︵ᠰᠤᠷᠪᠤᠯᠵᠢᠯᠠᠭᠴᠢ ᠶᠦᠨ ᠶᠠᠨ ᠹᠠᠩ︶ ᠣᠶᠢᠷ᠎ᠠ ᠳᠤ᠂ ᠰᠤᠷᠪᠤᠯᠵᠢᠯᠠᠭᠴᠢ ᠬᠤᠲᠠ ᠶᠢᠨ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠠᠴᠠ | ᠣᠶᠢᠯᠠᠭᠠᠭᠰᠠᠨ ᠢᠶᠠᠷ᠂ ᠬᠤᠳᠠᠯᠳᠤᠭᠠᠨ ᠤ ᠶᠠᠪᠤᠳᠠᠯ ᠤᠨ ᠶᠠᠮᠤᠨ ᠤ ︽ᠠᠷᠠᠯᠵᠢᠶ᠎ᠠ ᠬᠤᠳᠠᠯᠳᠤᠭᠠᠨ ᠤ ᠪᠠᠷᠠᠭᠠᠨ ᠤ ᠭᠦᠢᠯᠭᠡᠭᠡᠨ ᠤ ᠴᠢᠨᠠᠷ ᠰᠠᠶᠢᠲᠠᠶ | ᠬᠥᠭᠵᠢᠯᠲᠡ ᠶᠢᠨ ᠲᠤᠰᠬᠠᠶ ᠠᠵᠢᠯᠯᠠᠭᠠᠨ ᠤ ᠲᠥᠯᠥᠪᠯᠡᠭᠡ ︵2021 - 2025 ᠣᠨ︶︾ ︵ᠬᠤᠳᠠᠯᠳᠤᠭ᠎ᠠ ᠭᠦᠢᠯᠭᠡᠭᠡᠨ ᠵᠠᠬᠢᠳᠠᠯ ︹2021︺ 397 | ᠳ᠋ᠤᠭᠠᠷ ᠲᠣᠭᠠᠲᠤ︶ ᠪᠠ ︽ᠠᠷᠠᠯᠵᠢᠶ᠎ᠠ ᠬᠤᠳᠠᠯᠳᠤᠭᠠᠨ ᠤ ᠪᠠᠷᠠᠭᠠᠨ ᠤ ᠭᠦᠢᠯᠭᠡᠭᠡᠨ ᠤ ᠠᠵᠤ ᠠᠬᠤᠶᠢᠯᠠᠯ ᠤᠨ ᠭᠤᠤᠯᠳᠠᠯᠭ᠎ᠠ ᠲᠠᠢ ᠬᠠᠷᠢᠯᠴᠠᠬᠤ ᠲᠦᠷᠢᠮ ᠢ | ᠪᠠᠶᠢᠭᠤᠯᠬᠤ ᠲᠤᠬᠠᠶ ᠬᠤᠳᠠᠯᠳᠤᠭᠠᠨ ᠤ ᠶᠠᠪᠤᠳᠠᠯ ᠤᠨ ᠶᠠᠮᠤᠨ ᠤ ᠠᠯᠪᠠᠨ ᠲᠢᠩᠬᠢᠮ ᠤᠨ ᠮᠡᠳᠡᠭᠳᠡᠯ︾ ︵ᠬᠤᠳᠠᠯᠳᠤᠭ᠎ᠠ ᠠᠯᠪᠠᠨ ᠭᠦᠢᠯᠭᠡᠭᠡᠨ ᠵᠠᠬᠢᠳᠠᠯ | ︹2022︺ 242 ᠳ᠋ᠤᠭᠠᠷ ᠲᠣᠭᠠᠲᠤ︶ ᠤᠨ ᠶᠤᠰᠤᠭᠠᠷ᠂ ᠬᠤᠲᠠ ᠶᠢᠨ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠶᠢᠨ ᠢᠳᠡᠪᠬᠢᠲᠡᠶ ᠵᠣᠬᠢᠶᠠᠨ | ᠪᠠᠶᠢᠭᠤᠯᠤᠨ ᠭᠤᠶᠤᠴᠢᠯᠠᠨ ᠮᠡᠳᠡᠭᠦᠯᠬᠦ ᠪᠠᠷ ᠳᠡᠮᠵᠢᠨ᠂ ᠬᠥᠬᠡᠬᠤᠲᠠ ᠶᠢᠨ ᠰᠢᠨ ᠴᠠᠩ ᠲᠡᠮᠦᠷ ᠵᠠᠮ ᠤᠨ ᠬᠠᠳᠠᠭᠠᠯᠠᠵᠤ ᠲᠡᠭᠡᠭᠡᠪᠦᠷᠢᠯᠡᠬᠦ ᠬᠢᠵᠠᠭᠠᠷᠲᠤ | ᠬᠠᠷᠢᠭᠤᠴᠠᠯᠭᠠᠲᠤ ᠺᠣᠮᠫᠠᠨᠢ᠂ ᠥᠪᠥᠷ ᠮᠣᠩᠭᠤᠯ ᠤᠨ ᠪᠸᠢ ᠹᠠᠩ ᠬᠤᠩ ᠯᠢ ᠳ᠋ᠡ ᠪᠠᠷᠠᠭᠠᠨ ᠤ ᠭᠦᠢᠯᠭᠡᠭᠡᠨ ᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠵᠡᠷᠭᠡ | ᠬᠤᠶᠠᠷ ᠠᠷᠠᠯᠵᠢᠶ᠎ᠠ ᠬᠤᠳᠠᠯᠳᠤᠭᠠᠨ ᠤ ᠪᠠᠷᠠᠭᠠᠨ ᠤ ᠭᠦᠢᠯᠭᠡᠭᠡᠨ ᠤ ᠠᠵᠤ ᠠᠬᠤᠶᠢᠯᠠᠯ ᠬᠤᠳᠠᠯᠳᠤᠭᠠᠨ ᠤ ᠶᠠᠪᠤᠳᠠᠯ ᠤᠨ ᠶᠠᠮᠤᠨ ᠤ 2023 ᠣᠨ ᠤ ᠪᠥᠬᠦ | ᠤᠯᠤᠰ ᠤᠨ ᠠᠷᠠᠯᠵᠢᠶ᠎ᠠ ᠬᠤᠳᠠᠯᠳᠤᠭᠠᠨ ᠤ ᠪᠠᠷᠠᠭᠠᠨ ᠤ ᠭᠦᠢᠯᠭᠡᠭᠡᠨ ᠤ ᠭᠤᠤᠯᠳᠠᠯᠭ᠎ᠠ ᠲᠠᠢ ᠬᠠᠷᠢᠯᠴᠠᠬᠤ ᠠᠵᠤ ᠠᠬᠤᠶᠢᠯᠠᠯ ᠤᠨ ᠨᠡᠷᠡᠰ ᠲᠤ ᠰᠣᠩᠭᠤᠭᠳᠠᠪᠠ᠃ | ᠲᠠᠷᠠᠭᠠᠴᠢ ᠶᠢᠨ ᠠᠯᠬᠤᠮ ᠳᠤ᠂ ᠬᠤᠲᠠ ᠶᠢᠨ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠨᠡᠶᠢᠲᠡᠯᠢᠭ ᠲᠤᠷᠰᠢᠯᠭ᠎ᠠ ᠶᠢᠨ ᠵᠠᠭᠪᠤᠷ ᠢ ᠤᠬᠠᠭᠤᠯᠤᠨ | ᠳᠡᠯᠭᠡᠷᠡᠭᠦᠯᠬᠦ ᠪᠠᠨ ᠴᠢᠩᠭᠠᠳᠬᠠᠵᠤ᠂ ᠠᠷᠠᠯᠵᠢᠶ᠎ᠠ ᠬᠤᠳᠠᠯᠳᠤᠭᠠᠨ ᠤ ᠪᠠᠷᠠᠭᠠᠨ ᠤ ᠭᠦᠢᠯᠭᠡᠭᠡᠨ ᠤ ᠭᠤᠤᠯᠳᠠᠯᠭ᠎ᠠ ᠲᠠᠢ ᠬᠠᠷᠢᠯᠴᠠᠬᠤ ᠠᠵᠤ ᠠᠬᠤᠶᠢᠯᠠᠯ ᠢ | ᠵᠢᠯᠣᠭᠤᠳᠤᠨ ᠬᠠᠩᠭᠠᠯᠭ᠎ᠠ ᠶᠢᠨ ᠬᠡᠯᠬᠢᠶ᠎ᠡ ᠶᠢᠨ ᠰᠢᠨ᠎ᠡ ᠶᠢ ᠡᠭᠦᠳᠬᠦ ᠪᠠ ᠬᠡᠷᠡᠭᠯᠡᠭᠡ ᠳᠤ ᠢᠳᠡᠪᠬᠢᠲᠡᠶ ᠣᠷᠣᠯᠴᠠᠭᠤᠯᠵᠤ᠂ ᠠᠷᠠᠯᠵᠢᠶ᠎ᠠ ᠬᠤᠳᠠᠯᠳᠤᠭᠠᠨ ᠤ | ᠪᠠᠷᠠᠭᠠᠨ ᠤ ᠭᠦᠢᠯᠭᠡᠭᠡᠨ ᠤ ᠪᠠᠷᠢᠮᠵᠢᠶᠠᠵᠢᠭᠤᠯᠤᠯᠲᠠ᠂ ᠲᠣᠭᠠᠴᠢᠯᠠᠯᠲᠠ᠂ ᠪᠣᠬᠢᠷᠲᠤᠯ ᠥᠬᠡᠶ᠂ ᠮᠡᠳᠡᠭᠡ ᠵᠠᠩᠭᠢᠵᠢᠯᠲᠠ ᠶᠢᠨ ᠪᠥᠲᠥᠭᠡᠨ ᠪᠠᠶᠢᠭᠤᠯᠤᠯᠲᠠ ᠶᠢ | ᠲᠦᠷᠭᠡᠳᠬᠡᠵᠦ᠂ ᠠᠷᠠᠯᠵᠢᠶ᠎ᠠ ᠬᠤᠳᠠᠯᠳᠤᠭᠠᠨ ᠤ ᠪᠠᠷᠠᠭᠠᠨ ᠤ ᠭᠦᠢᠯᠭᠡᠭᠡᠨ ᠤ ᠰᠦᠯᠵᠢᠶᠡᠨ ᠤ ᠪᠠᠶᠢᠷᠢᠰᠢᠭᠤᠯᠤᠯᠲᠠ ᠶᠢ ᠦᠷᠭᠦᠯᠵᠢᠯᠡᠨ ᠰᠢᠯᠢᠳᠡᠭᠵᠢᠭᠦᠯᠵᠦ᠂ | ᠠᠷᠠᠯᠵᠢᠶ᠎ᠠ ᠬᠤᠳᠠᠯᠳᠤᠭᠠᠨ ᠤ ᠪᠠᠷᠠᠭᠠᠨ ᠤ ᠭᠦᠢᠯᠭᠡᠭᠡᠨ ᠤ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠤᠨ᠎ᠠ᠃ |