| ︽ᠬᠥᠮᠥᠨ ᠠᠮᠠ ᠶᠢᠨ ᠲᠥᠪᠯᠡᠷᠡᠯ ᠢ ᠠᠬᠢᠭᠤᠯᠵᠤ ᠬᠥᠮᠥᠨ ᠠᠮᠠ ᠶᠢᠨ ᠴᠢᠨᠠᠷᠵᠢᠭᠤᠨ ᠬᠥᠭᠵᠢᠯᠲᠡ ᠶᠢ ᠠᠬᠢᠭᠤᠯᠬᠤ ᠲᠤᠬᠠᠢ ᠬᠥᠬᠡᠬᠤᠲᠠ ᠶᠢᠨ | ᠠᠷᠠᠳ ᠤᠨ ᠵᠠᠰᠠᠭ ᠤᠨ ᠣᠷᠳᠣᠨ ᠤ ᠬᠡᠷᠡᠭᠵᠢᠭᠦᠯᠬᠦ ᠰᠠᠨᠠᠯ︾ ︵ᠬᠥᠬᠡᠬᠤᠲᠠ ᠵᠠᠰᠠᠭ ᠲᠠᠷᠬᠠᠭᠠᠭᠰᠠᠨ ﹇2025﹈ 7 ᠳ᠋ᠤᠭᠠᠷ ᠲᠣᠭᠠᠲᠤ︶ ᠪᠢᠴᠢᠭ | ᠮᠠᠲ᠋ᠧᠷᠢᠶᠠᠯ ᠤᠨ ᠵᠣᠷᠢᠭ ᠰᠠᠨᠠᠭ᠎ᠠ ᠶᠢ ᠦᠨᠳᠦᠰᠦᠯᠡᠪᠡᠰᠦ᠂ ᠬᠡᠦᠬᠡᠳ ᠪᠣᠶᠢᠵᠢᠭᠤᠯᠬᠤ ᠨᠡᠮᠡᠭᠦᠷᠢ ᠣᠯᠭᠤᠬᠤ ᠳᠤ ᠬᠡᠷᠡᠭᠵᠢᠭᠦᠯᠬᠦ ᠨᠠᠷᠢᠨ ᠳᠦᠷᠢᠮ ᠨᠢ ᠳᠣᠣᠷᠠᠬᠢ | ᠮᠡᠲᠦ᠄ | ᠨᠢᠭᠡ᠂ ᠬᠢᠷᠢ ᠬᠡᠮ ᠢ ᠨᠢ ᠮᠠᠭᠠᠳᠯᠠᠨ ᠲᠣᠭᠲᠠᠭᠠᠬᠤ | ︵ᠨᠢᠭᠡ︶ ᠨᠡᠮᠡᠭᠦᠷᠢ ᠣᠯᠭᠤᠬᠤ ᠨᠥᠬᠦᠴᠡᠯ | 1. ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠮᠥᠨ ᠠᠮᠠ ᠬᠢᠭᠡᠳ ᠲᠥᠯᠥᠪᠯᠡᠭᠡᠲᠦ ᠦᠷᠡᠵᠢᠯ ᠤᠨ ᠳᠦᠷᠢᠮ︾ ᠤᠨ ᠲᠣᠭᠲᠠᠭᠠᠯ ᠳᠤ | ᠨᠡᠶᠢᠴᠡᠭᠦᠯᠵᠦ ᠬᠡᠦᠬᠡᠳ ᠲᠥᠷᠥᠭᠰᠡᠨ︔ | 2. 2025 ᠣᠨ ᠤ 3 ᠳ᠋ᠤᠭᠠᠷ ᠰᠠᠷ᠎ᠠ ᠶᠢᠨ 1 ᠤ ᠡᠳᠦᠷ ᠠᠴᠠ ᠰᠡᠭᠦᠯᠡᠷ ︵3 ᠳ᠋ᠤᠭᠠᠷ ᠰᠠᠷ᠎ᠠ ᠶᠢᠨ 1 ᠤ ᠡᠳᠦᠷ ᠢ ᠪᠠᠭᠲᠠᠭᠠᠨ᠎ᠠ︶ ᠬᠠᠤᠯᠢ ᠶᠣᠰᠣᠭᠠᠷ | ᠬᠡᠦᠬᠡᠳ ᠲᠥᠷᠥᠭᠰᠡᠨ ᠭᠡᠷ ᠪᠦᠯᠢ︔ | 3. ᠡᠷ᠎ᠡ ᠡᠮ᠎ᠡ ᠬᠤᠶᠠᠭᠤᠯᠠ ᠶᠢᠨ ᠡᠷᠦᠬᠡ ᠠᠮᠠ ᠶᠢᠨ ᠳᠠᠩᠰᠠᠨ ᠤ ᠪᠠᠶᠢᠭ᠎ᠠ ᠭᠠᠵᠠᠷ ᠨᠢ ᠴᠥᠮ ᠬᠥᠬᠡᠬᠤᠲᠠ ᠪᠤᠶᠤ ᠨᠢᠭᠡ ᠡᠲᠡᠭᠡᠳ ᠤᠨ ᠡᠷᠦᠬᠡ | ᠠᠮᠠ ᠶᠢᠨ ᠳᠠᠩᠰᠠᠨ ᠤ ᠪᠠᠶᠢᠭ᠎ᠠ ᠭᠠᠵᠠᠷ ᠨᠢ ᠬᠥᠬᠡᠬᠤᠲᠠ ᠪᠣᠯᠬᠤ᠂ ᠬᠥᠬᠡᠬᠤᠲᠠ ᠳᠤ ᠰᠠᠭᠤᠷᠢᠰᠢᠵᠤ ᠠᠵᠢᠯᠯᠠᠵᠤ ᠠᠮᠢᠳᠤᠷᠠᠵᠤ ᠪᠠᠶᠢᠭ᠎ᠠ᠂ ᠬᠥᠮᠥᠨ᠂ ᠭᠡᠷ | ᠪᠠᠶᠢᠰᠢᠩ᠂ ᠡᠷᠦᠬᠡ ᠨᠢ ᠨᠢᠭᠡᠳᠦᠯᠲᠡᠢ ᠪᠠᠶᠢᠬᠤ ᠮᠥᠷᠲᠡᠭᠡᠨ ᠰᠠᠶ᠋ᠢ ᠲᠥᠷᠥᠭᠰᠡᠨ ᠬᠡᠦᠬᠡᠳ ᠤᠨ ᠡᠷᠦᠬᠡ ᠠᠮᠠ ᠶᠢᠨ ᠳᠠᠩᠰᠠ ᠶᠢ ᠨᠢ ᠲᠡᠷᠢᠭᠦᠨ ᠤᠳᠠᠭ᠎ᠠ | ᠬᠥᠬᠡᠬᠤᠲᠠ ᠳᠤ ᠣᠷᠣᠭᠤᠯᠤᠭᠰᠠᠨ᠃ | ︵ᠬᠤᠶᠠᠷ︶ ᠬᠡᠦᠬᠡᠳ ᠤᠳ ᠤᠨ ᠨᠡᠮᠡᠭᠦᠷᠢ ᠶᠢ ᠪᠣᠳᠣᠬᠤ ᠪᠠᠷᠢᠮᠵᠢᠶ᠎ᠠ | ᠤᠤᠭᠠᠨ ᠬᠡᠦᠬᠡᠳ ᠢᠶᠠᠨ ᠲᠥᠷᠥᠬᠦ ᠳᠤ ᠢᠬᠡᠷ᠎ᠡ ᠠᠴᠠ ᠢᠯᠡᠭᠦᠦ ᠣᠯᠠᠨ ᠬᠡᠦᠬᠡᠳ ᠲᠥᠷᠥᠭᠰᠡᠨ ᠪᠠᠶᠢᠪᠠᠯ᠂ ᠰᠠᠶ᠋ᠢ ᠲᠥᠷᠥᠭᠰᠡᠨ ᠬᠡᠦᠬᠡᠳ ᠢ ᠨᠢ | ᠬᠡᠦᠬᠡᠳ ᠤᠨ ᠲᠥᠷᠥᠵᠦ ᠭᠠᠷᠤᠭᠰᠠᠨ ᠳᠠᠷᠠᠭᠠᠯᠠᠯ ᠢᠶᠠᠷ ᠤᠤᠭᠠᠨ ᠬᠡᠦᠬᠡᠳ᠂ ᠬᠤᠶᠠᠲᠠᠬᠢ ᠬᠡᠦᠬᠡᠳ᠂ ᠭᠤᠷᠪᠠᠳᠠᠬᠢ ᠬᠡᠦᠬᠡᠳ ᠪᠣᠶᠢᠵᠢᠭᠤᠯᠤᠭᠰᠠᠨ ᠢᠶᠠᠷ ᠨᠡᠮᠡᠭᠦᠷᠢ | ᠬᠦᠷᠲᠡᠨ᠎ᠡ᠂ ᠢᠬᠡᠷ᠎ᠡ ᠪᠠᠷ ᠲᠥᠷᠥᠬᠦ ᠳᠤ ᠭᠤᠷᠪᠠ ᠠᠴᠠ ᠢᠯᠡᠭᠦᠦ ᠲᠥᠷᠥᠭᠰᠡᠨ ᠪᠠᠶᠢᠪᠠᠯ ᠴᠥᠮ ᠭᠤᠷᠪᠠᠨ ᠬᠡᠦᠬᠡᠳ ᠤᠨ ᠪᠠᠷᠢᠮᠵᠢᠶ᠎ᠠ ᠪᠠᠷ ᠲᠣᠰ ᠲᠣᠰ ᠨᠡᠮᠡᠭᠦᠷᠢ | ᠬᠦᠷᠲᠡᠨ᠎ᠡ︔ ᠨᠢᠭᠡᠨᠲᠡ ᠨᠢᠭᠡ ᠬᠡᠦᠬᠡᠳ ᠲᠠᠢ ᠪᠠᠶᠢᠵᠤ ᠳᠠᠬᠢᠨᠲᠠ ᠲᠥᠷᠥᠬᠦ ᠳᠤ ᠢᠬᠡᠷ᠎ᠡ ᠠᠴᠠ ᠢᠯᠡᠭᠦᠦ ᠣᠯᠠᠨ ᠬᠡᠦᠬᠡᠳ ᠲᠥᠷᠥᠭᠰᠡᠨ ᠪᠠᠶᠢᠪᠠᠯ᠂ ᠰᠠᠶ᠋ᠢ | ᠲᠥᠷᠥᠭᠰᠡᠨ ᠬᠡᠦᠬᠡᠳ ᠢ ᠨᠢ ᠬᠡᠦᠬᠡᠳ ᠤᠨ ᠲᠥᠷᠥᠵᠦ ᠭᠠᠷᠤᠭᠰᠠᠨ ᠳᠠᠷᠠᠭᠠᠯᠠᠯ ᠢᠶᠠᠷ ᠬᠤᠶᠠᠳᠠᠬᠢ ᠬᠡᠦᠬᠡᠳ᠂ ᠭᠤᠷᠪᠠᠳᠠᠬᠢ ᠬᠡᠦᠬᠡᠳ ᠪᠣᠶᠢᠵᠢᠭᠤᠯᠤᠭᠰᠠᠨ ᠢᠶᠠᠷ | ᠨᠡᠮᠡᠭᠦᠷᠢ ᠬᠦᠷᠲᠡᠵᠦ᠂ ᠢᠬᠡᠷ᠎ᠡ ᠪᠠᠷ ᠲᠥᠷᠥᠬᠦ ᠳᠤ ᠬᠤᠶᠠᠷ ᠠᠴᠠ ᠢᠯᠡᠭᠦᠦ ᠲᠥᠷᠥᠭᠰᠡᠨ ᠪᠠᠶᠢᠪᠠᠯ ᠴᠥᠮ ᠭᠤᠷᠪᠠᠨ ᠬᠡᠦᠬᠡᠳ ᠤᠨ ᠪᠠᠷᠢᠮᠵᠢᠶ᠎ᠠ ᠪᠠᠷ ᠲᠣᠰ ᠲᠣᠰ | ᠨᠡᠮᠡᠭᠦᠷᠢ ᠭᠥᠷᠳᠡᠵᠦ ᠪᠣᠯᠣᠨ᠎ᠠ︔ ᠨᠢᠭᠡᠨᠲᠡ ᠬᠤᠶᠠᠷ ᠬᠡᠦᠬᠡᠳ ᠲᠠᠢ ᠪᠠᠶᠢᠵᠤ ᠳᠠᠬᠢᠨᠲᠠ ᠲᠥᠷᠬᠦ ᠳᠤ ᠢᠬᠡᠷ᠎ᠡ ᠠᠴᠠ ᠣᠯᠠᠨ ᠬᠡᠦᠬᠡᠳ ᠲᠥᠷᠥᠭᠰᠡᠨ ᠪᠠᠶᠢᠪᠠᠯ᠂ | ᠰᠠᠶ᠋ᠢ ᠲᠥᠷᠥᠭᠰᠡᠨ ᠬᠡᠦᠬᠡᠳ ᠨᠢ ᠴᠥᠮ ᠭᠤᠷᠪᠠᠨ ᠬᠡᠦᠬᠡᠳ ᠤᠨ ᠪᠠᠷᠢᠮᠵᠢᠶ᠎ᠠ ᠪᠠᠷ ᠬᠡᠦᠬᠡᠳ ᠪᠣᠶᠢᠵᠢᠭᠤᠯᠬᠤ ᠨᠡᠮᠡᠭᠦᠷᠢ ᠶᠢ ᠲᠣᠰ ᠲᠣᠰ ᠬᠦᠷᠲᠡᠵᠦ ᠪᠣᠯᠣᠨ᠎ᠠ᠃ | 2. ᠬᠡᠦᠬᠡᠳ ᠤᠳ ᠢᠶᠠᠨ ᠡᠷ᠎ᠡ ᠡᠮ᠎ᠡ ︵ᠣᠷᠤᠭ ᠰᠡᠷᠭᠦᠭᠡᠭᠰᠡᠨ ᠢ ᠪᠠᠭᠲᠠᠭᠠᠨ᠎ᠠ︶ ᠬᠤᠶᠠᠭᠤᠯᠠ ᠥᠪᠡᠷ ᠤᠨ ᠬᠢᠨᠢ ᠲᠥᠷᠥᠭᠰᠡᠨ᠂ ᠬᠠᠤᠯᠢ ᠶᠣᠰᠣ ᠪᠠᠷ | ᠡᠷᠭᠦᠨ ᠲᠡᠵᠢᠭᠡᠭᠰᠡᠨ ᠬᠡᠦᠬᠡᠳ ᠤᠨ ᠲᠤᠭ᠎ᠠ ᠯᠤᠭ᠎ᠠ ᠨᠡᠶᠢᠯᠡᠭᠦᠯᠦᠨ ᠪᠤᠳᠤᠨ᠎ᠠ᠂ ᠭᠡᠪᠡᠴᠦ ᠳᠣᠣᠷᠠᠬᠢ ᠪᠠᠶᠢᠳᠠᠯ ᠢ ᠴᠥᠮ ᠦᠷ᠎ᠡ ᠬᠡᠦᠬᠡᠳ ᠤᠨ ᠬᠢᠨᠢ ᠲᠣᠭᠠᠨ ᠳᠤ | ᠪᠤᠳᠤᠵᠤ ᠣᠷᠣᠭᠤᠯᠬᠤ ᠦᠭᠡᠢ᠄ | ︵1︶ ᠳᠠᠬᠢᠨᠲᠠ ᠤᠷᠤᠭᠯᠠᠭᠰᠠᠨ ᠡᠷ᠎ᠡ ᠡᠮ᠎ᠡ ᠬᠤᠶᠠᠭᠤᠯᠠ ᠶᠢᠨ ᠳᠠᠬᠢᠨᠲᠠ ᠤᠷᠤᠭᠯᠠᠬᠤ ᠠᠴᠠ ᠡᠮᠦᠨ᠎ᠡ ᠲᠥᠷᠥᠭᠰᠡᠨ ᠦᠷ᠎ᠡ ᠬᠡᠦᠬᠡᠳ︔ | ︵2︶ ᠣᠷᠤᠭ ᠤᠨ ᠬᠡᠪ ᠢᠶᠠᠷ ᠪᠠᠶᠢᠭ᠎ᠠ ᠬᠤᠭᠤᠴᠠᠭᠠᠨ ᠳᠤ ᠬᠠᠨᠢ ᠢᠵᠢᠯᠢ ᠠᠴᠠ ᠪᠠᠨ ᠪᠤᠰᠤᠳ ᠬᠥᠮᠥᠨ ᠯᠦᠭᠡ ᠲᠥᠷᠥᠭᠰᠡᠨ ᠦᠷ᠎ᠡ ᠬᠡᠦᠬᠡᠳ᠃ | ᠬᠤᠶᠠᠷ᠂ ᠨᠡᠮᠡᠭᠦᠷᠢ ᠣᠯᠭᠤᠬᠤ ᠪᠠᠷᠢᠮᠵᠢᠶ᠎ᠠ | ︵ᠨᠢᠭᠡ︶ ᠨᠡᠮᠡᠭᠦᠷᠢ ᠣᠯᠭᠤᠬᠤ ᠪᠡᠯᠡ ᠮᠥᠩᠭᠦᠨ ᠤ ᠲᠤᠭ᠎ᠠ ᠵᠢᠴᠢ ᠦᠶᠡᠯᠡᠯ | 1. ᠨᠢᠭᠡ ᠬᠡᠦᠬᠡᠳ ᠲᠥᠷᠥᠭᠰᠡᠨ ᠪᠠᠶᠢᠪᠠᠯ ᠨᠢᠭᠡ ᠯᠡ ᠤᠳᠠᠭ᠎ᠠ ᠳᠤ 10000 ᠲᠥᠭᠦᠷᠢᠭ ᠤᠨ ᠬᠡᠦᠬᠡᠳ ᠪᠣᠶᠢᠵᠢᠭᠤᠯᠬᠤ ᠨᠡᠮᠡᠭᠦᠷᠢ ᠣᠯᠭᠤᠨ᠎ᠠ︔ | 2. ᠬᠤᠶᠠᠷ ᠬᠡᠦᠬᠡᠳ ᠲᠥᠷᠥᠭᠰᠡᠨ ᠪᠠᠶᠢᠪᠠᠯ 50000 ᠲᠥᠭᠦᠷᠢᠭ ᠤᠨ ᠬᠡᠦᠬᠡᠳ ᠪᠣᠶᠢᠵᠢᠭᠤᠯᠬᠤ ᠨᠡᠮᠡᠭᠦᠷᠢ ᠶᠢ ᠵᠢᠯ ᠪᠦᠷᠢ 10000 ᠲᠥᠭᠦᠷᠢᠭ ᠢᠶᠠᠷ | ᠬᠡᠦᠬᠡᠳ ᠨᠢ ᠪᠦᠬᠦᠯᠢ 5 ᠨᠠᠰᠤ ᠪᠣᠯᠲᠠᠯ᠎ᠠ ᠣᠯᠭᠤᠨ᠎ᠠ︔ | 3.ᠭᠤᠷᠪᠠ ᠵᠢᠴᠢ ᠭᠤᠷᠪᠠ ᠠᠴᠠ ᠢᠯᠡᠭᠦᠦ ᠬᠡᠦᠬᠡᠳ ᠲᠥᠷᠥᠭᠰᠡᠨ ᠪᠠᠶᠢᠪᠠᠯ 100000 ᠲᠥᠭᠦᠷᠢᠭ ᠤᠨ ᠬᠡᠦᠬᠡᠳ ᠪᠣᠶᠢᠵᠢᠭᠤᠯᠬᠤ ᠨᠡᠮᠡᠭᠦᠷᠢ ᠶᠢ ᠵᠢᠯ | ᠪᠦᠷᠢ 10000 ᠲᠥᠭᠦᠷᠢᠭ ᠢᠶᠠᠷ ᠬᠡᠦᠬᠡᠳ ᠨᠢ ᠪᠦᠬᠦᠯᠢ 10 ᠨᠠᠰᠤ ᠪᠣᠯᠲᠠᠯ᠎ᠠ ᠣᠯᠭᠤᠨ᠎ᠠ᠃ | ︵ᠬᠤᠶᠠᠷ︶ ᠨᠡᠮᠡᠭᠦᠷᠢ ᠶᠢ ᠪᠣᠳᠣᠵᠤ ᠣᠯᠭᠤᠬᠤ ᠴᠠᠭ ᠢ ᠨᠢ ᠨᠤᠲᠠᠯᠠᠨ ᠲᠣᠭᠲᠠᠭᠠᠬᠤ | 1. ᠬᠡᠦᠬᠡᠳ ᠲᠥᠷᠥᠭᠰᠡᠨ ᠤ ᠳᠠᠷᠠᠭ᠎ᠠ᠂ ᠬᠡᠦᠬᠡᠳ ᠤᠨ ᠡᠷᠦᠬᠡ ᠠᠮᠠ ᠶᠢᠨ ᠳᠠᠩᠰᠠ ᠶᠢ ᠨᠢ ᠲᠡᠷᠢᠭᠦᠨ ᠤᠳᠠᠭ᠎ᠠ ᠣᠷᠣᠭᠤᠯᠤᠭᠰᠠᠨ ᠭᠠᠵᠠᠷ ᠨᠢ | ᠬᠥᠬᠡᠬᠤᠲᠠ ᠪᠠᠶᠢᠪᠠᠯ᠂ ᠲᠥᠷᠥᠭᠰᠡᠨ ᠣᠨ ᠢᠶᠠᠷ ᠨᠢ ᠬᠡᠦᠬᠡᠳ ᠪᠣᠶᠢᠵᠢᠭᠤᠯᠬᠤ ᠨᠡᠮᠡᠭᠦᠷᠢ ᠪᠣᠳᠣᠵᠤ ᠣᠯᠭᠤᠨ᠎ᠠ︔ | 2. ᠬᠡᠦᠬᠡᠳ ᠨᠢ ᠦᠬᠦᠭᠰᠡᠨ ᠪᠤᠶᠤ ᠡᠷᠦᠬᠡ ᠠᠮᠠ ᠶᠢᠨ ᠲᠠᠩᠰᠠ ᠶᠢ ᠨᠢ ᠬᠥᠬᠡᠬᠤᠲᠠ ᠠᠴᠠ ᠰᠢᠯᠵᠢᠭᠦᠯᠦᠭᠰᠡᠨ ᠪᠠᠶᠢᠪᠠᠯ᠂ ᠳᠠᠷᠠᠭ᠎ᠠ ᠵᠢᠯ ᠳᠤ ᠨᠢ ᠬᠡᠦᠬᠡᠳ | ᠪᠣᠶᠢᠵᠢᠭᠤᠯᠬᠤ ᠨᠡᠮᠡᠭᠦᠷᠢ ᠣᠯᠭᠤᠬᠤ ᠶᠢ ᠵᠣᠭᠰᠣᠭᠠᠨ᠎ᠠ᠃ | ︵ᠭᠤᠷᠪᠠ︶ ᠳᠣᠣᠷᠠᠬᠢ ᠪᠠᠶᠢᠳᠠᠯ ᠳᠤ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠦᠷᠡᠵᠢᠯ ᠢ ᠳᠡᠮᠵᠢᠬᠦ ᠲᠥᠷᠥ ᠶᠢᠨ ᠪᠣᠳᠣᠯᠭ᠎ᠠ ᠶᠢᠨ | ᠲᠣᠭᠲᠠᠯᠴᠠᠭ᠎ᠠ ᠶᠢ ᠲᠦᠷᠭᠡᠳᠬᠡᠨ ᠲᠡᠭᠦᠯᠳᠡᠷᠵᠢᠭᠦᠯᠵᠦ ᠦᠷᠡᠵᠢᠯ ᠳᠤ ᠨᠥᠬᠦᠷᠰᠡᠭ ᠨᠡᠶᠢᠭᠡᠮ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠬᠤ ᠶᠢᠨ ᠬᠡᠷᠡᠭᠵᠢᠭᠦᠯᠬᠦ | ᠲᠥᠰᠥᠯ ᠢ ᠳᠠᠷᠤᠮᠠᠯᠯᠠᠨ ᠶᠠᠪᠤᠭᠤᠯᠬᠤ ᠲᠤᠬᠠᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠨ | ᠲᠢᠩᠬᠢᠮ ᠤᠨ ᠮᠡᠳᠡᠭᠳᠡᠯ︾ ︵ᠥᠪᠥᠷ ᠵᠠᠰᠠᠭ ᠠᠯᠪᠠᠨ ᠲᠠᠷᠬᠠᠭᠠᠭᠰᠠᠨ ﹇2025﹈ 6 ᠳ᠋ᠤᠭᠠᠷ ᠲᠣᠭᠠᠲᠤ︶ ᠤᠨ ᠲᠣᠭᠲᠠᠭᠠᠯ ᠤᠨ ᠪᠠᠷᠢᠮᠵᠢᠶ᠎ᠠ ᠶᠣᠰᠣᠭᠠᠷ | ᠨᠡᠮᠡᠭᠦᠷᠢ ᠭᠥᠷᠳᠡᠨ᠎ᠡ᠄ | 1. 2025 ᠣᠨ ᠤ 1 ᠳ᠋ᠦ᠋ᠭᠡᠷ ᠰᠠᠷ᠎ᠠ ᠶᠢᠨ 1 ᠤ ᠡᠳᠦᠷ ︵1 ᠳ᠋ᠦ᠋ᠭᠡᠷ ᠰᠠᠷ᠎ᠠ ᠶᠢᠨ 1 ᠤ ᠡᠳᠦᠷ ᠢ ᠪᠠᠭᠲᠠᠭᠠᠨ᠎ᠠ︶ ᠠᠴᠠ 2 ᠳ᠋ᠤᠭᠠᠷ ᠰᠠᠷ᠎ᠠ ᠶᠢᠨ 28 ᠤ | ᠡᠳᠦᠷ ︵2 ᠳ᠋ᠤᠭᠠᠷ ᠰᠠᠷ᠎ᠠ ᠶᠢᠨ 28 ᠤ ᠡᠳᠦᠷ ᠢ ᠪᠠᠭᠲᠠᠭᠠᠨ᠎ᠠ︶ ᠶᠢᠨ ᠬᠤᠭᠤᠷᠣᠨᠳᠤ ᠲᠥᠷᠥᠭᠰᠡᠨ︔ | 2. ᠰᠠᠶ᠋ᠢ ᠲᠥᠷᠥᠭᠰᠡᠨ ᠬᠡᠦᠬᠡᠳ ᠤᠨ ᠡᠷᠦᠬᠡ ᠠᠮᠠ ᠶᠢᠨ ᠳᠠᠩᠰᠠ ᠶᠢ ᠨᠢ ᠬᠥᠬᠡᠬᠤᠲᠠ ᠳᠤ ᠲᠡᠷᠢᠭᠦᠨ ᠤᠳᠠᠭ᠎ᠠ ᠣᠷᠣᠭᠤᠯᠤᠭᠰᠠᠨ ᠪᠢᠰᠢ᠂ ᠡᠷᠦᠬᠡ | ᠠᠮᠠ ᠶᠢᠨ ᠲᠠᠩᠰᠠ ᠶᠢ ᠨᠢ ᠭᠠᠳᠠᠷ ᠣᠷᠣᠨ ᠠᠴᠠ ᠨᠡᠭᠦᠯᠭᠡᠨ ᠣᠷᠣᠭᠤᠯᠤᠭᠰᠠᠨ᠃ | ᠭᠤᠷᠪᠠ᠂ ᠭᠤᠶᠤᠴᠢᠯᠠᠨ ᠮᠡᠳᠡᠭᠦᠯᠵᠦ ᠬᠢᠨᠠᠨ ᠬᠠᠷᠭᠤᠭᠤᠯᠬᠤ | ︵ᠨᠢᠭᠡ︶ ︽ᠭᠤᠶᠤᠴᠢᠯᠠᠨ ᠮᠡᠳᠡᠭᠦᠯᠬᠦ ᠦᠭᠡᠢ ᠪᠠᠷ ᠬᠦᠷᠲᠡᠬᠦ︾ ᠬᠢᠷᠢ ᠬᠡᠮ ᠢ ᠨᠤᠲᠠᠯᠠᠨ ᠲᠣᠭᠲᠠᠭᠠᠬᠤ | ᠬᠡᠦᠬᠡᠳ ᠤᠨ ᠡᠷᠦᠬᠡ ᠠᠮᠠ ᠶᠢᠨ ᠳᠠᠩᠰᠠ ᠶᠢ ᠨᠢ ᠬᠥᠬᠡᠬᠤᠲᠠ ᠳᠤ ᠲᠡᠷᠢᠭᠦᠨ ᠤᠳᠠᠭ᠎ᠠ ᠣᠷᠣᠭᠤᠯᠤᠭᠰᠠᠨ ᠤ ᠳᠠᠷᠠᠭ᠎ᠠ᠂ ᠡᠩ ᠲᠡᠷᠢᠭᠦᠨ ᠳᠤ ︽ | ᠭᠤᠶᠤᠴᠢᠯᠠᠨ ᠮᠡᠳᠡᠭᠦᠯᠬᠦ ᠦᠭᠡᠢ ᠪᠠᠷ ᠬᠦᠷᠲᠡᠬᠦ︾ ᠬᠢᠷᠢ ᠬᠡᠮ ᠢ ᠨᠤᠲᠠᠯᠠᠨ ᠲᠣᠭᠲᠠᠭᠠᠵᠤ᠂ ᠮᠡᠳᠡᠭᠡ ᠵᠠᠩᠭᠢᠴᠢᠯᠠᠯᠲᠠ ᠶᠢᠨ ᠠᠷᠭ᠎ᠠ ᠪᠠᠷ ᠣᠯᠠᠨ ᠲᠦᠮᠡᠨ ᠤ | ᠨᠡᠮᠡᠭᠦᠷᠢ ᠭᠤᠶᠤᠴᠢᠯᠠᠬᠤ ᠬᠢᠷᠢ ᠬᠡᠮ ᠢ ᠠᠦ᠋ᠲ᠋ᠣ᠋ ᠬᠢᠨᠠᠨ ᠬᠠᠷᠭᠤᠭᠤᠯᠵᠤ᠂ ᠬᠢᠨᠠᠨ ᠬᠠᠷᠭᠤᠭᠤᠯᠵᠤ ᠵᠥᠪᠰᠢᠶᠡᠷᠡᠭᠰᠡᠨ ᠪᠠᠶᠢᠪᠠᠯ ᠣᠬᠤᠷ ᠮᠡᠳᠡᠭᠡ ᠪᠠᠷ ᠣᠯᠠᠨ | ᠲᠦᠮᠡᠨ ᠳᠤ ᠨᠡᠮᠡᠭᠦᠷᠢ ᠣᠯᠭᠤᠬᠤ ᠠᠷᠭ᠎ᠠ ᠮᠠᠶ᠋ᠢᠭ ᠢ ᠮᠡᠳᠡᠭᠳᠡᠨ᠎ᠡ᠃ | ︵ᠬᠤᠶᠠᠷ︶ ᠬᠢᠷᠢ ᠬᠡᠮ ᠢᠶᠠᠨ ᠨᠤᠲᠠᠯᠠᠨ ᠲᠣᠭᠲᠠᠭᠠᠯᠭᠠᠬᠤ ᠪᠠᠷ ᠰᠠᠨᠠᠭᠠᠴᠢᠯᠠᠭ᠎ᠠ ᠠᠴᠠ ᠪᠠᠨ ᠭᠤᠶᠤᠴᠢᠯᠠᠬᠤ | 1. ᠭᠡᠷ ᠪᠦᠯᠢ ᠶᠢᠨ ᠬᠢᠨ ᠤ ᠭᠤᠶᠤᠴᠢᠯᠠᠯ᠃ ᠣᠯᠠᠨ ᠲᠦᠮᠡᠨ ᠪᠠᠰᠠ ᠰᠦᠯᠵᠢᠶᠡᠨ ᠳᠡᠭᠡᠷᠡᠬᠢ ᠭᠤᠶᠤᠴᠢᠯᠠᠬᠤ ᠠᠷᠭ᠎ᠠ ᠪᠠᠷ ᠬᠢᠷᠢ ᠬᠡᠮ ᠢᠶᠠᠨ | ᠨᠤᠲᠠᠯᠠᠭᠤᠯᠤᠨ ᠲᠣᠭᠲᠠᠭᠠᠯᠭᠠᠵᠤ ᠪᠣᠯᠣᠨ᠎ᠠ᠃ ᠬᠡᠦᠬᠡᠳ ᠤᠨ ᠡᠷᠦᠬᠡ ᠠᠮᠠ ᠶᠢᠨ ᠳᠠᠩᠰᠠ ᠶᠢ ᠨᠢ ᠬᠥᠬᠡᠬᠤᠲᠠ ᠳᠤ ᠲᠡᠷᠢᠭᠦᠨ ᠤᠳᠠᠭ᠎ᠠ ᠣᠷᠣᠭᠤᠯᠤᠭᠰᠠᠨ ᠤ | ᠳᠠᠷᠠᠭ᠎ᠠ᠂ ᠬᠥᠩᠭᠡᠵᠢᠭᠴᠢ ᠨᠢ ᠬᠥᠩᠭᠡᠵᠢᠭᠦᠯᠬᠦ ᠪᠠᠶᠢᠭᠤᠯᠤᠮᠵᠢ᠂ ᠳᠣᠲᠣᠭᠠᠳᠤ ᠶᠢ ᠬᠠᠮᠠᠭᠠᠯᠠᠬᠤ ᠰᠠᠯᠠᠭ᠎ᠠ ᠮᠥᠴᠢᠷ ᠤᠨ ᠡᠷᠦᠬᠡ ᠠᠮᠠ ᠶᠢᠨ ᠳᠠᠩᠰᠠ ᠣᠷᠣᠭᠤᠯᠬᠤ | ᠴᠣᠩᠬᠤᠪᠴᠢ᠂ ᠨᠡᠶᠢᠭᠡᠮ ᠲᠣᠭᠤᠷᠢᠭ / ᠲᠣᠰᠬᠤᠨ ︵ᠰᠠᠭᠤᠭᠠᠯᠢ ᠠᠷᠠᠳ︶ ᠤ ᠵᠥᠪᠯᠡᠯ᠂ ︽ᠠᠢ ᠴᠢᠩ ᠴᠧᠩ︾ ᠨᠡᠶᠢᠲᠡ ᠶᠢᠨ ᠳ᠋ᠤᠭᠠᠷ᠂ ︽ᠡᠷᠡᠭᠦᠯ ᠮᠡᠨᠳᠦ | ᠬᠥᠬᠡᠬᠤᠲᠠ︾ ᠵᠢᠵᠢᠭ ᠫᠷᠣᠭ᠍ᠷᠠᠮ ᠵᠡᠷᠭᠡ ᠣᠯᠠᠨ ᠠᠷᠭ᠎ᠠ ᠵᠠᠮ ᠢᠶᠠᠷ ᠲᠤᠰᠬᠠᠢ ᠬᠤᠶᠠᠷ ᠬᠡᠮᠵᠢᠯᠲᠦ ᠺᠣᠳ᠋ ᠢ ᠰᠢᠷᠪᠢᠨ ᠭᠤᠶᠤᠴᠢᠯᠠᠯ ᠢᠶᠠᠨ ᠲᠤᠰᠢᠶᠠᠵᠤ᠂ ᠬᠠᠮᠢᠶ᠎ᠠ | ᠪᠦᠬᠦᠢ ᠮᠠᠲ᠋ᠧᠷᠢᠶᠠᠯ ᠢ ᠳᠡᠭᠡᠭᠰᠢ ᠳᠠᠮᠵᠢᠭᠤᠯᠬᠤ ᠶᠢᠨ ᠬᠠᠮᠲᠤ ᠳᠡᠪᠰᠢᠭᠦᠯᠦᠭᠰᠡᠨ ᠮᠡᠳᠡᠭᠡ ᠵᠠᠩᠭᠢ ᠪᠠᠨ ᠦᠨᠡᠨ ᠪᠣᠳᠠᠲᠠᠢ ᠮᠥᠷᠲᠡᠭᠡᠨ ᠬᠦᠴᠦᠨ ᠲᠠᠢ᠂ ᠬᠠᠤᠯᠢ | ᠴᠠᠭᠠᠵᠠ ᠶᠢᠨ ᠬᠠᠷᠢᠭᠤᠴᠠᠯᠭ᠎ᠠ ᠶᠢ ᠰᠠᠶᠢᠨ ᠳᠤᠷ᠎ᠠ ᠠᠴᠠ ᠪᠠᠨ ᠡᠭᠦᠷᠭᠡᠯᠡᠨ᠎ᠡ ᠭᠡᠵᠦ ᠠᠮᠠᠯᠠᠨ᠎ᠠ᠃ ᠪᠣᠳᠠᠲᠠᠢ ᠮᠠᠲ᠋ᠧᠷᠢᠶᠠᠯ ᠨᠢ ᠳᠣᠣᠷᠠᠬᠢ ᠮᠡᠲᠦ᠄ | 1︶ ᠡᠷ᠎ᠡ ᠡᠮ᠎ᠡ ᠬᠤᠶᠠᠭᠤᠯᠠ ᠶᠢᠨ ᠡᠷᠦᠬᠡ ᠠᠮᠠ ᠶᠢᠨ ᠳᠠᠩᠰᠠᠨ ᠳᠡᠪᠲᠡᠷ ︵ᠲᠡᠷᠢᠭᠦᠨ ᠬᠠᠭᠤᠳᠠᠰᠤ᠂ ᠲᠣᠰ ᠬᠥᠮᠥᠨ ᠤ ᠲᠡᠮᠳᠡᠭᠯᠡᠯ ᠲᠠᠢ ᠬᠠᠭᠤᠳᠠᠰᠤ︶ | ᠤᠨ ᠤᠭ ᠳᠡᠪᠲᠡᠷ᠂ ᠪᠡᠶ᠎ᠡ ᠶᠢᠨ ᠦᠨᠡᠮᠯᠡᠯ ︵ᠠᠷᠤ ᠡᠮᠦᠨ᠎ᠡ ᠨᠢᠭᠤᠷ︶ ᠤᠨ ᠤᠭ ᠦᠨᠡᠮᠯᠡᠯ᠂ ᠣᠷᠤᠭ ᠤᠨ ᠪᠠᠲᠤᠯᠠᠪᠤᠷᠢ ᠶᠢᠨ ᠤᠭ ᠳᠡᠪᠲᠡᠷ︔ | 2︶ ᠭᠡᠷ ᠪᠦᠯᠢ ᠶᠢᠨ ᠪᠥᠬᠦ ᠦᠷ᠎ᠡ ᠬᠡᠦᠬᠡᠳ ᠤᠨ ᠬᠢᠨᠢ ᠡᠷᠦᠬᠡ ᠠᠮᠠ ᠶᠢᠨ ᠳᠠᠩᠰᠠᠨ ᠳᠡᠪᠲᠡᠷ ︵ᠲᠡᠷᠢᠭᠦᠨ ᠬᠠᠭᠤᠳᠠᠰᠤ᠂ ᠲᠣᠰ ᠬᠥᠮᠥᠨ ᠤ ᠲᠡᠮᠳᠡᠭᠯᠡᠯ | ᠲᠠᠢ ᠬᠠᠭᠤᠳᠠᠰᠤ︶ ᠤᠨ ᠤᠭ ᠳᠡᠪᠲᠡᠷ᠂ ᠪᠥᠬᠦ ᠦᠷ᠎ᠡ ᠬᠡᠦᠬᠡᠳ ᠤᠨ ᠬᠢᠨᠢ ᠲᠥᠷᠥᠭᠰᠡᠨ ᠤ ᠠᠨᠠᠭᠠᠬᠤ ᠶᠢᠨ ᠭᠡᠷᠡᠴᠢ ᠶᠢᠨ ᠤᠭ ᠮᠠᠲ᠋ᠧᠷᠢᠶᠠᠯ︔ | 3︶ ᠬᠥᠬᠡᠬᠤᠲᠠ ᠶᠢᠨ ᠬᠡᠪᠴᠢᠶᠡᠨ ᠳᠠᠬᠢ ᠥᠪᠡᠷ ᠤᠨ ᠣᠷᠣᠨ ᠰᠠᠭᠤᠴᠠ ᠭᠡᠷ ᠪᠠᠶᠢᠰᠢᠩ ᠤᠨ ᠥᠮᠴᠢᠯᠡᠯ ᠤᠨ ᠡᠷᠬᠡ ᠶᠢᠨ ᠦᠨᠡᠮᠯᠡᠯ ︵ᠥᠯᠥ ᠬᠥᠳᠡᠯᠬᠦ | ᠬᠥᠷᠥᠩᠭᠡ ᠶᠢᠨ ᠳᠠᠩᠰᠠᠯᠠᠨ ᠲᠡᠮᠳᠡᠭᠯᠡᠭᠦᠯᠦᠭᠰᠡᠨ ᠦᠨᠡᠮᠯᠡᠯ︶ ᠪᠤᠶᠤ ᠰᠦᠯᠵᠢᠶᠡᠨ ᠳᠡᠭᠡᠷ᠎ᠡ ᠭᠠᠷ ᠤᠨ ᠥᠰᠥᠭ ᠵᠢᠷᠤᠭᠰᠠᠨ ᠤᠭ ᠮᠠᠲ᠋ᠧᠷᠢᠶᠠᠯ ︵ᠭᠡᠷ | ᠪᠠᠶᠢᠰᠢᠩ ᠤᠨ ᠮᠡᠳᠡᠭᠡ ᠵᠠᠩᠭᠢ ᠪᠦᠬᠦᠢ ᠬᠠᠭᠤᠳᠠᠰᠤ ᠪᠠ ᠬᠤᠶᠠᠷ ᠲᠠᠯ᠎ᠠ ᠪᠠᠷ ᠢᠶᠠᠨ ᠭᠠᠷ ᠤᠨ ᠥᠰᠥᠭ ᠵᠢᠷᠤᠵᠤ ᠲᠠᠮᠠᠭ᠎ᠠ ᠳᠠᠷᠤᠭᠰᠠᠨ ᠬᠠᠭᠤᠳᠠᠰᠤ ᠪᠠᠨ | ᠰᠦᠯᠵᠢᠶ᠎ᠡ ᠪᠠᠷ ᠢᠯᠡᠭᠡᠨ᠎ᠡ︶︔ ᠳᠡᠭᠡᠷ᠎ᠡ ᠳᠤᠷᠠᠳᠤᠭᠰᠠᠨ ᠦᠨᠡᠮᠯᠡᠯ ᠢ ᠬᠠᠩᠭᠠᠵᠤ ᠳᠡᠶᠢᠯᠬᠦ ᠦᠭᠡᠢ ᠪᠣᠯ ᠲᠣᠰ ᠵᠢᠯ ᠪᠤᠶᠤ ᠳᠡᠭᠡᠷ᠎ᠡ ᠨᠢᠭᠡ ᠵᠢᠯ ᠳᠠᠬᠢ | ᠬᠥᠬᠡᠬᠤᠲᠠ ᠶᠢᠨ ᠬᠡᠪᠴᠢᠶᠡᠨ ᠳᠤ ᠡᠮᠴᠢᠯᠡᠭᠡᠨ ᠤ ᠳᠠᠭᠠᠳᠬᠠᠯ ᠤᠨ ᠰᠦᠢᠳᠬᠡᠯ ᠲᠤᠰᠢᠶᠠᠭᠰᠠᠨ ᠲᠡᠮᠳᠡᠭᠯᠡᠯ ᠢᠶᠠᠨ ᠬᠠᠩᠭᠠᠵᠤ ᠪᠣᠯᠣᠨ᠎ᠠ︔ | 4︶ ᠬᠡᠦᠬᠡᠳ ᠡᠷᠭᠦᠨ ᠲᠡᠵᠢᠭᠡᠭᠰᠡᠨ ᠭᠡᠷ ᠪᠦᠯᠢ ᠨᠢ ᠬᠠᠤᠯᠢ ᠶᠣᠰᠣᠨ ᠤ ᠡᠷᠭᠦᠨ ᠲᠡᠵᠢᠭᠡᠭᠰᠡᠨ ᠦᠨᠡᠮᠯᠡᠯ ᠤᠨ ᠤᠭ ᠦᠨᠡᠮᠯᠡᠯ ᠢ ᠲᠤᠰᠢᠶᠠᠬᠤ ᠬᠡᠷᠡᠭᠲᠡᠢ᠃ | ᠬᠠᠨᠢ ᠢᠵᠢᠯᠢ ᠶᠢᠨ ᠬᠢᠨᠢ ᠨᠢᠭᠡ ᠨᠢ ᠨᠠᠰᠤ ᠨᠥᠭᠴᠢᠭᠰᠡᠨ ᠭᠡᠷ ᠪᠦᠯᠢ ᠨᠢ ᠨᠠᠰᠤ ᠨᠥᠭᠴᠢᠭᠰᠡᠨ ᠨᠥᠭᠦᠭᠡ ᠶᠢᠨ ᠢᠶᠠᠨ ᠨᠠᠰᠤ ᠨᠥᠭᠴᠢᠭᠰᠡᠨ ᠭᠡᠷᠡᠴᠢ ᠶᠢ | ᠲᠤᠰᠢᠶᠠᠬᠤ ᠬᠡᠷᠡᠭᠲᠡᠢ᠃ ᠤᠷᠤᠭ ᠰᠠᠯᠤᠭᠰᠠᠨ ᠭᠡᠷ ᠪᠦᠯᠢ ᠨᠢ ᠡᠷ᠎ᠡ ᠡᠮ᠎ᠡ ᠬᠤᠶᠠᠷ ᠲᠠᠯ᠎ᠠ ᠶᠢᠨ ᠭᠠᠷ ᠤᠨ ᠦᠰᠦᠭ ᠵᠢᠷᠤᠭᠰᠠᠨ ᠠᠰᠠᠷᠠᠵᠤ ᠲᠡᠵᠢᠭᠡᠬᠦ | ᠢᠯᠡᠷᠬᠡᠶᠢᠯᠡᠯᠲᠡ ᠪᠠ ᠤᠷᠤᠭ ᠰᠠᠯᠬᠤ ᠵᠥᠪᠯᠡᠯᠴᠡᠭᠡᠷ ᠪᠤᠶᠤ ᠰᠢᠭᠦᠬᠦ ᠬᠤᠷᠢᠶᠠᠨ ᠤ ᠭᠠᠷᠭᠠᠵᠤ ᠥᠭᠭᠦᠭᠰᠡᠨ ᠤᠷᠤᠭ ᠰᠠᠯᠤᠭᠰᠠᠨ ᠲᠠᠰᠤᠯᠤᠯᠲᠠ ᠶᠢᠨ ᠪᠢᠴᠢᠭ ᠢ | ᠲᠤᠰᠢᠶᠠᠬᠤ ᠴᠢᠬᠤᠯᠠᠲᠠᠢ᠃ | 2. ᠱᠠᠲᠤ ᠱᠠᠲᠤ ᠪᠠᠷ ᠬᠢᠨᠠᠨ ᠬᠠᠷᠭᠤᠭᠤᠯᠤᠨ᠎ᠠ᠃ ᠬᠤᠰᠢᠭᠤ ᠰᠢᠶᠠᠨ ᠲᠣᠭᠤᠷᠢᠭ᠂ ᠰᠢᠶᠠᠩ ᠪᠠᠯᠭᠠᠰᠤ ︵ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ | ᠭᠠᠵᠠᠷ︶᠂ ᠲᠣᠰᠬᠤᠨ ︵ᠰᠠᠭᠤᠭᠠᠯᠢ ᠠᠷᠠᠳ︶ ᠤ ᠵᠥᠪᠯᠡᠯ ᠵᠢᠯ ᠪᠦᠷᠢ ᠶᠢᠨ 5 ᠳ᠋ᠤᠭᠠᠷ ᠰᠠᠷ᠎ᠠ ᠪᠠ 11 ᠳ᠋ᠦ᠋ᠭᠡᠷ ᠰᠠᠷ᠎ᠠ ᠳᠤ ᠳᠣᠣᠷᠠᠳᠤ ᠱᠠᠲᠤᠨ ᠠᠴᠠ | ᠳᠡᠭᠡᠳᠦ ᠱᠠᠲᠤ ᠲᠡᠶᠢᠰᠢ ᠬᠢᠨᠠᠨ ᠬᠠᠷᠭᠤᠭᠤᠯᠤᠨ᠎ᠠ᠃ | 3. ᠬᠤᠶᠠᠷᠳᠠᠬᠢ ᠬᠡᠦᠬᠡᠳ᠂ ᠭᠤᠷᠪᠠᠳᠠᠬᠢ ᠬᠡᠦᠬᠡᠳ ᠵᠢᠴᠢ ᠡᠭᠦᠨ ᠠᠴᠠ ᠢᠯᠡᠭᠦᠦ ᠪᠠᠶᠢᠭ᠎ᠠ ᠬᠡᠦᠬᠡᠳ ᠪᠣᠶᠢᠵᠢᠭᠤᠯᠬᠤ ᠨᠡᠮᠡᠭᠦᠷᠢ ᠶᠢ ᠵᠢᠯ ᠬᠤᠪᠢᠶᠠᠨ | ᠣᠯᠭᠤᠬᠤ ᠳᠤ᠂ ᠭᠤᠶᠤᠴᠢᠯᠠᠭᠴᠢ ᠨᠢ ᠳᠠᠷᠠᠭ᠎ᠠ ᠨᠢᠭᠡ ᠵᠢᠯ ᠤᠨ ᠲᠥᠪᠯᠡᠷᠡᠭᠦᠯᠦᠨ ᠬᠢᠨᠠᠵᠤ ᠬᠠᠷᠭᠤᠭᠤᠯᠬᠤ ᠬᠤᠭᠤᠴᠠᠭᠠᠨ ᠳᠤ ︽ᠣᠨ ᠤ ᠬᠢᠨᠠᠨ ᠬᠠᠷᠭᠤᠭᠤᠯᠬᠤ | ︾ ᠭᠤᠶᠤᠴᠢᠯᠠᠯ ᠢᠶᠠᠨ ᠳᠡᠪᠰᠢᠭᠦᠯᠦᠨ᠎ᠡ᠂ ᠳᠠᠬᠢᠵᠤ ᠮᠡᠳᠡᠭᠡ ᠵᠠᠩᠭᠢ ᠶᠢᠨ ᠲᠠᠭᠯᠠᠨ ᠪᠢᠴᠢᠬᠦ ᠪᠠ ᠮᠠᠲ᠋ᠧᠷᠢᠶᠠᠯ ᠢᠶᠠᠨ ᠳᠡᠭᠡᠭᠰᠢ ᠳᠠᠮᠵᠢᠭᠤᠯᠬᠤ ᠴᠢᠬᠤᠯᠠ ᠦᠭᠡᠢ᠃ | ᠳᠥᠷᠪᠡ᠂ ᠪᠡᠯᠡ ᠮᠥᠩᠭᠦ ᠣᠯᠭᠤᠬᠤ | ᠬᠡᠦᠬᠡᠳ ᠪᠣᠶᠢᠵᠢᠭᠤᠯᠬᠤ ᠨᠡᠮᠡᠭᠦᠷᠢ ᠶᠢᠨ ᠲᠥᠷᠥᠯ ᠵᠦᠢᠯ ᠢ ᠲᠣᠭᠲᠠᠭᠰᠠᠨ ᠪᠡᠯᠡ ᠮᠥᠩᠭᠦ ᠣᠯᠭᠤᠬᠤ ᠠᠷᠭ᠎ᠠ ᠵᠠᠮ ᠢᠶᠠᠷ ᠣᠯᠭᠤᠨ᠎ᠠ᠂ ᠭᠤᠶᠤᠴᠢᠯᠠᠨ | ᠮᠡᠳᠡᠭᠦᠯᠬᠦ ᠦᠭᠡᠢ ᠪᠠᠷ ᠬᠦᠷᠲᠡᠬᠦ ᠪᠠ ᠬᠤᠪᠢ ᠬᠥᠮᠥᠨ ᠤ ᠭᠤᠶᠤᠴᠢᠯᠠᠯ ᠢ ᠬᠢᠨᠠᠨ ᠬᠠᠷᠭᠤᠭᠤᠯᠵᠤ ᠵᠥᠪᠰᠢᠶᠡᠷᠡᠭᠰᠡᠨ ᠤ ᠳᠠᠷᠠᠭ᠎ᠠ ᠵᠢᠯ ᠪᠦᠷᠢ ᠶᠢᠨ 7 ᠳ᠋ᠤᠭᠠᠷ | ᠰᠠᠷ᠎ᠠ᠂ 1 ᠳ᠋ᠦ᠋ᠭᠡᠷ ᠰᠠᠷ᠎ᠠ ᠳᠤ ᠬᠤᠶᠠᠷ ᠤᠳᠠᠭ᠎ᠠ ᠣᠯᠭᠤᠨ᠎ᠠ᠃ | | | | | |