ᠶᠦᠨ ᠫᠦ᠋ ︵1912-1948.12︶ ᠤᠤᠯ ᠨᠡᠷ᠎ᠡ ᠯᠢ ᠼᠠᠢ᠂ ᠡᠷᠡᠭᠲᠡᠢ᠂ ᠮᠣᠩᠭᠤᠯ ᠦᠨᠳᠦᠰᠦᠲᠡᠨ᠂ ᠥᠪᠥᠷ ᠮᠣᠩᠭᠤᠯ ᠤᠨ ᠲᠦᠮᠡᠳ | ᠬᠤᠰᠢᠭᠤᠨ ᠤ ᠲᠠᠪᠤᠨᠰᠠᠶᠢᠨ ᠲᠣᠰᠬᠤᠨ ᠤ ᠬᠥᠮᠥᠨ᠃ | 1937 ᠤᠨ ᠤ ᠡᠪᠦᠯ ᠶᠦᠨ ᠫᠦ᠋ ᠵᠢᠷᠭᠠᠯ᠂ ᠺᠦᠢ ᠪᠢ ᠨᠠᠷ ᠲᠠᠢ ᠬᠠᠮᠳᠤ ᠶᠠᠫᠤᠨ ᠢ ᠡᠰᠡᠷᠬᠦᠴᠡᠬᠦ ᠠᠵᠢᠯᠯᠠᠭᠠᠨ ᠳᠤ ᠤᠷᠤᠯᠴᠠᠪᠠ᠃ 1938 ᠣᠨ ᠤ | 5 ᠳ᠋ᠤᠭᠠᠷ ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ ᠡᠯᠰᠡᠭᠳᠡᠪᠡ᠃ 1939 ᠣᠨ ᠤ 9 ᠳ᠋ᠤᠭᠠᠷ ᠰᠠᠷ᠎ᠠ ᠳᠤ ᠳᠤᠮᠳᠠᠳᠤ ᠤᠯᠤᠰ ᠤᠨ ᠡᠪ | ᠬᠠᠮᠲᠤ ᠨᠠᠮ ᠤᠨ ᠲᠦᠮᠡᠳ ᠬᠤᠰᠢᠭᠤᠨ ᠤ ᠮᠣᠩᠭᠤᠯ ᠤᠨ ᠠᠵᠢᠯ ᠤᠨ ᠬᠤᠷᠢᠶᠠᠨ ᠤ ᠭᠡᠰᠢᠭᠦᠨ ᠪᠣᠯᠵᠤ᠂ ᠵᠢᠷᠭᠠᠯ᠂ ᠯᠢ ᠰᠧᠨ ᠨᠠᠷ ᠲᠠᠢ ᠬᠠᠮᠲᠤ ᠪᠠᠷ | ᠮᠣᠩᠭᠤᠯ ᠤᠨ ᠶᠠᠫᠣᠨ ᠢ ᠡᠰᠡᠷᠭᠦᠴᠡᠬᠦ ᠫᠠᠷᠲ᠋ᠢᠽᠠᠨ ᠠᠩᠭᠢ ᠶᠢ ᠵᠣᠬᠢᠶᠠᠨ ᠪᠠᠶᠢᠭᠤᠯᠪᠠ᠃ 1940 ᠣᠨ ᠤ 3 ᠳ᠋ᠤᠭᠠᠷ ᠰᠠᠷ᠎ᠠ ᠳᠤ ᠡᠦ ᠭᠦᠢ ᠰᠢᠶᠠᠨ ᠤ ᠶᠠᠫᠣᠨ ᠢ | ᠡᠰᠡᠷᠭᠦᠴᠡᠬᠦ ᠠᠷᠠᠳᠴᠢᠯᠠᠭᠰᠠᠨ ᠵᠠᠰᠠᠭ ᠤᠨ ᠣᠷᠳᠣᠨ ᠪᠠᠶᠢᠭᠤᠯᠤᠭᠳᠠᠭᠰᠠᠨ ᠤ ᠳᠠᠷᠠᠭ᠎ᠠ᠂ ᠶᠦᠨ ᠫᠦ᠋ ᠮᠣᠩᠭᠤᠯ ᠵᠠᠰᠠᠭ ᠤᠨ ᠰᠠᠯᠠᠭᠠᠨ ᠳᠠᠷᠤᠭ᠎ᠠ ᠪᠣᠯᠪᠠ᠃ ᠲᠡᠷᠡ | ᠠᠷᠠᠳ ᠣᠯᠠᠨ ᠢᠯᠠᠩᠭᠤᠶ᠎ᠠ ᠮᠣᠩᠭᠤᠯ ᠠᠷᠠᠳ ᠣᠯᠠᠨ ᠢ ᠢᠳᠡᠪᠬᠢᠲᠡᠶ ᠪᠠᠷ ᠳᠠᠶᠢᠴᠢᠯᠠᠨ ᠵᠣᠬᠢᠶᠠᠨ ᠪᠠᠶᠢᠭᠤᠯᠵᠤ ᠶᠠᠫᠣᠨ ᠢ ᠡᠰᠡᠷᠭᠦᠴᠡᠬᠦ ᠳᠤ ᠤᠷᠤᠯᠴᠠᠭᠤᠯᠵᠤ᠂ | ᠵᠢᠷᠭᠠᠯ᠂ ᠺᠦᠢ ᠪᠢ ᠨᠠᠷ ᠢ ᠬᠠᠮᠵᠢᠨ ᠮᠣᠩᠭᠤᠯ ᠵᠠᠯᠠᠭᠤᠴᠤᠳ ᠢ ᠰᠣᠩᠭᠤᠨ ᠲᠣᠮᠢᠯᠠᠵᠤ ᠶᠠᠨ ᠠᠨ ᠳᠤ ᠰᠤᠷᠤᠯᠴᠠᠭᠤᠯᠬᠤ ᠶᠢᠨ ᠬᠠᠮᠲᠤ ᠮᠠᠨ ᠤ ᠴᠡᠷᠢᠭ ᠤᠨ | ᠰᠦᠢᠶᠤᠸᠠᠨ ᠤ ᠪᠠᠷᠠᠭᠤᠨ ᠬᠡᠰᠡᠭ ᠤᠨ ᠴᠡᠷᠢᠭ ᠠᠩᠭᠢ᠂ ᠫᠠᠷᠲ᠋ᠢᠽᠠᠨ ᠠᠩᠭᠢ ᠳᠤ ᠠᠮᠤ ᠪᠤᠳᠠᠭ᠎ᠠ ᠪᠠ ᠫᠤᠤ ᠵᠡᠪᠰᠡᠭ ᠰᠤᠮᠤ ᠳᠠᠷᠢ ᠵᠡᠷᠭᠡ ᠶᠢ ᠵᠥᠭᠡᠭᠡᠪᠦᠷᠢᠯᠡᠨ | ᠬᠦᠷᠭᠡᠵᠦ ᠪᠠᠶᠢᠪᠠ᠃ | 1942 ᠣᠨ ᠤ 2 ᠳ᠋ᠤᠭᠠᠷ ᠰᠠᠷ᠎ᠠ ᠳᠤ ᠤᠷᠪᠠᠭᠴᠢ ᠳᠤ ᠢᠯᠡᠴᠢᠯᠡᠭᠳᠡᠨ ᠪᠠᠷᠢᠪᠴᠢᠯᠠᠭᠳᠠᠵᠤ᠂ ᠰᠡᠭᠦᠯᠡᠷ ᠨᠢ ᠳᠠᠭᠠᠭᠠᠨ ᠰᠤᠯᠠᠯᠠᠭᠳᠠᠵᠠᠢ᠃ 11 ᠳ᠋ᠦ᠋ᠭᠡᠷ | ᠰᠠᠷ᠎ᠠ ᠶᠢᠨ ᠬᠤᠭᠤᠴᠠᠭᠠᠨ ᠳᠤ ᠲᠡᠷᠡ ᠲᠥᠪ ᠤᠨ ᠨᠡᠶᠢᠭᠡᠮ ᠤᠨ ᠶᠠᠮᠤᠨ ᠤ ᠲᠣᠮᠢᠯᠠᠨ ᠢᠷᠡᠭᠦᠯᠦᠭᠰᠡᠨ ᠺᠦᠩ ᠹᠧᠢ ᠶᠢᠨ ᠨᠢᠭᠤᠴᠠ ᠮᠡᠳᠡᠭᠡᠨ ᠤ ᠳᠤᠭᠤᠶᠢᠯᠠᠩ ᠢ | ᠬᠠᠮᠵᠢᠨ ᠠᠵᠢᠯ ᠥᠷᠨᠢᠭᠦᠯᠵᠦ᠂ ᠷᠠᠳᠢᠣ᠋ ᠶᠢ ᠨᠢᠭᠤᠨ ᠬᠠᠮᠠᠭᠠᠯᠠᠵᠤ᠂ ᠨᠢᠭᠤᠴᠠ ᠮᠡᠳᠡᠭᠡᠨ ᠤ ᠳᠤᠭᠤᠶᠢᠯᠠᠩ ᠤᠨ ᠠᠵᠢᠯᠲᠠᠨ ᠢ ᠲᠣᠬᠢᠷᠠᠭᠤᠯᠪᠠ᠃ 1943 ᠣᠨ ᠤ | 8 ᠳ᠋ᠤᠭᠠᠷ ᠰᠠᠷ᠎ᠠ ᠳᠤ ᠨᠢᠭᠤᠴᠠ ᠮᠡᠳᠡᠭᠡᠨ ᠤ ᠳᠤᠭᠤᠶᠢᠯᠠᠩ ᠤᠨ ᠪᠦᠷᠢᠯᠳᠦᠬᠦᠨ ᠵᠢᠶᠠ ᠵᠧᠨ ᠶᠧ ᠪᠠᠷᠢᠪᠴᠢᠯᠠᠭᠳᠠᠭᠠᠳ ᠤᠷᠪᠠᠵᠤ᠂ ᠶᠦᠨ ᠫᠦ᠋ ᠶᠢ ᠪᠠᠰᠠ | ᠶᠠᠫᠣᠨ ᠤ ᠴᠡᠷᠢᠭ ᠤᠨ ᠴᠠᠭᠳᠠᠭ᠎ᠠ ᠪᠠᠷᠢᠪᠴᠢᠯᠠᠵᠠᠢ᠃ ᠲᠡᠷᠡ ᠪᠠᠷ ᠱᠣᠷᠣᠩ ᠳᠤ ᠪᠠᠢᠬᠤ ᠳᠠᠭᠠᠨ ᠬᠡᠳᠦ᠋ᠢᠪᠡᠷ ᠲᠠᠮᠤᠯᠠᠭᠳᠠᠵᠤ ᠪᠠᠢᠭ᠎ᠠ ᠪᠣᠯᠪᠠᠴᠤ ᠨᠢᠭᠤᠴᠠ ᠶᠢ | ᠴᠢᠩᠭ᠎ᠠ ᠰᠠᠬᠢᠭᠰᠠᠨ ᠠᠴᠠ ︽ᠪᠠᠢᠳᠠᠯ ᠢ ᠮᠡᠳᠡᠬᠦ ᠦᠭᠡᠢ ᠬᠥᠮᠥᠨ︾ ᠢᠶᠠᠷ ᠰᠤᠯᠠᠯᠠᠭᠳᠠᠵᠠᠢ᠃ | 1945 ᠣᠨ ᠤ 10 ᠳ᠋ᠤᠭᠠᠷ ᠰᠠᠷ᠎ᠠ ᠳᠤ ᠶᠦᠨ ᠫᠦ᠋ ᠴᠡᠷᠢᠭ ᠠᠩᠭᠢ ᠪᠠᠨ ᠳᠠᠭᠠᠵᠤ ᠵᠢᠨᠢᠩ᠂ ᠴᠢᠭᠤᠯᠤᠯᠲᠤ ᠬᠠᠭᠠᠯᠭ᠎ᠠ ᠳᠤ ᠬᠦᠷᠴᠦ᠂ ᠰᠡᠭᠦᠯᠡᠷ ᠨᠢ | ᠪᠠᠰᠠ ᠰᠢᠯᠢ ᠶᠢᠨ ᠭᠤᠣᠯ ᠠᠶᠢᠮᠠᠭ ᠲᠤ ᠰᠢᠯᠵᠢᠨ ᠴᠢᠯᠦᠭᠡᠯᠡᠬᠦ ᠳᠠᠶᠢᠨ ᠳᠤ ᠣᠷᠣᠯᠴᠠᠭᠰᠠᠨ ᠪᠠᠶᠢᠨ᠎ᠠ᠃ 1946 ᠣᠨ ᠳᠤ ᠲᠡᠷᠡ ᠪᠠᠶᠢᠰᠡ ᠶᠢᠨ ᠰᠦᠮ᠎ᠡ ᠳᠤ | ᠰᠢᠯᠢ ᠶᠢᠨ ᠭᠤᠣᠯ ᠠᠶᠢᠮᠠᠭ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠤ ᠡᠳ᠋ ᠤᠨ ᠵᠠᠰᠠᠭ ᠤᠨ ᠭᠠᠵᠠᠷ ᠤᠨ ᠳᠠᠷᠤᠭ᠎ᠠ ᠪᠣᠯᠪᠠ᠃ 1948 ᠣᠨ ᠤ 12 | ᠳ᠋ᠤᠭᠠᠷ ᠰᠠᠷ᠎ᠠ ᠳᠤ ᠶᠦᠨ ᠫᠦ᠋ ᠨᠥᠬᠦᠷ ᠶᠦᠨ ᠴᠧᠨ ᠭᠤᠸᠠᠩ ᠨᠥᠬᠦᠷ ᠲᠠᠢ ᠬᠠᠮᠲᠤ ᠤᠯᠠᠭᠠᠨᠬᠤᠲᠠ ᠠᠴᠠ ᠰᠢᠯᠢ ᠶᠢᠨ ᠭᠤᠣᠯ ᠠᠶᠢᠮᠠᠭ ᠲᠤ ᠡᠳ᠋ ᠪᠣᠳᠠᠰ | ᠬᠦᠷᠭᠡᠬᠦ ᠵᠠᠮ ᠳᠠᠭᠠᠨ ᠰᠥᠨᠢ ᠪᠠᠷ ᠲᠡᠷᠭᠡ ᠵᠢᠯᠣᠭᠤᠳᠤᠭᠰᠠᠨ ᠠᠴᠠ ᠮᠠᠰᠢᠨ ᠲᠡᠷᠭᠡ ᠨᠢ ᠯᠢᠨᠰᠢ ᠰᠢᠶᠠᠨ ᠳᠤ ᠠᠭᠤᠯᠠᠨ ᠬᠠᠳᠠᠨ ᠠᠴᠠ ᠤᠨᠠᠵᠤ ᠪᠡᠶ᠎ᠠ ᠦᠷᠡᠭᠳᠡᠪᠡ᠃ | | ᠢᠷᠡᠯᠲᠡ᠄ ︽ᠬᠦᠬᠡᠬᠤᠲᠠ ᠶᠢᠨ ᠬᠤᠪᠢᠰᠬᠠᠯ ᠤᠨ ᠲᠡᠦᠬᠡ︾ ︵ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠬᠡᠪᠯᠡᠯ ᠤᠨ ᠬᠤᠷᠢᠶ᠎ᠠ᠂ 1999 | ᠣᠨ ᠤ ᠬᠡᠪᠯᠡᠯ︶ ᠠᠴᠠ ᠣᠷᠴᠢᠭᠤᠯᠪᠠ | |