋ᠴᠢᠷ᠂ ᠰᠦᠮᠡᠨᠬᠤᠧᠠᠷ᠂ ᠳᠡᠯᠡᠬᠡᠢ ᠵᠡᠷᠭᠡ ᠣᠨᠴᠠ ᠤᠷᠢᠭᠰᠠᠨ ᠤᠷᠠᠯᠢᠭᠴᠢᠳ ᠴᠦ ᠠᠶ᠎ᠠ ᠳᠠᠭᠤᠤ ᠪᠠᠨ | ᠡᠷᠭᠦᠵᠦ᠂ ᠦᠳᠡᠰᠢᠯᠡᠭᠡ ᠳᠤ ᠥᠩᠭᠡ ᠨᠡᠮᠡᠵᠡᠢ᠃ | ︽ᠲᠤᠬᠯᠠᠯᠳᠠ ᠤᠷᠤᠭᠰᠢᠲᠠᠢ ᠶᠠᠪᠤᠭᠳᠠᠭᠰᠠᠨ ᠳᠤ ᠮᠠᠰᠢ ᠪᠠᠶᠠᠷᠲᠠᠢ ᠪᠠᠶᠢᠨ᠎ᠠ᠃ ᠭᠦᠭᠡᠬᠤᠳᠠ ᠳᠤ ᠠᠩᠬ᠎ᠠ ᠤᠳᠠᠭ᠎ᠠ ᠪᠡᠶ᠎ᠡ ᠪᠠᠨ ᠳᠠᠭᠠᠭᠠᠭᠰᠠᠨ ᠲᠤᠬᠯᠠᠯᠳᠠ | ᠭᠠᠷᠭᠠᠵᠤ᠂ ᠡᠶᠢᠮᠦ ᠤᠯᠠᠨ ᠬᠥᠮᠥᠨ ᠢᠷᠡᠵᠦ ᠮᠢᠨᠤ ᠲᠤᠬᠯᠠᠯᠳᠠ ᠶᠢ ᠦᠵᠡᠨ᠎ᠡ ᠭᠡᠵᠦ ᠦᠨᠡᠬᠡᠷ ᠰᠠᠨᠠᠭᠠᠨ ᠳᠤ ᠪᠠᠶᠢᠭᠰᠠᠨ ᠦᠭᠡᠢ᠂ ᠰᠡᠳᠬᠢᠯ ᠳᠤ ᠶᠡᠭᠡ | ᠳᠤᠯᠠᠭᠠᠬᠠᠨ ᠰᠠᠨᠠᠭᠳᠠᠵᠤ ᠪᠠᠶᠢᠨ᠎ᠠ︾ ᠭᠡᠵᠦ ᠱᠢᠷᠦᠨᠴᠢᠮᠡᠭ ᠪᠠᠶᠠᠷᠲᠠᠢ ᠬᠡᠯᠡᠨ᠎ᠡ᠃ ︽ᠱᠢᠷᠦᠨᠴᠢᠮᠡᠭ ᠡᠭᠡᠴᠢ ᠳᠡᠭᠡᠳᠦ ᠮᠣᠩᠭᠤᠯ ᠤᠨ ᠠᠷᠠᠳ ᠤᠨ ᠳᠠᠭᠤᠤ ᠶᠢ | ᠤᠳᠠᠭᠠᠨ ᠵᠢᠯ ᠳᠠᠭᠤᠯᠠᠵᠤ ᠤᠯᠠᠮᠵᠢᠯᠠᠵᠤ ᠢᠷᠡᠵᠡᠢ᠃ ᠲᠡᠷᠡ ᠨᠥᠬᠦᠷ ᠪᠠᠶᠠᠰᠬᠤᠯᠠᠩ ᠲᠠᠢ ᠪᠠᠨ ᠬᠤᠶᠠᠭᠤᠯᠠ ᠨᠤᠲᠤᠭ ᠤᠨ ᠠᠬᠠᠮᠠᠳ ᠠᠴᠠ ᠪᠠᠨ ᠳᠠᠭᠤᠤ ᠶᠢᠨ | ᠦᠭᠡ ᠪᠠ ᠢᠷᠡᠯ ᠲᠡᠦᠬᠡ ᠶᠢ ᠨᠢ ᠠᠰᠠᠭᠤᠵᠤ ᠯᠠᠪᠯᠠᠨ ᠰᠤᠳᠤᠯᠵᠤ᠂ ᠶᠡᠭᠡ ᠭᠦᠳᠡᠯᠮᠦᠷᠢ ᠵᠠᠷᠤᠴᠠᠭᠤᠯᠤᠭᠰᠠᠨ᠃ ᠡᠨᠡ ᠲᠠᠯ᠎ᠠ ᠪᠠᠷ ᠪᠢᠳᠡᠨ ᠳᠤ ᠳᠠᠭᠤᠷᠢᠶᠠᠯ ᠪᠣᠯᠵᠤ | ᠪᠠᠶᠢᠨ᠎ᠠ︾ ᠭᠡᠵᠦ ᠥᠪᠥᠷ ᠮᠣᠩᠭᠤᠯ ᠤᠨ ᠤᠷᠠᠯᠢᠭ ᠵᠦᠴᠦᠭᠡ ᠶᠢᠨ ᠬᠦᠷᠢᠶᠡᠯᠡᠩ ᠤᠨ ᠳᠠᠭᠤᠴᠢᠨ ᠬᠥᠬᠡᠮᠥ᠋ᠴᠢᠷ ᠬᠡᠯᠡᠵᠦ ᠪᠠᠶᠢᠯ᠎ᠠ᠃ | |