ᠳᠤᠮᠳᠠᠳᠤ ᠤᠯᠤᠰ ᠤᠨ ᠲᠡᠮᠦᠷ ᠵᠠᠮ ᠤᠨ ᠬᠥᠬᠡᠬᠤᠲᠠ ᠶᠢᠨ ᠲᠣᠪᠴᠢᠶ᠎ᠠ ᠠᠶᠠᠨᠴᠢᠳ ᠢ 78.4 ᠲᠦᠮᠡᠨ ᠬᠥᠮᠦᠨ ᠤᠳᠠᠭ᠎ᠠ ᠬᠦᠷᠭᠡᠪᠡ
ᠨᠡᠶᠢᠲᠡᠯᠡᠭᠰᠡᠨ ᠴᠠᠭ᠄
2025/2/6
    ︵ᠰᠤᠷᠪᠤᠯᠵᠢᠯᠠᠭᠴᠢ ᠶᠦᠨ ᠶᠠᠨ ᠹᠠᠩ︶ ᠰᠤᠷᠪᠤᠯᠵᠢᠯᠠᠭᠴᠢ 2 ᠳ᠋ᠤᠭᠠᠷ ᠰᠠᠷ᠎ᠠ ᠶᠢᠨ 5 ᠤ ᠡᠳᠦᠷ ᠳᠤᠮᠳᠠᠳᠤ ᠤᠯᠤᠰ ᠤᠨ ᠲᠡᠮᠦᠷ ᠵᠠᠮ ᠤᠨ ᠬᠥᠬᠡᠬᠤᠲᠠ ᠶᠢᠨ ᠲᠣᠪᠴᠢᠶ᠎ᠠ ᠶᠢᠨ ᠪᠦᠯᠦᠭᠯᠡᠯ ᠤᠨ ᠬᠢᠵᠠᠭᠠᠷᠲᠤ ᠺᠣᠮᠫᠠᠨᠢ ᠠᠴᠠ ᠣᠶᠢᠯᠠᠭᠠᠭᠰᠠᠨ ᠢᠶᠠᠷ᠂ ᠴᠠᠭᠠᠨ ᠰᠠᠷ᠎ᠠ ᠶᠢᠨ ᠠᠮᠠᠷᠠᠯᠲᠠ ᠶᠢᠨ ᠬᠤᠭᠤᠴᠠᠭᠠᠨ ᠳᠤ ᠳᠤᠮᠳᠠᠳᠤ ᠤᠯᠤᠰ ᠤᠨ ᠲᠡᠮᠦᠷ ᠵᠠᠮ ᠤᠨ ᠬᠥᠬᠡᠬᠤᠲᠠ ᠶᠢᠨ ᠲᠣᠪᠴᠢᠶ᠎ᠠ ᠨᠡᠶᠢᠲᠡ 78.4 ᠲᠦᠮᠡᠨ ᠬᠥᠮᠦᠨ ᠤᠳᠠᠭ᠎ᠠ ᠠᠶᠠᠨᠴᠢᠳ ᠢ ᠭᠦᠷᠭᠡᠵᠦ᠂ ᠡᠳᠦᠷ ᠪᠦᠷᠢ ᠳᠤᠮᠳᠠᠴᠢ ᠪᠠᠷ 9.8 ᠲᠦᠮᠡᠨ ᠬᠥᠮᠦᠨ ᠤᠳᠠᠭ᠎ᠠ ᠬᠦᠷᠭᠡᠵᠡᠢ᠃    ᠠᠮᠠᠷᠠᠯᠲᠠ ᠶᠢᠨ ᠬᠤᠭᠤᠴᠠᠭᠠᠨ ᠳᠤ᠂ ᠳᠤᠮᠳᠠᠳᠤ ᠤᠯᠤᠰ ᠤᠨ ᠲᠡᠮᠦᠷ ᠵᠠᠮ ᠤᠨ ᠬᠥᠬᠡᠬᠤᠲᠠ ᠲᠣᠪᠴᠢᠶ᠎ᠠ ᠶᠢᠨ ᠭᠠᠭᠴᠠ ᠡᠳᠦᠷ ᠲᠤ ᠬᠠᠮᠤᠭ ᠤᠨ ᠠᠷᠪᠢᠨ ᠳᠠᠭᠠᠨ 21 ᠴᠤᠪᠤᠭ᠎ᠠ ᠲᠡᠷᠭᠡ ᠨᠡᠮᠡᠵᠦ᠂ ᠬᠤᠷᠳᠤᠨ ᠤ ᠭᠠᠯᠲᠤ ᠲᠡᠷᠭᠡ 32 ᠴᠤᠪᠤᠭ᠎ᠠ ᠲᠡᠷᠭᠡ ᠲᠣᠬᠢᠷᠠᠭᠤᠯᠵᠤ᠂ ᠲᠡᠭᠡᠭᠡᠪᠦᠷᠢ ᠶᠢᠨ ᠴᠢᠳᠠᠪᠤᠷᠢ ᠶᠢ ᠨᠡᠮᠡᠭᠳᠡᠭᠦᠯᠬᠦ ᠨᠢ ᠭᠤᠤᠯᠳᠠᠭᠤ ᠥᠪᠥᠷ ᠮᠣᠩᠭᠤᠯ ᠤᠨ ᠳᠤᠮᠳᠠ ᠪᠠᠷᠠᠭᠤᠨ ᠬᠡᠰᠡᠭ ᠤᠨ ᠭᠠᠵᠠᠷ ᠣᠷᠣᠨ ᠤ ᠭᠤᠤᠯ ᠪᠣᠯᠬᠤ ᠬᠤᠲᠠ ᠶᠢᠨ ᠬᠤᠭᠤᠷᠣᠨᠳᠣ ᠲᠥᠪᠯᠡᠷᠡᠵᠦ ᠪᠠᠶᠢᠬᠤ ᠪᠥᠭᠡᠳ ᠬᠥᠬᠡᠬᠤᠲᠠ᠂ ᠪᠤᠭᠤᠲᠤ ᠠᠴᠠ ᠪᠡᠭᠡᠵᠢᠩ᠂ ᠰᠢ ᠠᠨ᠂ ᠵᠡᠭᠦᠨ ᠬᠤᠶᠢᠲᠤ ᠣᠷᠣᠨ ᠬᠦᠷᠬᠦ ᠵᠡᠷᠭᠡ ᠴᠢᠭᠯᠡᠯ ᠳᠤ ᠲᠥᠪᠯᠡᠷᠡᠵᠦ ᠪᠠᠶᠢᠪᠠ᠃ ᠠᠶᠠᠨᠴᠢᠳ ᠤᠨ ᠬᠠᠮᠤᠭ ᠤᠨ ᠲᠥᠪᠯᠡᠷᠡᠩᠭᠦᠶ ᠲᠡᠷᠭᠡᠨ ᠥᠷᠲᠡᠭᠡ ᠪᠣᠯ ᠬᠥᠬᠡᠬᠤᠲᠠ ᠥᠷᠲᠡᠭᠡ᠂ ᠬᠥᠬᠡᠬᠤᠲᠠ ᠶᠢᠨ ᠵᠡᠭᠦᠨ ᠥᠷᠲᠡᠭᠡ ᠪᠠ ᠪᠤᠭᠤᠲᠤ ᠥᠷᠲᠡᠭᠡ ᠪᠣᠯᠤᠨ᠎ᠠ᠂ ᠠᠶᠠᠨᠴᠢᠳ ᠤᠨ ᠬᠠᠮᠤᠭ ᠤᠨ ᠣᠷᠭᠢᠯ ᠦᠶ᠎ᠡ 2 ᠳ᠋ᠤᠭᠠᠷ ᠰᠠᠷ᠎ᠠ ᠶᠢᠨ 4 ᠤ ᠡᠳᠦᠷ ᠢᠯᠡᠷᠡᠵᠦ᠂ ᠲᠤᠰ ᠡᠳᠦᠷ ᠲᠤ ᠨᠡᠶᠢᠲᠡ 15.6 ᠲᠦᠮᠡᠨ ᠬᠥᠮᠦᠨ ᠤᠳᠠᠭ᠎ᠠ ᠠᠶᠠᠨᠴᠢᠳ ᠢ ᠬᠦᠷᠭᠡᠵᠡᠢ᠃
ᠢᠷᠡᠯᠲᠡ᠄ ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ