ᠬᠤᠲᠠ ᠶᠢᠨ ᠵᠠᠰᠠᠭ ᠤᠨ ᠣᠷᠳᠣᠨ ᠤ ᠪᠠᠶᠢᠩᠭᠤ ᠶᠢᠨ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2024/6/28
ᠾᠧ ᠬᠠᠢ ᠳ᠋ᠦᠩ ᠬᠤᠷᠠᠯ ᠢ ᠡᠷᠬᠢᠯᠡᠵᠡᠢ      ︵ᠰᠤᠷᠪᠤᠯᠵᠢᠯᠠᠭᠴᠢ ᠠᠷᠢᠭᠤᠨ᠎ᠠ︶ 6 ᠳ᠋ᠤᠭᠠᠷ ᠰᠠᠷ᠎ᠠ ᠶᠢᠨ 27 ᠤ ᠡᠳᠦᠷ᠂ ᠬᠤᠲᠠ ᠶᠢᠨ ᠨᠠᠮ ᠤᠨ ᠬᠤᠷᠢᠶ᠎ᠠ ᠶᠢᠨ ᠳᠡᠳ᠋ ᠱᠦᠵᠢ᠂ ᠬᠤᠲᠠ ᠶᠢᠨ ᠳᠠᠷᠤᠭ᠎ᠠ ᠾᠧ ᠬᠠᠢ ᠳ᠋ᠦᠩ ᠬᠤᠲᠠ ᠶᠢᠨ ᠵᠠᠰᠠᠭ ᠤᠨ ᠣᠷᠳᠣᠨ ᠤ ᠪᠠᠶᠢᠩᠭᠤ ᠶᠢᠨ ᠬᠤᠷᠠᠯ ᠢ ᠡᠷᠬᠢᠯᠡᠨ ᠬᠤᠷᠠᠯᠳᠤᠭᠤᠯᠵᠤ᠂ ᠮᠥᠩᠭᠦᠨ ᠭᠦᠢᠯᠭᠡᠭᠡᠨ ᠤ ᠠᠶᠤᠯ ᠲᠦᠭᠰᠢᠭᠦᠷᠢ ᠶᠢ ᠰᠡᠷᠭᠡᠶᠢᠯᠡᠨ ᠠᠷᠢᠯᠭᠠᠬᠤ ᠲᠤᠬᠠᠢ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠬᠤᠯᠪᠣᠭᠳᠠᠯ ᠪᠦᠬᠦᠢ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠶᠢ ᠤᠯᠠᠮᠵᠢᠯᠠᠨ ᠰᠤᠷᠤᠯᠴᠠᠵᠤ᠂       ︽ᠬᠥᠬᠡᠬᠤᠲᠠ ᠶᠢᠨ ᠮᠥᠩᠭᠦᠨ ᠭᠦᠢᠯᠭᠡᠭᠡᠨ ᠤ ᠦᠢᠯᠡᠰ ᠤᠨ ᠬᠠᠤᠯᠢ ᠶᠢᠨ ᠡᠷᠬᠡᠲᠡᠨ᠂ ᠵᠢᠭᠡᠯᠡᠯᠭᠡ᠂ ᠳ᠋ᠦᠩᠨᠡᠨ ᠪᠤᠳᠤᠬᠤ ᠶᠢ ᠨᠠᠶᠢᠳᠠᠪᠤᠷᠢᠵᠢᠭᠤᠯᠬᠤ ᠠᠵᠢᠯ ᠢ ᠠᠬᠢᠭᠤᠯᠬᠤ ᠬᠡᠷᠡᠭᠵᠢᠭᠦᠯᠬᠦ ᠲᠥᠰᠥᠯ︾ ︽ᠬᠥᠬᠡᠬᠤᠲᠠ ᠶᠢᠨ ᠵᠠᠰᠠᠭ ᠤᠨ ᠶᠠᠪᠤᠳᠠᠯ ᠢ ᠢᠯᠡ ᠪᠣᠯᠭᠠᠬᠤ ᠮᠡᠳᠡᠭᠡ ᠵᠠᠩᠭᠢ ᠶᠢ ᠬᠢᠨᠠᠨ ᠬᠠᠷᠭᠤᠭᠤᠯᠵᠤ ᠨᠡᠶᠢᠲᠡᠯᠡᠬᠦ ᠠᠷᠪᠠᠨ ᠵᠦᠢᠯ ᠤᠨ ᠠᠷᠭ᠎ᠠ ᠬᠡᠮᠵᠢᠶ᠎ᠡ︾  ︽ᠬᠥᠬᠡᠬᠤᠲᠠ ᠶᠢᠨ ᠬᠢᠮᠡᠯ ᠤᠶᠤᠨ+ ᠭᠦᠨᠵᠡᠭᠡᠢ ᠬᠡᠷᠡᠭᠯᠡᠯᠲᠡ ᠶᠢ ᠲᠦᠷᠭᠡᠳᠬᠡᠨ ᠠᠬᠢᠭᠤᠯᠬᠤ ᠠᠵᠢᠯᠯᠠᠭᠠᠨ ᠤ ᠲᠥᠰᠥᠯ ︵2024—2026 ᠤᠨ︶︾       ︽ᠬᠥᠬᠡᠬᠤᠲᠠ ᠶᠢᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠪᠠ ᠠᠮᠢ ᠠᠬᠤᠶ ᠶᠢᠨ ᠣᠷᠴᠢᠨ ᠲᠣᠭᠤᠷᠢᠨ ᠤ ᠬᠦᠷᠢᠶᠡᠨ ᠳᠠᠬᠢ ᠬᠠᠤᠯᠢ ᠠᠴᠠ ᠵᠥᠷᠢᠴᠡᠭᠰᠡᠨ ᠠᠰᠠᠭᠤᠳᠠᠯ ᠢ ᠲᠥᠪᠯᠡᠷᠡᠭᠦᠯᠦᠨ ᠴᠡᠭᠴᠡᠯᠡᠨ ᠰᠠᠶᠢᠵᠢᠷᠠᠭᠤᠯᠬᠤ ᠲᠤᠰᠬᠠᠶ ᠠᠵᠢᠯᠯᠠᠭ᠎ᠠ ᠶᠢᠨ ᠬᠡᠷᠡᠭᠵᠢᠭᠦᠯᠬᠦ ᠲᠥᠰᠦᠯ︾ ︽ᠬᠥᠬᠡᠬᠤᠲᠠ ᠶᠢᠨ ᠭᠤᠤᠯᠳᠠᠯᠭ᠎ᠠ ᠲᠠᠢ ᠠᠮᠢ ᠠᠬᠤᠶ ᠶᠢᠨ ᠣᠷᠴᠢᠨ ᠲᠣᠭᠤᠷᠢᠨ ᠤ ᠠᠰᠠᠭᠤᠳᠠᠯ ᠢ ᠴᠡᠭᠴᠡᠯᠡᠨ ᠰᠠᠶᠢᠵᠢᠷᠠᠭᠤᠯᠬᠤ ᠲᠥᠰᠦᠯ︾ ᠢ ᠬᠢᠨᠠᠨ ᠵᠦᠪᠯᠡᠵᠦ ᠵᠠᠷᠴᠢᠮ ᠳᠡᠭᠡᠷ᠎ᠡ ᠪᠠᠨ ᠪᠠᠲᠤᠯᠠᠪᠠ᠃      ᠬᠤᠷᠠᠯ ᠠᠴᠠ ᠱᠠᠭᠠᠷᠳᠠᠭᠰᠠᠨ ᠨᠢ᠂ ᠡᠯ᠎ᠡ ᠱᠠᠳᠤ ᠡᠯ᠎ᠡ ᠰᠠᠯᠠᠭ᠎ᠠ ᠮᠥᠴᠢᠷ ᠤᠨ ᠬᠢᠨ ᠮᠥᠩᠭᠦᠨ ᠭᠦᠢᠯᠭᠡᠭᠡᠨ ᠤ ᠴᠢᠨᠠᠷ ᠰᠠᠶᠢᠲᠠᠢ ᠬᠥᠭᠵᠢᠯᠲᠡ ᠶᠢᠨ ︽ᠡᠷᠭᠢᠯᠲᠡ ᠶᠢᠨ ᠳᠠᠶᠢᠯᠠᠯᠳᠤᠭᠠᠨ︾ ᠢ ᠰᠠᠶᠢᠲᠤᠷ ᠬᠢᠵᠦ᠂ ᠮᠥᠩᠭᠦᠨ ᠭᠦᠢᠯᠭᠡᠭᠡᠨ ᠤ ᠦᠢᠯᠡᠰ ᠤᠨ ᠬᠠᠤᠯᠢ ᠶᠢᠨ ᠡᠷᠬᠡᠲᠡᠨ᠂ ᠵᠢᠭᠡᠯᠡᠯᠭᠡ᠂ ᠳ᠋ᠦᠩᠨᠡᠨ ᠪᠤᠳᠤᠬᠤ ᠶᠢ ᠲᠦᠷᠭᠡᠨ ᠨᠠᠶᠢᠳᠠᠪᠤᠷᠢᠵᠢᠭᠤᠯᠬᠤ ᠶᠢ ᠠᠬᠢᠭᠤᠯᠵᠤ᠂ ᠮᠥᠩᠭᠦᠨ ᠭᠦᠢᠯᠭᠡᠭᠡᠨ ᠤ ᠦᠢᠯᠡᠴᠢᠯᠡᠭᠡᠨ ᠤ ᠴᠢᠨᠠᠷ ᠰᠠᠶᠢᠲᠠᠢ ᠬᠥᠭᠵᠢᠯᠲᠡ ᠶᠢ ᠪᠠᠲᠤᠯᠠᠬᠤ ᠴᠢᠳᠠᠪᠤᠷᠢ ᠶᠢ ᠴᠢᠩᠭᠠᠳᠬᠠᠬᠤ ᠬᠡᠷᠡᠭᠲᠡᠢ᠃ ᠰᠢᠨ᠎ᠡ ᠴᠠᠭ ᠦᠶ᠎ᠡ ᠶᠢᠨ ᠵᠠᠰᠠᠭ ᠤᠨ ᠶᠠᠪᠤᠳᠠᠯ ᠢ ᠢᠯᠡ ᠪᠣᠯᠭᠠᠬᠤ ᠠᠵᠢᠯ ᠢ ᠦᠨᠡᠨᠬᠦ ᠰᠠᠶᠢᠲᠤᠷ ᠬᠢᠵᠦ᠂ ᠮᠡᠳᠡᠭᠡ ᠵᠠᠩᠭᠢ ᠨᠡᠶᠢᠲᠡᠯᠡᠬᠦ ᠰᠠᠬᠢᠯᠭ᠎ᠠ ᠪᠠᠲᠤ ᠶᠢ ᠴᠢᠩᠳᠠᠯᠠᠵᠤ᠂ ︽ᠠᠭᠤᠯᠭ᠎ᠠ ᠶᠢᠨ ᠪᠣᠭᠤᠮᠲᠠ︾ ᠶᠢ ᠰᠠᠶᠢᠲᠤᠷ ᠠᠳᠬᠤᠵᠤ᠂ ᠮᠠᠨ ᠤ ᠬᠤᠲᠠ ᠶᠢᠨ ᠵᠠᠰᠠᠭ ᠤᠨ ᠣᠷᠳᠣᠨ ᠤ ᠰᠢᠰᠲ᠋ᠧᠮ ᠤᠨ ᠮᠡᠳᠡᠭᠡ ᠵᠠᠩᠭᠢ ᠶᠢ ᠬᠢᠨᠠᠨ ᠬᠠᠷᠭᠤᠭᠤᠯᠵᠤ ᠨᠡᠶᠢᠲᠡᠯᠡᠬᠦ ᠴᠤᠪᠤᠷᠠᠯ ᠢ ᠴᠢᠩᠭ᠎ᠠ ᠵᠢᠷᠤᠮᠵᠢᠭᠤᠯᠵᠤ᠂ ᠮᠡᠳᠡᠭᠡ ᠵᠠᠩᠭᠢ ᠨᠡᠶᠢᠲᠡᠯᠡᠬᠦ ᠶᠠᠰᠤ ᠴᠢᠨᠠᠷ ᠪᠠ ᠨᠡᠶᠢᠭᠡᠮ ᠤᠨ ᠦᠷ᠎ᠡ ᠪᠦᠲᠦᠮᠵᠢ ᠶᠢ ᠦᠨᠡᠨᠬᠦ ᠪᠠᠲᠤᠯᠠᠬᠤ ᠬᠡᠷᠡᠭᠲᠡᠶ᠃ ᠬᠢᠮᠡᠯ ᠤᠶᠤᠨ ᠤ ᠮᠡᠷᠭᠡᠵᠢᠯ ᠢ ᠣᠷᠣᠨ ᠤ ᠲᠥᠪ ᠬᠤᠲᠠ ᠳᠤ ᠭᠦᠨᠵᠡᠭᠡᠢ ᠬᠡᠷᠡᠭᠯᠡᠬᠦ ᠪᠠᠷ ᠭᠤᠣᠯ ᠰᠢᠵᠢᠮ ᠪᠣᠯᠭᠠᠬᠤ ᠶᠢ ᠠᠬᠢᠭᠤᠯᠵᠤ᠂ ᠲᠤᠭ᠎ᠠ ᠪᠠᠷᠢᠮᠲᠠ ᠶᠢᠨ ᠡᠯᠧᠮᠧᠨ᠋ᠲ ᠪᠣᠯᠤᠨ ᠤᠶᠤᠨᠲᠤ ᠪᠤᠳᠤᠯᠭ᠎ᠠ ᠶᠢᠨ ᠬᠦᠴᠦᠨ ᠤ ᠬᠠᠩᠭᠠᠯᠭ᠎ᠠ ᠶᠢ ᠬᠦᠴᠦᠯᠡᠨ ᠴᠢᠩᠭᠠᠳᠬᠠᠵᠤ᠂ ︽ᠬᠢᠮᠡᠯ ᠤᠶᠤᠨ+︾ ᠶᠢᠨ ᠬᠥᠭᠵᠢᠯᠲᠡ ᠶᠢᠨ ᠴᠢᠳᠠᠪᠬᠢ ᠳᠡᠰ ᠢ ᠪᠦᠲᠦᠮᠵᠢᠲᠡᠢ ᠳᠡᠭᠡᠭᠰᠢᠯᠡᠭᠦᠯᠵᠦ᠂ ᠰᠢᠨ᠎ᠡ  ᠴᠢᠨᠠᠷ ᠤᠨ ᠦᠢᠯᠡᠳᠪᠦᠷᠢᠯᠡᠯ ᠤᠨ ᠬᠦᠴᠦᠨ ᠢ ᠲᠦᠷᠭᠡᠨ ᠬᠥᠭᠵᠢᠭᠦᠯᠬᠦ ᠬᠡᠷᠡᠭᠲᠡᠢ᠃      ᠬᠤᠷᠠᠯ ᠠᠴᠠ ᠴᠢᠬᠤᠯᠠᠴᠢᠯᠠᠭᠰᠠᠨ ᠨᠢ᠂ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ ᠤᠨ ᠬᠢᠨ ᠡᠯ᠎ᠡ ᠲᠠᠯ᠎ᠠ ᠶᠢᠨ ᠬᠠᠷᠢᠭᠤᠴᠠᠯᠭ᠎ᠠ ᠶᠢ ᠪᠣᠳᠠᠲᠠᠶᠢᠵᠢᠭᠤᠯᠵᠤ᠂ ᠨᠢᠭᠡᠳᠦᠯᠲᠡᠢ ᠲᠥᠯᠥᠪᠵᠢᠭᠦᠯᠦᠨ ᠵᠣᠬᠢᠴᠠᠭᠤᠯᠬᠤ ᠪᠠᠨ ᠴᠢᠩᠭᠠᠳᠬᠠᠵᠤ᠂ ᠤᠯᠤᠯᠴᠠᠭ᠎ᠠ ᠵᠣᠯᠭᠠᠯᠴᠠᠭ᠎ᠠ ᠪᠠᠨ ᠴᠢᠩᠭᠠᠳᠬᠠᠵᠤ᠂ ᠬᠤᠳᠠ ᠬᠥᠳᠡᠭᠡ ᠶᠢᠨ ᠬᠤᠭ ᠨᠣᠪᠰᠢ ᠶᠢ ᠰᠢᠢᠳᠪᠦᠷᠢᠯᠡᠬᠦ᠂ ᠪᠠᠷᠢᠯᠭ᠎ᠠ ᠶᠢᠨ ᠵᠠᠬ᠎ᠠ ᠳᠡᠯᠭᠡᠭᠦᠷ ᠤᠨ ᠡᠮᠬᠢ ᠳᠢᠭᠯᠢᠮ ᠵᠡᠷᠭᠡ ᠲᠠᠯ᠎ᠠ ᠳᠤ ᠠᠩᠬᠠᠷᠤᠯ ᠢᠶᠠᠨ ᠲᠥᠪᠯᠡᠷᠡᠭᠦᠯᠵᠦ᠂ ᠴᠡᠭᠴᠡᠯᠡᠨ ᠵᠠᠰᠠᠭᠰᠠᠨ ᠦᠷ᠎ᠡ ᠪᠦᠲᠦᠭᠡᠯ ᠢᠶᠠᠨ ᠪᠠᠬᠢᠵᠢᠭᠦᠯᠵᠦ᠂ ᠬᠥᠬᠡᠬᠤᠲᠠ ᠶᠢᠨ ᠠᠮᠢ ᠠᠬᠤᠢ ᠪᠣᠯᠤᠨ ᠬᠥᠮᠦᠰ ᠤᠨ ᠣᠷᠣᠰᠢᠨ ᠰᠠᠭᠤᠬᠤ ᠣᠷᠴᠢᠨ ᠲᠣᠭᠤᠷᠢᠨ ᠤ ᠶᠠᠰᠤ ᠴᠢᠨᠠᠷ ᠢ ᠦᠷᠭᠦᠯᠵᠢᠯᠡᠨ ᠰᠠᠶᠢᠵᠢᠷᠠᠭᠤᠯᠬᠤ ᠬᠡᠷᠡᠭᠲᠡᠢ᠃ ᠠᠮᠢ ᠠᠬᠤᠢ ᠣᠷᠴᠢᠨ ᠲᠣᠭᠤᠷᠢᠨ ᠤ ᠠᠮᠤᠷ ᠲᠦᠪᠰᠢᠨ ᠤ ᠬᠦᠪᠴᠢ ᠶᠢ ᠴᠠᠭ ᠢᠮᠠᠭᠲᠠ ᠴᠢᠩᠭ᠎ᠠ ᠪᠠᠶᠢᠯᠭᠠᠵᠤ᠂ ᠬᠠᠳᠤᠨ ᠭᠤᠣᠯ ᠤᠨ ᠰᠠᠪᠠ ᠭᠠᠵᠠᠷ ᠤᠨ ᠠᠮᠢ ᠠᠬᠤᠢ ᠶᠢ ᠬᠠᠮᠠᠭᠠᠯᠠᠬᠤ ᠶᠢ ᠴᠢᠨᠠᠷ ᠰᠠᠶᠢᠲᠠᠢ ᠬᠥᠭᠵᠢᠯᠲᠡ ᠶᠢ ᠲᠥᠯᠥᠪᠵᠢᠭᠦᠯᠦᠨ ᠠᠬᠢᠭᠤᠯᠬᠤ ᠰᠠᠭᠤᠷᠢ ᠱᠤᠭᠤᠮ ᠪᠣᠯᠭᠠᠵᠤ᠂ ᠪᠣᠬᠢᠷᠲᠤᠯ ᠦᠭᠡᠢ ᠨᠡᠭᠦᠷᠡᠰᠦᠲᠥ᠋ᠷᠥᠭᠴᠢ ᠪᠠᠭ᠎ᠠ ᠭᠠᠳᠠᠭᠰᠢᠯᠠᠭᠤᠯᠬᠤ ᠬᠥᠭᠵᠢᠯᠲᠡ ᠶᠢ ᠲᠦᠷᠭᠡᠳᠬᠡᠨ ᠠᠬᠢᠭᠤᠯᠵᠤ᠂ ᠬᠠᠳᠤᠨ ᠭᠤᠣᠯ ᠤᠨ ᠰᠠᠪᠠ ᠭᠠᠵᠠᠷ ᠤᠨ ᠠᠮᠢ ᠠᠬᠤᠢ ᠶᠢᠨ ᠳᠦᠷᠰᠦ ᠪᠠᠶᠢᠳᠠᠯ ᠢ ᠪᠦᠲᠦᠮᠵᠢᠲᠡᠢ ᠰᠠᠶᠢᠵᠢᠷᠠᠭᠤᠯᠬᠤ ᠬᠡᠷᠡᠭᠲᠡᠢ᠃      ᠬᠤᠷᠠᠯ ᠠᠴᠠ ᠪᠠᠰᠠ ᠪᠤᠰᠤᠳ ᠵᠦᠢᠯ ᠢ ᠰᠤᠳᠤᠯᠵᠠᠢ᠃   
ᠢᠷᠡᠯᠲᠡ᠄ ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ