| | | | | ︵ᠰᠣᠷᠪᠣᠯᠵᠢᠯᠠᠭᠴᠢ ᠶᠦᠨ ᠶᠠᠩ ᠹᠠᠩ︶ 12 ᠳ᠋ᠤᠭᠠᠷ ᠰᠠᠷ᠎ᠠ ᠶᠢᠨ 31 ᠤ ᠡᠳᠦᠷ ᠤᠨ 7 ᠴᠠᠭ 50 ᠮᠢᠨᠦ᠋ᠲ ᠳᠤ᠂ ᠬᠦᠬᠡᠬᠤᠲᠠ ᠶᠢᠨ ᠵᠡᠭᠦᠨ | ᠦᠷᠲᠡᠭᠡ ᠠᠴᠠ ᠲᠠᠶᠢᠶᠤᠸᠠᠨ ᠡᠮᠦᠨ᠎ᠡ ᠦᠷᠲᠡᠭᠡ ᠬᠦᠷᠬᠦ G4798/G4795 ᠳ᠋ᠤᠭᠠᠷ ᠹᠦ᠋ ᠰᠢᠩ ᠨᠡᠷᠡᠮᠵᠢᠲᠦ ᠬᠥᠳᠡᠯᠭᠡᠬᠦ ᠬᠦᠴᠦᠨ ᠤ ᠭᠠᠯᠲᠤ ᠲᠡᠷᠭᠡ | ᠬᠥᠬᠡᠬᠤᠲᠠ ᠶᠢᠨ ᠵᠡᠭᠦᠨ ᠥᠷᠲᠡᠭᠡᠨ ᠠᠴᠠ ᠬᠦᠳᠡᠯᠵᠦ᠂ ᠵᠢᠨᠢᠩ ᠠᠴᠠ ᠳ᠋ᠠᠲ᠋ᠦ᠋ᠩ ᠢᠶᠠᠷ ᠳᠠᠮᠵᠢᠨ ᠶᠤᠸᠠᠨ ᠫᠢᠩ ᠬᠦᠷᠬᠦ ᠳᠡᠭᠡᠳᠦ ᠬᠤᠷᠳᠤᠴᠠᠲᠤ ᠲᠡᠮᠦᠷ ᠵᠠᠮ | ᠵᠢᠩᠬᠢᠨᠢ ᠪᠠᠷ ᠲᠡᠷᠭᠡ ᠨᠡᠪᠲᠡᠷᠡᠪᠡ᠃ | ᠵᠢᠨᠢᠩ — ᠳ᠋ᠠᠲ᠋ᠦ᠋ᠩ — ᠶᠤᠸᠠᠨ ᠫᠢᠩ ᠳᠡᠭᠡᠳᠦ ᠬᠤᠷᠳᠤᠴᠠᠲᠤ ᠲᠡᠮᠦᠷ ᠵᠠᠮ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠤᠯᠠᠭᠠᠨᠴᠠᠪ ᠬᠤᠲᠠ ᠠᠴᠠ ᠡᠬᠢᠯᠡᠵᠦ᠂ ᠱᠠᠨ ᠰᠢ ᠮᠤᠵᠢ ᠶᠢᠨ ᠳ᠋ᠠᠲ᠋ᠦ᠋ᠩ ᠬᠤᠲᠠ᠂ ᠱᠦᠸᠧ ᠵᠧᠦ ᠬᠤᠲᠠ᠂ ᠰᠢᠨᠵᠸᠤ ᠬᠤᠲᠠ ᠪᠠᠷ ᠥᠩᠭᠡᠷᠡᠵᠦ᠂ | ᠳ᠋ᠠᠲ᠋ᠦ᠋ᠩ ᠠᠴᠠ ᠰᠢ ᠠᠨ ᠬᠦᠷᠬᠦ ᠦᠨᠳᠦᠷ ᠬᠤᠷᠳᠤᠴᠠᠲᠤ ᠲᠡᠮᠦᠷ ᠵᠠᠮ ᠤᠨ ᠶᠤᠸᠠᠨ ᠫᠢᠩ ᠪᠠᠷᠠᠭᠤᠨ ᠥᠷᠲᠡᠭᠡ ᠳᠤ ᠵᠠᠯᠭᠠᠵᠤ᠂ ᠪᠦᠬᠦ ᠱᠤᠭᠤᠮ ᠨᠢ 309 | ᠺᠢᠯᠣᠮᠧᠲᠷ ᠪᠠᠶᠢᠵᠤ᠂ ᠲᠥᠯᠥᠪᠯᠡᠭᠰᠡᠨ ᠴᠠᠭ ᠤᠨ ᠬᠤᠷᠳᠤᠴᠠ ᠨᠢ 250 ᠺᠢᠯᠣᠮᠧᠲᠷ᠂ ᠨᠡᠶᠢᠲᠡ 9 ᠥᠷᠲᠡᠭᠡ ᠲᠣᠬᠢᠷᠠᠭᠤᠯᠪᠠ᠃ | ᠵᠢᠨᠢᠩ — ᠳ᠋ᠠᠲ᠋ᠦ᠋ᠩ — ᠶᠤᠸᠠᠨ ᠫᠢᠩ ᠳᠡᠭᠡᠳᠦ ᠬᠤᠷᠳᠤᠴᠠᠲᠤ ᠲᠡᠮᠦᠷ ᠵᠠᠮ ᠪᠣᠯ ᠮᠠᠨ ᠤ ᠤᠯᠤᠰ ᠤᠨ ︽ᠨᠠᠢᠮᠠᠨ ᠭᠤᠯᠳᠤ ᠨᠠᠢᠮᠠᠨ ᠬᠥᠨᠳᠡᠯᠡᠨ︾ | ᠳᠡᠭᠡᠳᠦ ᠬᠤᠷᠳᠤᠴᠠᠲᠤ ᠲᠡᠮᠦᠷ ᠵᠠᠮ ᠤᠨ ᠲᠣᠤᠷ ᠤᠨ ᠬᠥᠬᠡᠬᠤᠲᠠ ᠠᠴᠠ ᠨᠠᠨᠨᠢᠩ ᠬᠦᠷᠬᠦ ᠵᠠᠮ ᠤᠨ ᠴᠢᠬᠤᠯᠠ ᠪᠦᠷᠢᠯᠳᠦᠬᠦᠨ ᠬᠡᠰᠡᠭ ᠪᠠᠶᠢᠵᠤ᠂ ᠬᠤᠶᠢᠲᠤ | ᠦᠵᠦᠭᠦᠷ ᠤᠨ ᠤᠯᠠᠭᠠᠨᠴᠠᠪ ᠥᠷᠲᠡᠭᠡ ᠳᠤ ᠪᠡᠭᠡᠵᠢᠩ ᠠᠴᠠ ᠪᠤᠭᠤᠲᠤ ᠬᠥᠷᠬᠦ ᠳᠡᠭᠡᠳᠦ ᠬᠤᠷᠳᠤᠴᠠᠲᠤ ᠲᠡᠮᠦᠷ ᠵᠠᠮ ᠲᠠᠢ ᠵᠠᠯᠭᠠᠯᠳᠤᠵᠤ᠂ ᠳ᠋ᠠᠲ᠋ᠦ᠋ᠩ ᠡᠮᠦᠨ᠎ᠡ | ᠦᠷᠲᠡᠭᠡ ᠳᠤ ᠴᠢᠭᠤᠯᠤᠯᠲᠤ ᠬᠠᠭᠠᠯᠭ᠎ᠠ ᠠᠴᠠ ᠳ᠋ᠠᠲ᠋ᠦ᠋ᠩ ᠬᠦᠷᠬᠦ᠂ ᠳ᠋ᠠᠲ᠋ᠦ᠋ᠩ ᠠᠴᠠ ᠰᠢ ᠠᠨ ᠬᠥᠷᠬᠦ ᠳᠡᠭᠡᠳᠦ ᠬᠤᠷᠳᠤᠴᠠᠲᠤ ᠲᠡᠮᠦᠷ ᠵᠠᠮ ᠲᠠᠢ ᠵᠠᠯᠭᠠᠯᠳᠤᠵᠤ᠂ | ᠡᠮᠦᠨᠡᠰᠢ ᠪᠠᠨ ᠰᠢᠨᠵᠧᠦ ᠶᠢᠨ ᠪᠠᠷᠠᠭᠤᠨ ᠥᠷᠲᠡᠭᠡ ᠲᠠᠢ ᠵᠠᠯᠭᠠᠯᠳᠤᠵᠤ᠂ ᠲᠠᠶᠢᠶᠤᠸᠠᠨ ᠡᠮᠦᠨ᠎ᠡ ᠥᠷᠲᠡᠭᠡ ᠳᠤ ᠱᠢ ᠲᠠᠢ᠂ ᠵᠧᠩ ᠲᠠᠢ ᠳᠡᠭᠡᠳᠦ ᠬᠤᠷᠳᠤᠴᠠᠲᠤ | ᠲᠡᠮᠦᠷ ᠵᠠᠮ ᠲᠠᠢ ᠵᠠᠯᠭᠠᠯᠳᠤᠨ᠂ ᠲᠦᠢᠯ ᠤᠨ ᠴᠢᠬᠤᠯᠠ ᠵᠠᠮ ᠲᠤᠤᠷ ᠤᠨ ᠪᠠᠶᠢᠷᠢ ᠰᠠᠭᠤᠷᠢ ᠲᠠᠢ ᠶᠤᠮ᠃ | ᠣᠶᠢᠯᠠᠭᠠᠭᠰᠠᠨ ᠢᠶᠠᠷ᠂ ᠲᠣᠰ ᠵᠠᠮ ᠤᠨ ᠨᠡᠪᠲᠡᠷᠡᠭᠰᠡᠨ ᠨᠢ ᠣᠷᠣᠨ ᠪᠦᠰᠡ ᠶᠢᠨ ᠲᠡᠮᠦᠷ ᠵᠠᠮ ᠤᠨ ᠲᠣᠤᠷ ᠤᠨ ᠪᠠᠶᠢᠷᠢᠯᠠᠭᠤᠯᠤᠯᠲᠠ ᠶᠢ ᠤᠯᠠᠮ ᠨᠢᠭᠡ | ᠠᠯᠬᠤᠮ ᠲᠡᠭᠦᠯᠳᠡᠷᠵᠢᠭᠦᠯᠵᠦ᠂ ᠵᠠᠮ ᠳᠠᠭᠠᠤ ᠣᠯᠠᠨ ᠲᠦᠮᠡᠨ ᠳᠤ ᠵᠠᠮ ᠬᠠᠷᠢᠯᠴᠠᠭᠠᠨ ᠤ ᠲᠥᠬᠦᠮ ᠦᠵᠡᠭᠦᠯᠵᠦ᠂ ᠣᠷᠣᠨ ᠪᠦᠰᠡ ᠶᠢᠨ ᠬᠤᠯᠪᠣᠯᠳᠤᠨ | ᠨᠡᠪᠲᠡᠷᠡᠯᠴᠡᠬᠦ ᠶᠢ ᠴᠢᠩᠭᠠᠳᠬᠠᠬᠤ᠂ ᠵᠠᠮ ᠳᠠᠭᠠᠤ ᠣᠷᠣᠨ ᠤ ᠠᠵᠤ ᠠᠬᠤᠶ ᠨᠡᠶᠢᠭᠡᠮ ᠤᠨ ᠬᠥᠭᠵᠢᠯᠲᠡ ᠶᠢ ᠠᠬᠢᠭᠤᠯᠬᠤ᠂ ᠰᠢᠨ᠎ᠡ ᠴᠠᠭ ᠦᠶ᠎ᠡ ᠶᠢᠨ ᠳᠤᠮᠳᠠ | ᠬᠡᠰᠡᠭ ᠤᠨ ᠭᠠᠵᠠᠷ ᠣᠷᠣᠨ ᠢ ᠬᠥᠭᠵᠢᠭᠦᠯᠦᠨ ᠮᠠᠨᠳᠤᠭᠤᠯᠬᠤ ᠪᠠ ᠪᠠᠷᠠᠭᠤᠨ ᠣᠷᠣᠨ ᠢ ᠶᠡᠭᠡ ᠪᠠᠷ ᠨᠡᠭᠡᠭᠡᠨ ᠬᠥᠭᠵᠢᠭᠦᠯᠬᠦ ᠪᠠᠶᠢᠯᠳᠤᠬᠤ ᠪᠣᠳᠣᠯᠭ᠎ᠠ ᠶᠢᠨ | ᠬᠡᠷᠡᠭᠵᠢᠭᠦᠯᠦᠯᠲᠡ ᠶᠢ ᠠᠬᠢᠭᠤᠯᠬᠤ ᠳᠤ ᠲᠦᠢᠯ ᠤᠨ ᠴᠢᠬᠤᠯᠠ ᠠᠴᠢ ᠬᠤᠯᠪᠣᠭᠳᠠᠯ ᠲᠠᠢ ᠶᠤᠮ᠃ | | | |