︽ᠬᠤᠪᠢᠰᠬᠠᠯ ᠤᠨ ᠤᠳᠤᠮᠰᠢᠯ ᠢ ᠤᠯᠠᠮᠵᠢᠯᠠᠨ ᠵᠠᠯᠭᠠᠮᠵᠢᠯᠠᠵᠤ ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠶ᠎ᠡ︾
ᠨᠡᠶᠢᠲᠡᠯᠡᠭᠰᠡᠨ ᠴᠠᠭ᠄
2024/7/3
转发补发0827.png
      7 ᠰᠠᠷ᠎ᠠ ᠶᠢᠨ 1 ᠤ ᠡᠳᠦᠷ᠂ ᠲᠤᠮᠳᠠᠳᠤ ᠤᠯᠤᠰ ᠤᠨ ᠡᠪ ᠬᠠᠮᠲᠤ ᠨᠠᠮ ᠪᠠᠶᠢᠭᠤᠯᠤᠭᠳᠠᠭᠰᠠᠨ 103 ᠵᠢᠯ ᠤᠨ ᠤᠢ ᠶᠢ ᠪᠡᠯᠭᠡᠯᠡᠬᠦ ᠶᠢᠨ ᠲᠥᠯᠥᠭᠡ ᠥᠪᠥᠷ ᠮᠣᠩᠭᠤᠯ ᠤᠨ ᠦᠵᠡᠰᠭᠦᠯᠡᠩ ᠤᠨ ᠣᠷᠳᠣᠨ ᠠᠴᠠ ︽ᠬᠤᠪᠢᠰᠬᠠᠯ ᠤᠨ ᠤᠳᠤᠮᠰᠢᠯ ᠢ ᠤᠯᠠᠮᠵᠢᠯᠠᠨ ᠵᠠᠯᠭᠠᠮᠵᠢᠯᠠᠵᠤ ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠶ᠎ᠡ︾ ᠭᠡᠬᠦ ︽7·1︾ ᠢ ᠪᠡᠯᠭᠡᠯᠡᠬᠦ ᠤᠨᠴᠠᠭᠠᠢ ᠠᠵᠢᠯᠯᠠᠭ᠎ᠠ ᠥᠷᠨᠢᠭᠦᠯᠵᠦ᠂ ᠶᠡᠭᠡ ᠳᠡᠭᠡᠳᠦ᠂ ᠲᠤᠮᠳᠠᠳᠤ ᠪᠠᠭ᠎ᠠ ᠰᠤᠷᠭᠠᠭᠤᠯᠢ ᠪᠣᠯᠣᠨ ᠪᠠᠶᠢᠭᠤᠯᠭ᠎ᠠ ᠨᠢᠭᠡᠴᠢ ᠠᠵᠤ ᠠᠬᠤᠶᠢᠯᠠᠯ ᠤᠨ 1000 ᠰᠢᠬᠠᠮ ᠬᠥᠮᠥᠨ ᠣᠷᠣᠯᠴᠠᠵᠠᠢ᠃ ᠠᠵᠢᠯᠯᠠᠭ᠎ᠠ ᠨᠢ ᠤᠯᠤᠰ ᠤᠨ ᠲᠤᠭ ᠮᠠᠨᠳᠤᠭᠤᠯᠬᠤ ᠶᠣᠰᠣᠯᠠᠯ᠂ ᠬᠤᠪᠢᠰᠬᠠᠯ ᠤᠨ ᠳᠠᠭᠤᠤ ᠶᠢ ᠳᠠᠭᠤᠯᠠᠬᠤ ᠵᠡᠷᠭᠡ ᠠᠳᠠᠯᠢ ᠪᠤᠰᠤ ᠭᠡᠯᠪᠡᠷᠢ ᠪᠠᠷ ᠶᠠᠪᠤᠭᠳᠠᠵᠤ᠂ ᠤᠯᠠᠨ ᠢ ᠳᠠᠭᠠᠭᠤᠯᠤᠨ ᠬᠤᠪᠢᠰᠬᠠᠯ ᠤᠨ ᠤᠯᠠ ᠮᠥᠷ ᠢ ᠡᠷᠢᠯᠬᠢᠯᠡᠵᠦ᠂ ᠬᠤᠪᠢᠰᠬᠠᠯ ᠤᠨ ᠵᠣᠷᠢᠭ ᠰᠠᠨᠠᠭ᠎ᠠ ᠶᠢ ᠮᠡᠳᠡᠷᠡᠭᠦᠯᠪᠡ᠃ ᠵᠢᠷᠤᠭ ᠪᠣᠯ ᠥᠪᠥᠷ ᠮᠣᠩᠭᠤᠯ ᠤᠨ ᠠᠵᠤ ᠦᠢᠯᠡᠳᠪᠦᠷᠢ ᠶᠢᠨ ᠶᠡᠭᠡ ᠰᠤᠷᠭᠠᠭᠤᠯᠢ ᠶᠢᠨ ᠰᠢᠨ᠎ᠡ ᠨᠠᠮ ᠤᠨ ᠭᠡᠰᠢᠭᠦᠳ ᠨᠠᠮ ᠳᠤ ᠣᠷᠣᠬᠤ ᠲᠠᠩᠭᠠᠷᠢᠭ ᠬᠢᠵᠦ ᠪᠠᠶᠢᠭ᠎ᠠ ᠨᠢ᠃      ᠰᠤᠷᠪᠤᠯᠵᠢᠯᠠᠬᠴᠢ  ᠸᠠᠩ ᠯᠧᠢ  ᠰᠡᠭᠦᠳᠡᠷᠯᠡᠪᠡ
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ