ᠡᠪᠦᠯ ᠪᠣᠯᠵᠤ ᠲᠡᠭᠷᠢ ᠬᠦᠢᠲᠡᠷᠡᠬᠦ ᠪᠠᠷ ᠬᠥᠮᠥᠰ ᠤᠨ ᠭᠡᠷ ᠤᠨ ᠭᠠᠳᠠᠨᠠᠬᠢ ᠬᠥᠳᠡᠯᠭᠡᠭᠡᠨ ᠳᠤ ᠣᠷᠤᠯᠴᠠᠬᠤ ᠶᠢ ᠵᠣᠬᠢᠬᠤ ᠬᠡᠮᠵᠢᠶ᠎ᠡ ᠪᠠᠷ ᠨᠥᠯᠥᠭᠡᠯᠡᠬᠦ | ᠪᠣᠯᠣᠯ᠎ᠠ᠃ ᠡᠪᠦᠯ ᠤᠨ ᠤᠯᠠᠷᠢᠯ ᠳᠤ ᠬᠦᠢᠲᠡᠨ ᠠᠴᠠ ᠠᠶᠤᠵᠤ ᠠᠯᠵᠠᠭᠤᠷᠠᠨ ᠵᠠᠯᠬᠠᠭᠤᠷᠠᠵᠤ ᠭᠡᠷ ᠲᠡᠭᠡᠨ ᠰᠠᠭᠤᠬᠤ ᠨᠢ ᠵᠣᠬᠢᠰ ᠦᠭᠡᠢ ᠶᠤᠮ᠃ ᠬᠠᠷᠢᠨ ᠡᠭᠦᠨ ᠤ | ᠡᠰᠡᠷᠭᠦ ᠪᠠᠷ᠂ ᠵᠣᠬᠢᠰᠲᠠᠢ ᠪᠡᠶ᠎ᠡ ᠶᠢᠨ ᠲᠠᠮᠢᠷ ᠤᠨ ᠬᠥᠳᠡᠯᠭᠡᠭᠡᠨ ᠬᠢᠬᠦ ᠨᠢ ᠬᠥᠮᠥᠰ ᠤᠨ ᠪᠡᠶ᠎ᠡ ᠮᠠᠬᠠᠪᠤᠳ ᠢ ᠴᠢᠭᠢᠷᠠᠭᠵᠢᠭᠤᠯᠵᠤ᠂ ᠡᠭᠡᠯᠢᠯᠡᠭᠡ ᠶᠢᠨ ᠴᠢᠳᠠᠪᠤᠷᠢ ᠪᠠ | ᠵᠢᠷᠦᠬᠡ ᠠᠭᠤᠰᠬᠢᠨ ᠤ ᠴᠢᠳᠠᠪᠤᠷᠢ ᠶᠢ ᠳᠡᠭᠡᠭᠰᠢᠯᠡᠭᠦᠯᠭᠦ ᠪᠠᠷ ᠪᠠᠷᠠᠬᠤ ᠦᠭᠡᠢ᠂ ᠪᠠᠰᠠ ᠪᠡᠶ᠎ᠡ ᠮᠠᠬᠠᠪᠤᠳ ᠢ ᠬᠠᠬᠢᠷ ᠬᠦᠢᠲᠡᠨ ᠣᠷᠴᠢᠨ ᠲᠣᠭᠤᠷᠢᠨ ᠳᠤ ᠨᠠᠩ | ᠰᠠᠶᠢᠨ ᠵᠣᠬᠢᠴᠠᠬᠤ ᠪᠤᠯᠭᠠᠵᠤ᠂ ᠡᠷᠡᠭᠦᠯ ᠴᠢᠭᠢᠷᠠᠭ ᠪᠠ ᠠᠮᠢᠵᠢᠷᠠᠯ ᠤᠨ ᠬᠦᠴᠦᠨ ᠲᠠᠢ ᠪᠠᠶᠢᠬᠤ ᠶᠢ ᠪᠠᠲᠤᠯᠠᠵᠤ ᠴᠢᠳᠠᠳᠠᠭ ᠠᠵᠢ᠃ | ᠲᠡᠭᠡᠪᠡᠯ᠂ ᠶᠠᠮᠠᠷ ᠶᠠᠮᠠᠷ ᠬᠥᠳᠡᠯᠭᠡᠭᠡᠨ ᠨᠢ ᠡᠪᠦᠯ ᠤᠨ ᠤᠯᠠᠷᠢᠯ ᠳᠤ ᠲᠣᠬᠢᠷᠠᠬᠤ ᠪᠤᠢ︖ ᠡᠩ ᠲᠡᠷᠢᠭᠦᠨ ᠳᠤ ᠭᠦᠶᠦᠵᠦ ᠪᠣᠯᠣᠨ᠎ᠠ᠃ ᠭᠦᠶᠦᠬᠦ ᠨᠢ ᠶᠠᠪᠤᠬᠤ | ᠲᠤᠳᠤᠮ ᠬᠥᠮᠥᠰ ᠤᠨ ᠬᠦᠷᠢᠶᠡᠯᠡᠯ ᠢ ᠣᠯᠵᠤ ᠪᠠᠶᠢᠨ᠎ᠠ᠃ ᠲᠤᠰᠬᠠᠢ ᠮᠡᠷᠭᠡᠵᠢᠯᠲᠡᠨ ᠤ ᠦᠵᠡᠬᠦ ᠪᠠᠷ᠂ ᠭᠦᠶᠦᠬᠦ ᠨᠢ ᠬᠦᠵᠦᠭᠦᠦ ᠰᠡᠭᠡᠷ᠂ ᠮᠥᠷᠥᠨ ᠤ ᠬᠡᠰᠡᠭ ᠤᠨ | ᠠᠰᠠᠭᠤᠳᠠᠯ ᠢ ᠢᠯᠡᠳᠲᠡ ᠰᠠᠶᠢᠵᠢᠷᠠᠭᠤᠯᠵᠤ᠂ ᠵᠢᠷᠦᠬᠡ ᠠᠭᠤᠰᠬᠢᠨ ᠤ ᠴᠢᠳᠠᠮᠵᠢ ᠶᠢ ᠳᠡᠭᠡᠭᠰᠢᠯᠡᠭᠦᠯᠵᠦ ᠪᠣᠯᠣᠨ᠎ᠠ᠃ ᠭᠡᠬᠦ ᠳᠡᠭᠡᠨ ᠪᠡᠶ᠎ᠡ ᠶᠢᠨ ᠬᠦᠨᠳᠦ ᠪᠠᠨ | ᠬᠢᠵᠠᠭᠠᠷᠯᠠᠵᠤ ᠪᠠᠶᠢᠭ᠎ᠠ ᠪᠤᠶᠤ ᠪᠡᠶ᠎ᠡ ᠪᠢᠯᠳᠠᠷ ᠤᠨ ᠬᠡᠪ ᠤᠨ ᠪᠠᠶᠢᠳᠠᠯ ᠢᠶᠠᠨ ᠪᠠᠷᠢᠮᠲᠠᠯᠠᠬᠤ ᠰᠠᠨᠠᠭ᠎ᠠ ᠲᠠᠢ ᠬᠥᠮᠥᠰ ᠲᠤ ᠠᠪᠴᠤ ᠬᠡᠯᠡᠪᠡᠯ᠂ ᠠᠭᠠᠵᠢᠮ ᠭᠦᠶᠦᠬᠦ ᠨᠢ | ᠪᠡᠶ᠎ᠡ ᠶᠢᠨ ᠳᠣᠲᠣᠷᠠᠬᠢ ᠢᠯᠡᠭᠦᠴᠡ ᠥᠭᠡᠬᠦ ᠶᠢ ᠬᠤᠷᠣᠭᠳᠠᠭᠤᠯᠬᠤ ᠳᠤ ᠮᠠᠰᠢ ᠠᠰᠢᠭᠲᠠᠢ ᠪᠠᠶᠢᠳᠠᠭ᠃ ᠭᠡᠪᠡᠴᠦ ᠠᠩᠬᠠᠷᠬᠤ ᠴᠢᠬᠤᠯᠠᠲᠠᠢ ᠵᠦᠢᠯ ᠭᠡᠪᠡᠯ᠂ | ᠭᠦᠶᠦᠬᠦ ᠳᠡᠭᠡᠨ ᠴᠡᠴᠡᠷᠯᠢᠭ᠂ ᠭᠤᠣᠯ ᠤᠨ ᠭᠦᠪᠡᠭᠡ ᠪᠤᠶᠤ ᠰᠤᠷᠭᠠᠭᠤᠯᠢ ᠶᠢᠨ ᠬᠦᠷᠢᠶᠡᠨ ᠤ ᠭᠦᠶᠦᠯᠲᠡ ᠶᠢᠨ ᠵᠠᠮ ᠵᠡᠷᠭᠡ ᠠᠭᠠᠷ ᠰᠢᠨ᠎ᠡ ᠰᠣᠷᠭᠤᠭ ᠣᠷᠴᠢᠨ | ᠲᠣᠭᠤᠷᠢᠨ ᠢ ᠰᠣᠩᠭᠤᠪᠠᠯ ᠰᠠᠶᠢᠨ᠂ ᠬᠠᠬᠢᠷ ᠬᠦᠢᠲᠡᠨ ᠠᠭᠤᠷ ᠠᠮᠢᠰᠬᠤᠯ ᠳᠤ ᠭᠡᠷ ᠤᠨ ᠭᠠᠳᠠᠨ᠎ᠠ ᠣᠷᠳᠣ ᠬᠤᠭᠤᠴᠠᠭ᠎ᠠ ᠭᠦᠶᠦᠬᠦ ᠶᠢ ᠰᠠᠨᠠᠭᠠᠴᠢᠯᠠᠬᠤ ᠦᠭᠡᠢ᠃ | ᠳᠠᠷᠠᠭᠠᠯᠠᠪᠠᠯ ᠳᠡᠭᠡᠰᠦ ᠦᠰᠦᠷᠴᠦ ᠪᠣᠯᠣᠨ᠎ᠠ᠃ ᠠᠭᠠᠷ ᠤᠨ ᠳᠤᠯᠠᠭᠠᠨ ᠬᠦᠢᠲᠡᠷᠡᠬᠦ ᠶᠢ ᠳᠠᠭᠠᠯᠳᠤᠨ᠂ ᠣᠯᠠᠩᠬᠢ ᠬᠥᠮᠥᠰ ᠭᠡᠷ ᠳᠣᠲᠣᠷ᠎ᠠ ᠬᠥᠳᠡᠯᠭᠡᠭᠡᠨ ᠬᠢᠬᠦ ᠪᠣᠯᠵᠠᠢ᠂ | ᠡᠭᠦᠨ ᠳᠤ ᠳᠡᠭᠡᠰᠦ ᠦᠰᠦᠷᠬᠦ ᠨᠢ ᠠᠶᠠᠨᠳᠠᠭᠠᠨ ᠤ ᠰᠣᠩᠭᠤᠯᠲᠠ ᠶᠢᠨ ᠨᠢᠭᠡ ᠪᠣᠯᠵᠠᠢ᠃ ᠱᠠᠩᠬᠠᠢ ᠶᠢᠨ ᠪᠡᠶ᠎ᠡ ᠶᠢᠨ ᠲᠠᠮᠢᠷ ᠤᠨ ᠰᠢᠨᠵᠢᠯᠡᠬᠦ ᠤᠬᠠᠭᠠᠨ ᠤ | ᠰᠤᠳᠤᠯᠭᠠᠨ ᠤ ᠭᠠᠵᠠᠷ ︵ᠱᠠᠩᠬᠠᠢ ᠬᠤᠲᠠ ᠶᠢᠨ ᠬᠥᠭᠡᠷᠦᠭᠦᠯᠬᠦ ᠡᠮ ᠬᠡᠷᠡᠭᠯᠡᠬᠦ ᠶᠢ ᠡᠰᠡᠷᠭᠦᠴᠡᠬᠦ ᠲᠥᠪ︶ ᠤᠨ ᠲᠤᠰᠬᠠᠢ ᠮᠡᠷᠭᠡᠵᠢᠯᠲᠡᠨ ᠤ | ᠲᠠᠨᠢᠯᠴᠠᠭᠤᠯᠤᠭᠰᠠᠨ ᠢᠶᠠᠷ᠂ ᠳᠡᠭᠡᠰᠦ ᠦᠰᠦᠷᠬᠦ ᠪᠣᠯ ᠨᠢᠭᠡ ᠵᠦᠢᠯ ᠤᠨ ᠥᠨᠳᠥᠷ ᠪᠦᠲᠦᠮᠵᠢᠲᠡᠢ ᠬᠦᠴᠢᠯᠲᠥ᠋ᠷᠥᠭᠴᠢᠲᠦ ᠬᠥᠳᠡᠯᠭᠡᠭᠡᠨ ᠪᠣᠯᠣᠨ᠎ᠠ᠂ ᠡᠭᠡᠯᠢᠯᠡᠭᠡ ᠶᠢᠨ | ᠴᠢᠳᠠᠪᠤᠷᠢ ᠵᠢᠴᠢ ᠵᠢᠷᠦᠬᠡ ᠠᠭᠤᠰᠬᠢᠨ ᠤ ᠴᠢᠳᠠᠪᠤᠷᠢ ᠶᠢ ᠳᠡᠭᠡᠭᠰᠢᠯᠡᠭᠦᠯᠭᠦ ᠪᠠᠷ ᠪᠠᠷᠠᠬᠤ ᠦᠭᠡᠢ ᠪᠠᠰᠠ ᠵᠠᠯᠠᠭᠤᠴᠤᠳ ᠪᠠᠭᠠᠴᠤᠳ ᠤᠨ ᠦᠰᠦᠨ ᠪᠤᠶᠢᠵᠢᠯᠲᠠ ᠳᠤ | ᠠᠰᠢᠭᠲᠠᠢ᠃ ᠳᠡᠭᠡᠰᠦ ᠦᠰᠦᠷᠬᠦ ᠨᠢ ᠪᠠᠰᠠ ᠪᠦᠭᠦ ᠪᠡᠶ᠎ᠡ ᠶᠢᠨ ᠣᠯᠠᠨ ᠬᠡᠰᠡᠭ ᠤᠨ ᠪᠤᠯᠴᠢᠩ ᠢ ᠪᠤᠯᠪᠠᠰᠤᠷᠠᠭᠤᠯᠵᠤ᠂ ᠪᠡᠶ᠎ᠡ ᠶᠢᠨ ᠵᠣᠬᠢᠴᠠᠭᠤᠯᠬᠤ ᠴᠢᠳᠠᠪᠤᠷᠢ ᠶᠢ | ᠪᠤᠯᠪᠠᠰᠤᠷᠠᠭᠤᠯᠵᠤ ᠴᠢᠳᠠᠨ᠎ᠠ᠃ ᠭᠡᠪᠡᠴᠦ ᠲᠤᠰᠬᠠᠢ ᠮᠡᠷᠭᠡᠵᠢᠯᠲᠡᠨ ᠤ ᠰᠠᠨᠠᠭᠤᠯᠤᠭᠰᠠᠨ ᠢᠶᠠᠷ᠂ ᠳᠡᠭᠡᠰᠦ ᠦᠰᠦᠷᠬᠦ ᠬᠥᠳᠡᠯᠭᠡᠭᠡᠨ ᠤ ᠬᠦᠴᠦᠯᠡᠴᠡ ᠨᠡᠯᠢᠶᠡᠳ ᠶᠡᠭᠡ | ᠪᠣᠯᠬᠤᠷ ᠪᠡᠶ᠎ᠡ ᠮᠠᠬᠠᠪᠤᠳ ᠡᠷᠡᠭᠦᠯ ᠴᠢᠭᠢᠷᠠᠭ᠂ ᠬᠥᠳᠡᠯᠭᠡᠭᠡᠨ ᠬᠢᠳᠡᠭ ᠳᠠᠳᠬᠠᠯ ᠲᠠᠢ ᠬᠡᠦᠬᠡᠳ᠂ ᠵᠠᠯᠠᠭᠤᠴᠤᠳ ᠪᠠᠭᠠᠴᠤᠳ ᠪᠠ ᠨᠠᠰᠤᠨ ᠳᠤ ᠭᠦᠷᠦᠭᠰᠡᠳ ᠲᠤ | ᠲᠣᠬᠢᠷᠠᠨ᠎ᠠ᠃ ᠲᠡᠷᠡ ᠮᠥᠷᠲᠡᠭᠡᠨ ᠳᠡᠭᠡᠰᠦ ᠦᠰᠦᠷᠬᠦ ᠦᠶᠡᠰ ᠴᠢᠳᠠᠬᠤ ᠶᠢᠨ ᠬᠢᠷᠢ ᠪᠠᠷ ᠲᠡᠭᠰᠢᠬᠡᠨ ᠮᠥᠷᠲᠡᠭᠡᠨ ᠵᠣᠬᠢᠬᠤ ᠬᠠᠷᠢᠮᠠᠬᠠᠢ ᠴᠢᠨᠠᠷ ᠲᠠᠢ ᠭᠠᠵᠠᠷ ᠤᠨ | ᠭᠠᠳᠠᠷᠭᠤ ᠶᠢ ᠰᠣᠩᠭᠤᠵᠤ᠂ ᠬᠥᠳᠡᠯᠭᠡᠭᠡᠨ ᠬᠢᠬᠦ ᠠᠴᠠ ᠡᠮᠦᠨ᠎ᠡ ᠪᠡᠶ᠎ᠡ ᠪᠠᠨ ᠰᠠᠶᠢᠲᠤᠷ ᠳᠠᠰᠬᠠᠵᠤ᠂ ᠬᠥᠳᠡᠯᠭᠡᠭᠡᠨ ᠳᠠᠭᠤᠰᠤᠭᠰᠠᠨ ᠤ ᠳᠠᠷᠠᠭ᠎ᠠ ᠪᠡᠶ᠎ᠡ ᠪᠠᠨ ᠰᠤᠯᠠ | ᠲᠠᠯᠪᠢᠬᠤ ᠨᠢ ᠪᠦᠷ ᠠᠳᠠᠯᠢᠬᠠᠨ ᠴᠢᠬᠤᠯᠠ ᠶᠤᠮ᠃ ᠳᠠᠭᠢᠪᠠᠯ ᠠᠯᠬᠤᠵᠤ ᠪᠣᠯᠣᠨ᠎ᠠ᠃ ᠠᠯᠬᠤᠬᠤ ᠪᠣᠯ ᠨᠢᠭᠡ ᠵᠦᠢᠯ ᠤᠨ ᠪᠠᠶᠠᠷ ᠭᠦᠷ ᠲᠠᠢ ᠬᠥᠳᠡᠯᠭᠡᠭᠡᠨ ᠤ | ᠭᠡᠯᠪᠡᠷᠢ ᠪᠠᠶᠢᠵᠤ᠂ ᠡᠯ᠎ᠡ ᠨᠠᠰᠤᠨ ᠤ ᠬᠥᠮᠥᠰ ᠲᠤ ᠪᠦᠷ ᠲᠣᠬᠢᠷᠠᠨ᠎ᠠ᠃ ᠠᠯᠬᠤᠬᠤ ᠨᠢ ᠬᠤᠳᠣᠭᠤᠳᠤ ᠭᠡᠳᠡᠰᠦᠨ ᠤ ᠬᠥᠳᠡᠯᠭᠡᠭᠡᠨ ᠢ ᠠᠬᠢᠭᠤᠯᠵᠤ᠂ ᠰᠢᠩᠭᠡᠭᠡᠯᠲᠡ ᠳᠤ | ᠠᠰᠢᠭᠲᠠᠢ ᠪᠠᠷ ᠪᠠᠷᠠᠬᠤ ᠦᠭᠡᠢ᠂ ᠪᠠᠰᠠ ᠣᠶᠤᠨ ᠰᠠᠨᠠᠭᠠᠨ ᠤ ᠳᠠᠷᠤᠯᠲᠠ ᠶᠢ ᠬᠥᠩᠭᠡᠷᠡᠭᠦᠯᠵᠦ᠂ ᠨᠣᠶᠢᠷ ᠢ ᠰᠠᠶᠢᠵᠢᠷᠠᠭᠤᠯᠳᠠᠭ᠃ ᠨᠠᠰᠤᠲᠠᠢ ᠬᠥᠮᠥᠨ ᠪᠤᠶᠤ ᠪᠡᠶ᠎ᠡ | ᠮᠠᠭᠤᠲᠠᠢ ᠬᠥᠮᠥᠨ ᠳᠤ ᠠᠪᠴᠤ ᠬᠡᠯᠡᠪᠡᠯ᠂ ᠠᠯᠬᠤᠬᠤ ᠨᠢ ᠨᠢᠭᠡ ᠵᠦᠢᠯ ᠤᠨ ᠠᠮᠤᠷ ᠲᠦᠪᠰᠢᠨ ᠮᠥᠷᠲᠡᠭᠡᠨ ᠪᠦᠲᠦᠮᠵᠢᠲᠡᠶ ᠪᠣᠯᠪᠠᠰᠤᠷᠠᠬᠤ ᠠᠷᠭ᠎ᠠ ᠪᠣᠯᠣᠨ᠎ᠠ᠃ | ᠠᠯᠬᠤᠬᠤ ᠳᠤ ᠴᠡᠴᠡᠷᠯᠢᠭ᠂ ᠰᠠᠭᠤᠭᠠᠯᠢ ᠲᠣᠭᠤᠷᠢᠭ ᠤᠨ ᠵᠦᠯᠭᠡ ᠪᠤᠶᠤ ᠭᠤᠣᠯ ᠤᠨ ᠬᠥᠪᠡᠭᠡᠨ ᠤ ᠦᠵᠡᠮᠵᠢ ᠰᠠᠶᠢᠬᠠᠨ᠂ ᠠᠭᠠᠷ ᠴᠡᠪᠡᠷ ᠭᠠᠵᠠᠷ ᠢ ᠰᠣᠩᠭᠤᠵᠤ | ᠰᠡᠯᠡᠭᠦᠴᠡᠨ ᠠᠯᠬᠤᠵᠤ᠂ ᠪᠡᠶ᠎ᠡ ᠰᠡᠳᠬᠢᠴᠡ ᠪᠠᠨ ᠲᠠᠶᠢᠳᠬᠤᠷᠠᠭᠤᠯᠵᠤ ᠪᠣᠯᠣᠨ᠎ᠠ᠃ ᠳᠡᠭᠡᠷ᠎ᠡ ᠳᠤᠷᠠᠳᠤᠭᠰᠠᠨ ᠬᠥᠳᠡᠯᠭᠡᠭᠡᠨ ᠠᠴᠠ ᠭᠠᠳᠠᠨ᠎ᠠ᠂ ᠳᠤᠭᠤᠢ ᠤᠨᠤᠬᠤ᠂ | ᠶᠤᠭ᠎ᠠ ᠵᠡᠷᠭᠡ ᠨᠢ ᠮᠥᠨ ᠴᠤ ᠡᠪᠦᠯ ᠤᠨ ᠤᠯᠠᠷᠢᠯ ᠳᠤ ᠲᠣᠬᠢᠷᠠᠬᠤ ᠬᠥᠳᠡᠯᠭᠡᠭᠡᠨ ᠪᠠᠶᠢᠵᠤ ᠪᠡᠶ᠎ᠡ ᠮᠠᠬᠠᠪᠤᠳ ᠢ ᠪᠦᠲᠦᠮᠵᠢᠲᠡᠢ ᠪᠤᠯᠪᠠᠰᠤᠷᠠᠭᠤᠯᠵᠤ ᠴᠢᠳᠠᠨ᠎ᠠ᠃ | ᠳᠤᠷᠠᠳᠤᠭᠤᠰᠢᠲᠠᠢ ᠨᠢ ᠭᠡᠷ ᠤᠨ ᠭᠠᠳᠠᠨᠠᠬᠢ ᠮᠥᠰᠥ ᠴᠠᠰᠤᠨ ᠤ ᠬᠥᠳᠡᠯᠭᠡᠭᠡᠨ᠂ ᠡᠨᠡ ᠬᠦ ᠡᠪᠦᠯ ᠤᠨ ᠤᠯᠠᠷᠢᠯ ᠳᠤ ᠣᠨᠴᠠ ᠪᠠᠶᠢᠳᠠᠭ ᠬᠥᠳᠡᠯᠭᠡᠭᠡᠨ ᠨᠢ | ᠥᠪᠡᠷᠮᠢᠴᠡ ᠬᠠᠪᠤ ᠴᠡᠩᠭᠡᠯ ᠲᠠᠢ ᠪᠠᠶᠢᠵᠤ᠂ ᠠᠮᠤᠷ ᠲᠦᠪᠰᠢᠨ ᠢ ᠪᠠᠲᠤᠯᠠᠭᠰᠠᠨ ᠪᠠᠶᠢᠳᠠᠯ ᠳᠣᠣᠷ᠎ᠠ ᠪᠠᠶᠠᠷ ᠭᠦᠷ ᠲᠠᠢ ᠤᠷᠤᠯᠴᠠᠵᠤ ᠪᠣᠯᠣᠨ᠎ᠠ᠃ | ᠡᠪᠦᠯ ᠤᠨ ᠤᠯᠠᠷᠢᠯ ᠳᠤ ᠠᠭᠠᠷ ᠤᠨ ᠳᠤᠯᠠᠭᠠᠨ ᠨᠡᠯᠢᠶᠡᠳ ᠳᠣᠣᠷ᠎ᠠ᠂ ᠣᠷᠴᠢᠨ ᠲᠣᠭᠤᠷᠢᠨ ᠤ ᠨᠥᠬᠦᠴᠡᠯ ᠣᠨᠴᠠᠭᠠᠶ ᠤᠴᠢᠷ ᠠᠴᠠ ᠬᠥᠳᠡᠯᠭᠡᠭᠡᠨ | ᠬᠢᠬᠦ ᠳᠤ ᠳᠣᠣᠷᠠᠬᠢ ᠬᠡᠳᠦᠨ ᠲᠠᠯ᠎ᠠ ᠶᠢ ᠠᠩᠬᠠᠷᠪᠠᠯ ᠵᠣᠬᠢᠨ᠎ᠠ᠃ ᠳᠠᠷᠤᠢ᠂ ᠲᠣᠬᠢᠷᠠᠮᠵᠢᠲᠠᠢ ᠲᠠᠮᠢᠷ ᠤᠨ ᠬᠤᠪᠴᠠᠰᠤ ᠪᠠ ᠱᠠᠬᠠᠢ ᠮᠠᠯᠠᠭᠠᠢ ᠰᠣᠩᠭᠤᠵᠤ᠂ ᠬᠥᠳᠡᠯᠭᠡᠭᠡᠨ | ᠬᠢᠭᠰᠡᠨ ᠤ ᠳᠠᠷᠠᠭ᠎ᠠ ᠬᠥᠯᠥᠰᠦ ᠭᠠᠷᠴᠤ ᠬᠢᠮᠤᠷᠠᠬᠤ ᠠᠴᠠ ᠰᠡᠷᠭᠡᠶᠢᠯᠡᠬᠦ ᠴᠢᠬᠤᠯᠠᠲᠠᠢ᠃ ᠬᠥᠳᠡᠯᠭᠡᠭᠡᠨ ᠬᠢᠬᠦ ᠠᠴᠠ ᠡᠮᠦᠨ᠎ᠡ ᠵᠠᠪᠠᠯ ᠭᠦᠢᠴᠡᠳ ᠪᠡᠯᠡᠳᠬᠡᠯ | ᠬᠥᠳᠡᠯᠭᠡᠭᠡᠨ ᠬᠢᠬᠦ ᠬᠡᠷᠡᠭᠲᠡᠢ᠂ ᠵᠢᠱᠢᠶᠡᠯᠡᠪᠡᠯ ᠤᠳᠠᠭᠠᠨ ᠭᠦᠶᠦᠬᠦ᠂ ᠦᠶ᠎ᠡ ᠭᠡᠰᠢᠭᠦᠦ ᠪᠠᠨ ᠰᠤᠩᠭᠠᠬᠤ ᠵᠡᠷᠭᠡ ᠨᠢ ᠬᠥᠳᠡᠯᠭᠡᠭᠡᠨ ᠬᠢᠬᠦ ᠠᠴᠠ ᠪᠣᠯᠵᠤ ᠭᠡᠮᠲᠦᠬᠦ | ᠲᠦᠭᠰᠢᠭᠦᠷᠢ ᠶᠢ ᠪᠠᠭᠠᠰᠬᠠᠵᠤ ᠴᠢᠳᠠᠨ᠎ᠠ᠃ ᠬᠥᠳᠡᠯᠭᠡᠭᠡᠨ ᠤ ᠬᠡᠮᠵᠢᠶ᠎ᠡ ᠪᠠᠨ ᠲᠣᠬᠢᠷᠠᠭᠤᠯᠵᠤ᠂ ᠬᠡᠲᠦᠷᠬᠡᠢ ᠶᠠᠳᠠᠷᠠᠬᠤ ᠠᠴᠠ ᠰᠡᠷᠭᠡᠶᠢᠯᠡᠬᠦ ᠬᠡᠷᠡᠭᠲᠡᠢ᠂ ᠥᠪᠡᠷ ᠤᠨ | ᠪᠡᠶ᠎ᠡ ᠶᠢᠨ ᠪᠠᠶᠢᠳᠠᠯ ᠪᠠ ᠬᠥᠳᠡᠯᠭᠡᠭᠡᠨ ᠤ ᠴᠢᠳᠠᠪᠤᠷᠢ ᠪᠠᠨ ᠦᠨᠳᠦᠰᠦᠯᠡᠨ ᠲᠣᠬᠢᠷᠠᠮᠵᠢᠲᠠᠢ ᠬᠥᠳᠡᠯᠭᠡᠭᠡᠨ ᠬᠢᠵᠦ᠂ ᠠᠯᠬᠤᠮ ᠳᠠᠷᠠᠭ᠎ᠠ ᠲᠠᠢ ᠪᠠᠷ ᠬᠥᠳᠡᠯᠭᠡᠭᠡᠨ ᠤ | ᠬᠡᠮᠵᠢᠶ᠎ᠡ ᠪᠠᠨ ᠨᠡᠮᠡᠭᠳᠡᠭᠦᠯᠵᠦ᠂ ᠬᠥᠳᠡᠯᠭᠡᠭᠡᠨ ᠬᠡᠲᠦᠷᠡᠭᠰᠡᠨ ᠠᠴᠠ ᠪᠣᠯᠵᠤ ᠪᠡᠶ᠎ᠡ ᠮᠠᠬᠠᠪᠤᠳ ᠲᠤ ᠳᠠᠷᠤᠭᠠᠰᠤ ᠪᠤᠯᠬᠤ ᠠᠴᠠ ᠵᠠᠶᠢᠯᠠᠰᠭᠢᠨ᠎ᠡ᠃ ᠤᠰᠤ | ᠨᠥᠬᠦᠪᠦᠷᠢᠯᠡᠨ᠎ᠡ᠂ ᠬᠡᠳᠦᠶᠢᠪᠡᠷ ᠡᠪᠦᠯ ᠤᠨ ᠤᠯᠠᠷᠢᠯ ᠳᠤ ᠬᠥᠯᠥᠰᠦ ᠪᠠᠭ᠎ᠠ ᠭᠠᠷᠬᠤ ᠪᠤᠯᠪᠠᠴᠤ᠂ ᠪᠡᠶ᠎ᠡ ᠮᠠᠬᠠᠪᠤᠳ ᠮᠥᠨ ᠯᠡ ᠤᠰᠤ ᠨᠥᠬᠦᠪᠦᠷᠢᠯᠡᠬᠦ ᠴᠢᠬᠤᠯᠠᠲᠠᠢ᠂ | ᠬᠥᠳᠡᠯᠭᠡᠭᠡᠨ ᠬᠢᠬᠦ ᠠᠴᠠ ᠡᠮᠦᠨ᠎ᠡ ᠬᠤᠶᠢᠨ᠎ᠠ ᠵᠣᠬᠢᠬᠤ ᠬᠡᠮᠵᠢᠶᠡᠨ ᠤ ᠪᠦᠯᠢᠶᠡᠨ ᠤᠰᠤ ᠤᠤᠭᠤᠵᠤ ᠪᠡᠶ᠎ᠡ ᠶᠢᠨ ᠤᠰᠤᠨ ᠤ ᠲᠡᠩᠴᠡᠭᠦᠷᠢ ᠶᠢ ᠪᠠᠲᠤᠯᠠᠪᠠᠯ ᠵᠤᠭᠢᠨ᠎ᠠ᠃ | ᠠᠮᠤᠷ ᠲᠦᠪᠰᠢᠨ ᠢ ᠠᠩᠬᠠᠷᠬᠤ ᠴᠢᠬᠤᠯᠠᠲᠠᠢ᠂ ᠡᠪᠦᠯ ᠤᠨ ᠤᠯᠠᠷᠢᠯ ᠳᠤ ᠵᠠᠮ ᠬᠠᠯᠲᠤᠷᠢᠭ᠎ᠠ ᠲᠠᠢ᠂ ᠣᠨᠴᠠᠭᠠᠶᠢᠯᠠᠨ ᠮᠥᠰᠥ ᠴᠠᠰᠤ ᠲᠠᠢ ᠭᠠᠵᠠᠷ ᠲᠤ ᠬᠥᠳᠡᠯᠭᠡᠭᠡᠨ | ᠬᠢᠬᠦ ᠳᠡᠭᠡᠨ ᠠᠮᠤᠷ ᠲᠦᠪᠰᠢᠨ ᠢ ᠣᠨᠴᠠᠭᠠᠶᠢᠯᠠᠨ ᠠᠩᠬᠠᠷᠬᠤ ᠬᠡᠷᠡᠭᠲᠡᠢ᠃ | ᠡᠪᠦᠯ ᠤᠨ ᠤᠯᠠᠷᠢᠯ ᠳᠤ ᠲᠠᠮᠢᠷ ᠤᠨ ᠬᠥᠳᠡᠯᠭᠡᠭᠡᠨ ᠬᠢᠬᠦ ᠨᠢ ᠨᠢᠭᠡ ᠵᠦᠢᠯ ᠤᠨ ᠢᠳᠡᠪᠬᠢᠲᠡᠢ᠂ ᠡᠷᠡᠭᠦᠯ ᠰᠠᠷᠠᠭᠤᠯ ᠠᠮᠢᠳᠤᠷᠠᠯ ᠤᠨ ᠠᠷᠭ᠎ᠠ ᠭᠡᠯᠪᠡᠷᠢ | ᠪᠣᠯᠣᠨ᠎ᠠ᠂ ᠪᠢᠳᠡ ᠥᠪᠡᠷ ᠤᠨ ᠪᠡᠶ᠎ᠡ ᠳᠡᠭᠡᠨ ᠲᠣᠬᠢᠷᠠᠭᠰᠠᠨ ᠬᠥᠳᠡᠯᠭᠡᠭᠡᠨ ᠤ ᠵᠦᠢᠯ ᠢ ᠰᠣᠩᠭᠤᠬᠤ ᠶᠢᠨ ᠬᠠᠮᠲᠤ ᠬᠥᠳᠡᠯᠭᠡᠭᠡᠨ ᠤ ᠶᠠᠪᠤᠴᠠ ᠳᠠᠬᠢ ᠨᠠᠷᠢᠨ | ᠵᠦᠢᠯᠡᠰ ᠢ ᠰᠠᠶᠢᠲᠤᠷ ᠠᠩᠬᠠᠷᠴᠤ᠂ ᠬᠥᠳᠡᠯᠭᠡᠭᠡᠨ ᠤ ᠬᠠᠪᠤ ᠴᠡᠩᠭᠡᠯ ᠢ ᠡᠳ᠋ᠯᠡᠬᠦ ᠶᠢᠨ ᠵᠡᠷᠭᠡ ᠪᠠᠷ ᠪᠡᠶ᠎ᠡ ᠮᠠᠬᠠᠪᠤᠳ ᠢᠶᠠᠨ ᠴᠢᠭᠢᠷᠠᠭᠵᠢᠭᠤᠯᠤᠶ᠎ᠠ︕ |