| | | 4 ᠳ᠋ᠦ᠋ᠭᠡᠷ ᠰᠠᠷ᠎ᠠ ᠶᠢᠨ 23 ᠤ ᠡᠳᠦᠷ᠂ ᠢᠦᠢ ᠴᠢᠤᠸᠠᠨ ᠲᠣᠭᠤᠷᠢᠭ ᠤᠨ ᠱᠢ ᠳ᠋ᠦᠩ ᠵᠠᠮ ᠤᠨ ᠪᠠᠭ᠎ᠠ ᠰᠤᠷᠭᠠᠭᠤᠯᠢ | ︽ᠣᠳᠣᠲᠤ ᠲᠡᠭᠷᠢ ᠶᠢ ᠪᠠᠷᠠᠭᠠᠯᠠᠨ᠂ ᠵᠡᠭᠦᠳᠦ ᠬᠦᠰᠡᠯ ᠢᠶᠠᠨ ᠲᠡᠷᠭᠡᠯᠰᠢᠭᠦᠯᠦᠶ᠎ᠡ︾ ᠭᠡᠬᠦ ᠭᠤᠣᠯ ᠰᠡᠳᠦᠪᠲᠦ ᠰᠢᠨᠵᠢᠯᠡᠬᠦ | ᠤᠬᠠᠭᠠᠨ ᠢ ᠲᠦᠭᠡᠮᠡᠯᠵᠢᠭᠦᠯᠬᠦ ᠠᠵᠢᠯᠯᠠᠭ᠎ᠠ ᠥᠷᠨᠢᠭᠦᠯᠪᠡ᠃ ᠰᠤᠷᠤᠭᠴᠢᠳ ᠰᠠᠨᠰᠠᠷ ᠠᠶᠠᠯᠠᠯ ᠤᠨ ᠵᠠᠭᠪᠤᠷ ᠢ ᠲᠣᠭᠤᠷᠢᠨ | ᠦᠵᠡᠬᠦ᠂ ᠰᠠᠨᠰᠠᠷ ᠤᠨ ᠭᠤᠣᠯ ᠰᠡᠳᠦᠪᠲᠦ ᠵᠢᠷᠤᠭ ᠢ ᠵᠣᠬᠢᠶᠠᠨ ᠪᠦᠲᠦᠭᠡᠬᠦ᠂ ᠰᠠᠨᠰᠠᠷ ᠠᠶᠠᠯᠠᠯ ᠤᠨ ᠮᠡᠳᠡᠯᠭᠡ ᠶᠢ | ᠰᠤᠷᠤᠯᠴᠠᠬᠤ ᠵᠡᠷᠭᠡ ᠬᠡᠯᠪᠡᠷᠢ ᠪᠠᠷ ᠳᠤᠮᠳᠠᠳᠤ ᠤᠯᠤᠰ ᠤᠨ ᠰᠠᠨᠰᠠᠷ ᠠᠶᠠᠯᠠᠯ ᠤᠨ ᠠᠮᠵᠢᠯᠲᠠ ᠪᠦᠲᠦᠮᠵᠢ ᠶᠢ ᠭᠦᠨᠵᠡᠭᠡᠢ | ᠣᠶᠢᠯᠠᠭᠠᠵᠤ᠂ ᠰᠤᠷᠤᠭᠴᠢᠳ ᠤᠨ ᠰᠠᠨᠰᠠᠷ ᠣᠭᠲᠠᠷᠭᠤᠢ ᠶᠢᠨ ᠲᠤᠬᠠᠢ ᠰᠣᠨᠢᠭᠤᠴᠢ ᠰᠡᠳᠬᠢᠯ ᠢ ᠨᠢ ᠬᠥᠭᠵᠢᠭᠡᠪᠡ᠃ | ᠰᠤᠷᠪᠤᠯᠵᠢᠯᠠᠭᠴᠢ ᠸᠠᠩ ᠱᠣᠣ ᠺᠠᠢ ᠰᠡᠭᠦᠳᠡᠷᠯᠡᠪᠡ |