ᠲᠣᠮᠣ ᠭᠡᠯᠪᠡᠷᠢ ᠶᠢᠨ ᠪᠣᠳᠠᠲᠤ ᠦᠵᠡᠭᠳᠡᠯᠲᠦ ᠵᠦᠴᠦᠭᠡ ︽ᠮᠤᠨᠢ ᠠᠭᠤᠯᠠ ᠶᠢᠨ ᠮᠠᠭᠲᠠᠭᠠᠯ︾ ᠢ ᠠᠩᠬ᠎ᠠ ᠲᠣᠭᠯᠠᠪᠠ
ᠨᠡᠶᠢᠲᠡᠯᠡᠭᠰᠡᠨ ᠴᠠᠭ᠄
2024/6/25
      3 ᠵᠢᠯ ᠤᠨ ᠴᠠᠭ ᠵᠠᠷᠤᠴᠠᠭᠤᠯᠤᠨ ᠵᠣᠬᠢᠶᠠᠨ ᠪᠦᠲᠦᠭᠡᠭᠰᠡᠨ ᠠᠭᠤᠯᠠ ᠬᠠᠶᠢᠷᠬᠠᠨ ᠤ ᠦᠵᠡᠭᠳᠡᠯᠲᠦ ᠲᠣᠮᠣ ᠭᠡᠯᠪᠡᠷᠢ ᠶᠢᠨ ᠵᠦᠴᠦᠭᠡ ︽ᠮᠤᠨᠢ ᠠᠭᠤᠯᠠ  ᠶᠢᠨ ᠮᠠᠭᠲᠠᠭᠠᠯ︾ ᠢ ᠣᠷᠴᠢᠮᠬᠠᠨ ᠭᠦᠭᠡᠬᠤᠳᠠ ᠶᠢᠨ ᠮᠤᠨᠢ ᠠᠭᠤᠯᠠ ᠪᠣᠳᠠᠰ ᠤᠨ ᠪᠤᠰᠤ ᠰᠣᠶᠣᠯ ᠤᠨ ᠥᠪ ᠤᠨ ᠵᠢᠵᠢᠭ ᠪᠠᠯᠭᠠᠰᠤᠨ ᠳᠤ ᠠᠩᠬ᠎ᠠ ᠲᠣᠭᠯᠠᠵᠤ᠂ ᠥᠪᠥᠷ ᠮᠣᠩᠭᠤᠯ ᠤᠨ ᠰᠣᠶᠣᠯ ᠲᠡᠦᠬᠡ ᠶᠢ ᠬᠠᠷᠠᠭᠤᠯᠤᠭᠰᠠᠨ ᠪᠠᠰᠠ ᠨᠢᠭᠡᠨ ᠳᠣᠷᠪᠢᠯᠢᠭ ᠪᠦᠲᠦᠭᠡᠯ ᠪᠣᠯᠵᠠᠢ᠃      ᠲᠤᠰ ᠵᠦᠴᠦᠭᠡ ᠶᠢ ᠥᠪᠥᠷ ᠮᠣᠩᠭᠤᠯ ᠤᠨ ᠮᠤᠨᠢ ᠠᠭᠤᠯᠠ ᠰᠣᠶᠣᠯ ᠤᠯᠠᠮᠵᠢᠯᠠᠯ ᠤᠨ ᠺᠤᠮᠫᠠᠨᠢ ᠠᠴᠠ ᠲᠥᠰᠥᠪᠯᠡᠵᠦ ᠵᠣᠬᠢᠶᠠᠨ ᠪᠠᠶᠢᠭᠤᠯᠤᠨ ᠨᠠᠶᠢᠷᠠᠭᠤᠯᠵᠤ᠂ ᠭᠤᠣᠯᠳᠠᠭᠤ ᠭᠦᠭᠡᠬᠤᠲᠠ ︵ᠤᠤᠯ ᠤᠨ ᠭᠦᠶ ᠬᠤᠸᠠ ᠬᠤᠲᠠ ᠪᠠ ᠭᠦᠶ ᠰᠦᠢ ᠬᠤᠳᠠ︶ ᠶᠢᠨ ᠮᠢᠩ ᠤᠯᠤᠰ ᠤᠨ ᠠᠯᠲᠠᠨ ᠬᠠᠭᠠᠨ ᠬᠤᠲᠠ ᠪᠠᠶᠢᠭᠤᠯᠤᠭᠰᠠᠨ ᠠᠴᠠ ᠠᠪᠤᠭᠠᠳ ᠴᠢᠩ ᠤᠯᠤᠰ ᠤᠨ ᠡᠩᠬᠡ ᠠᠮᠤᠭᠤᠯᠠᠩ ᠤᠨ ᠣᠨ ᠬᠦᠷᠲᠡᠯᠡᠬᠢ ᠬᠤᠭᠤᠴᠠᠭᠠᠨ ᠳᠤ ᠬᠤᠳᠠᠯᠳᠤᠭᠠᠨ ᠤ ᠵᠠᠮ ᠥᠷᠨᠢᠨ ᠬᠥᠭᠵᠢᠵᠦ᠂ ᠤᠷᠢᠳ ᠡᠮᠦᠨ᠎ᠡ ᠠᠷᠪᠠᠨ ᠲᠦᠮᠡᠨ ᠤᠷᠠᠴᠤᠳ ᠮᠤᠨᠢ ᠠᠭᠤᠯᠠ ᠶᠢᠨ ᠡᠮᠦᠨ᠎ᠡ ᠴᠤᠭᠯᠠᠷᠠᠨ ᠠᠳᠠᠯ ᠦᠢᠯᠡᠰ ᠡᠷᠭᠢᠯᠡᠭᠰᠡᠨ ᠪᠠ 20 ᠲᠦᠮᠡᠨ ᠲᠡᠮᠡᠭᠡ ᠭᠤᠪᠢ ᠶᠢᠨ ᠡᠮᠦᠨ᠎ᠡ ᠤᠮᠠᠷ᠎ᠠ ᠶᠢ ᠵᠣᠷᠢᠨ ᠠᠶᠠᠯᠠᠭᠰᠠᠨ ᠪᠠᠶᠢᠳᠠᠯ ᠢ ᠬᠠᠷᠠᠭᠤᠯᠵᠠᠢ᠃ ᠲᠤᠬᠠᠢ ᠶᠢᠨ ᠦᠶ᠎ᠡ ᠳᠤ ᠵᠢᠯ ᠪᠣᠯᠭᠠᠨ ᠭᠦᠭᠡᠬᠤᠳᠠ ᠪᠠᠷ ᠲᠠᠮᠵᠢᠨ ᠡᠮᠦᠨᠡᠲᠦ ᠣᠷᠣᠨ ᠤ ᠬᠡᠳᠦᠨ ᠵᠠᠭᠤᠨ ᠲᠦᠮᠡᠨ ᠲᠣᠨ ᠴᠠᠢ ᠶᠢ ᠡᠸᠦ᠋ᠷᠦᠫᠡ ᠶᠢᠨ ᠡᠯ᠎ᠡ ᠤᠯᠤᠰ ᠲᠤ ᠵᠥᠭᠡᠭᠡᠪᠦᠷᠢᠯᠡᠨ ᠠᠪᠠᠴᠢᠵᠤ᠂ ᠤᠮᠠᠷᠠᠲᠤ ᠬᠢᠵᠠᠭᠠᠷ ᠤᠨ ᠵᠠᠭᠤᠨ ᠲᠦᠮᠡᠨ ᠬᠤᠨᠢ ᠠᠳᠤᠭᠤ ᠶᠢ ᠨᠡᠶᠢᠰᠯᠡᠯ ᠬᠤᠲᠠ ᠶᠢᠨ ᠡᠷᠭᠢᠨ ᠲᠣᠭᠤᠷᠢᠨ ᠳᠤ ᠫᠠᠨᠽᠠᠯᠠᠨ ᠠᠪᠠᠴᠢᠳᠠᠭ ᠪᠠᠶᠢᠪᠠ᠃      ᠲᠤᠰ ᠵᠦᠴᠦᠭᠡ ᠶᠢᠨ ᠣᠨᠴᠠᠯᠢᠭ ᠨᠢ ᠴᠠᠭ ᠤᠨ ᠠᠯᠭᠠᠰᠠᠯ ᠶᠡᠭᠡ᠂ ᠦᠢᠯᠡ ᠶᠠᠪᠤᠳᠠᠯ ᠨᠢ ᠪᠠᠶᠠᠯᠢᠭ ᠮᠥᠷᠲᠡᠭᠡᠨ ᠦᠯᠢᠭᠡᠷᠲᠦ ᠴᠢᠨᠠᠷ ᠢᠶᠠᠷ ᠴᠢᠩᠭ᠎ᠠ᠂ ᠣᠯᠠᠨ ᠲᠣᠬᠯᠠᠯᠲᠠ ᠶᠢᠨ ᠭᠡᠯᠪᠡᠷᠢ ᠨᠢ ᠬᠥᠮᠥᠨ ᠤ ᠰᠡᠳᠬᠢᠯ ᠢ ᠳᠣᠭᠳᠣᠯᠤᠭᠤᠯᠤᠮ᠎ᠠ ᠠᠮᠢᠳᠤᠯᠢᠭ ᠪᠠᠶᠢᠵᠤ᠂ ᠬᠡᠳᠦᠨ ᠵᠠᠭᠤᠨ ᠵᠦᠢᠯ ᠤᠨ ᠪᠣᠳᠠᠰ ᠤᠨ ᠪᠤᠰᠤ ᠰᠣᠶᠣᠯ ᠤᠨ ᠥᠪ ᠤᠨ ᠤᠷ᠎ᠠ ᠮᠡᠷᠭᠡᠵᠢᠯ ᠢ ᠠᠭᠤᠰᠬᠠᠨ ᠣᠷᠣᠭᠤᠯᠤᠭᠰᠠᠨ ᠢᠶᠠᠷ ᠮᠠᠰᠢ ᠥᠪᠡᠷᠮᠢᠴᠡ ᠵᠦᠴᠦᠭᠡ ᠪᠣᠯᠵᠠᠢ᠃ ᠮᠤᠨᠢ ᠠᠭᠤᠯᠠ ᠪᠣᠳᠠᠰ ᠤᠨ ᠪᠤᠰᠤ ᠰᠣᠶᠣᠯ ᠤᠨ ᠥᠪ ᠤᠨ ᠵᠢᠵᠢᠭ ᠪᠠᠯᠭᠠᠰᠤ ᠶᠢᠨ ᠦᠵᠡᠮᠵᠢ ᠶᠢᠨ ᠣᠷᠣᠨ ᠤ ᠬᠢᠨ ᠤᠤᠯ ᠤᠨ ︽ᠨᠡᠭᠦᠳᠡᠯ ᠠᠮᠢᠳᠤᠷᠠᠯ ᠤᠨ ᠪᠡᠶᠡᠴᠢᠯᠡᠨ ᠣᠶᠢᠯᠠᠭᠠᠬᠤ ᠣᠷᠣᠨ︾ ᠢ ᠰᠢᠨᠡᠴᠢᠯᠡᠨ ᠲᠥᠰᠥᠪᠯᠡᠨ ᠵᠣᠬᠢᠶᠠᠵᠤ᠂ 2500 ᠬᠥᠮᠥᠨ ᠢ ᠪᠠᠭᠲᠠᠭᠠᠬᠤ ᠦᠵᠡᠭᠴᠢᠳ ᠤᠨ ᠲᠠᠶᠢᠰᠠ ᠪᠠᠶᠢᠭᠤᠯᠵᠤ᠂ ᠦᠵᠡᠭᠴᠢᠳ ᠪᠠᠶᠢᠭᠠᠯᠢ ᠶᠢᠨ ᠦᠵᠡᠮᠵᠢ᠂ ᠲᠡᠮᠡᠭᠡᠨ ᠵᠢᠩ ᠨᠢ ᠠᠭᠤᠯᠠ ᠨᠢᠷᠤᠭᠤ ᠭᠤᠤ ᠭᠠᠩᠭ᠎ᠠ ᠪᠠᠷ ᠨᠥᠷᠢᠯᠬᠢᠯᠡᠨ ᠠᠶᠠᠯᠠᠵᠤ ᠪᠠᠶᠢᠭ᠎ᠠ ᠦᠵᠡᠭᠳᠡᠯ᠂ ᠳᠡᠭᠦᠵᠢᠩ ᠬᠥᠭᠦᠷᠭᠡᠨ ᠳᠡᠭᠡᠷᠡᠬᠢ ᠠᠮᠠᠷᠠᠭ ᠬᠤᠣᠰ  ᠤᠨ ᠰᠠᠯᠵᠤ ᠶᠠᠳᠠᠭᠰᠠᠨ ᠪᠠᠶᠢᠳᠠᠯ᠂ ᠮᠣᠩᠭᠤᠯ ᠭᠡᠷ ᠲᠤ ᠬᠢᠭᠰᠡᠨ ᠣᠨᠴᠠᠯᠢᠭᠲᠤ ᠬᠤᠷᠢᠮ ᠤᠨ ᠶᠣᠰᠣᠯᠠᠯ ᠵᠡᠷᠭᠡ ᠦᠵᠡᠭᠳᠡᠯ ᠢ ᠲᠣᠳᠣᠬᠠᠨ ᠬᠠᠷᠠᠵᠤ ᠪᠤᠯᠳᠠᠭ᠃ ᠲᠣᠰ ᠵᠦᠴᠦᠭᠡ ᠶᠢ ︽ᠭᠠᠳᠠᠨ᠎ᠠ ᠣᠷᠣᠨ ᠤ ᠵᠢᠭᠤᠯᠴᠢᠯᠠᠬᠰᠠᠳ ᠭᠦᠭᠡᠬᠤᠲᠠ ᠳᠤ ᠢᠷᠡᠪᠡᠯ ᠵᠠᠪᠠᠯ ᠦᠵᠡᠬᠦ ᠵᠦᠴᠦᠭᠡ︾᠂ ︽ᠭᠦᠭᠡᠬᠤᠲᠠ ᠶᠢᠨ ᠲᠤᠬᠠᠢ ᠶᠢᠨ ᠭᠠᠵᠠᠷ ᠤᠨ ᠬᠥᠮᠥᠰ ᠭᠠᠳᠠᠨ᠎ᠠ ᠠᠴᠠ ᠢᠷᠡᠭᠰᠡᠨ ᠨᠠᠶᠢᠵᠠ ᠨᠠᠷ ᠢᠶᠠᠨ ᠵᠣᠴᠢᠯᠠᠬᠤ ᠴᠢᠬᠤᠯᠠ ᠤᠷᠠᠯᠢᠭ ᠲᠤᠬᠯᠠᠯᠳᠠ︾ ᠪᠤᠯᠭᠠᠬᠤ ᠪᠠᠷ ᠬᠦᠴᠦᠯᠡᠨ ᠴᠣᠭᠴᠠᠯᠠᠵᠤ ᠪᠠᠶᠢᠭ᠎ᠠ ᠪᠥᠭᠡᠳ ᠭᠦᠭᠡᠬᠤᠲᠠ ᠶᠢᠨ ︽ᠮᠣᠩᠭᠤᠯ ᠬᠤᠭᠤᠯᠠ ᠵᠣᠭᠤᠭᠯᠠᠵᠤ᠂ ᠲᠡᠮᠡᠭᠡᠨ ᠤ ᠦᠵᠡᠮᠵᠢᠲᠦ ᠵᠦᠴᠦᠭᠡ ᠰᠣᠨᠢᠷᠬᠠᠨ᠂ ᠲᠠᠯ᠎ᠠ ᠨᠤᠲᠤᠭ ᠢ ᠪᠡᠶᠡᠴᠢᠯᠡᠨ ᠣᠶᠢᠯᠠᠭᠠᠬᠤ︾ ᠵᠢᠭᠤᠯᠴᠢᠯᠠᠯ ᠢ ᠴᠣᠭᠴᠠᠯᠠᠬᠤ ᠴᠢᠬᠤᠯᠠ ᠠᠭᠤᠯᠭ᠎ᠠ ᠪᠤᠯᠭᠠᠵᠦ ᠪᠠᠶᠢᠨ᠎ᠠ᠃
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ