ᠰᠢᠨᠬᠤᠸᠠ ᠬᠤᠷᠢᠶ᠎ᠠ ᠶᠢᠨ ᠪᠡᠭᠡᠵᠢᠩ ᠤᠨ 3 ᠰᠠᠷ᠎ᠠ ᠶᠢᠨ 13 ᠤ ᠴᠠᠭᠢᠯᠭᠠᠨ ᠮᠡᠳᠡᠭᠡ ᠨᠠᠮ ᠤᠨ ᠲᠥᠪ ᠬᠤᠷᠢᠶ᠎ᠠ ᠶᠢᠨ ᠠᠯᠪᠠᠨ ᠲᠢᠩᠬᠢᠮ ︽ᠤᠯᠤᠰ ᠤᠨ | ᠭᠠᠪᠢᠶᠠᠨ ᠲᠡᠮᠳᠡᠭ ᠪᠠ ᠤᠯᠤᠰ ᠤᠨ ᠢᠷᠠᠭᠤ ᠠᠯᠳᠠᠷ ᠤᠨ ᠴᠣᠯᠠ ᠶᠢ ᠨᠡᠷ᠎ᠡ ᠳᠤᠷᠠᠳᠴᠤ ᠰᠢᠯᠭᠠᠷᠠᠭᠤᠯᠬᠤ ᠠᠵᠢᠯ ᠢ ᠰᠠᠶᠢᠲᠤᠷ ᠬᠢᠬᠦ ᠲᠤᠬᠠᠢ ᠮᠡᠳᠡᠭᠳᠡᠯ︾ ︵ᠳᠣᠷᠣᠭᠰᠢ | ︽ᠮᠡᠳᠡᠭᠳᠡᠯ︾ ᠭᠡᠵᠦ ᠳᠥᠭᠦᠮᠴᠢᠯᠡᠨ᠎ᠡ︶ ᠢ ᠣᠶᠢᠷ᠎ᠠ ᠳᠤ ᠳᠠᠷᠤᠮᠠᠯᠯᠠᠨ ᠲᠠᠷᠬᠠᠭᠠᠪᠠ᠃ ︽ᠮᠡᠳᠡᠭᠳᠡᠯ︾ ᠳᠤ᠂ ᠨᠠᠮ ᠤᠨ ᠲᠥᠪ ᠬᠤᠷᠢᠶ᠎ᠠ ᠠᠴᠠ ᠪᠦᠭᠦᠳᠡ ᠨᠠᠶᠢᠷᠠᠮᠳᠠᠬᠤ | ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ 75 ᠵᠢᠯ ᠤᠨ ᠣᠶ ᠶᠢ ᠪᠡᠯᠭᠡᠯᠡᠬᠦ ᠲᠠᠰᠢᠷᠠᠮ ᠳᠤ᠂ ᠤᠯᠤᠰ ᠤᠨ ᠭᠠᠪᠢᠶᠠᠨ ᠲᠡᠮᠳᠡᠭ ᠪᠠ ᠤᠯᠤᠰ ᠤᠨ ᠢᠷᠠᠭᠤ | ᠠᠯᠳᠠᠷ ᠤᠨ ᠴᠣᠯᠠ ᠶᠢ ᠰᠢᠯᠭᠠᠷᠠᠭᠤᠯᠤᠨ ᠣᠯᠭᠤᠵᠤ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠪᠦᠲᠦᠭᠡᠨ ᠪᠠᠶᠢᠭᠤᠯᠤᠯᠲᠠ ᠪᠠ ᠬᠥᠭᠵᠢᠯᠲᠡ ᠳᠤ | ᠭᠠᠷᠮᠠᠭᠠᠢ ᠬᠤᠪᠢ ᠨᠡᠮᠡᠷᠢ ᠦᠵᠡᠭᠦᠯᠦᠭᠰᠡᠨ ᠨᠢᠭᠡ ᠪᠦᠯᠦᠭ ᠭᠠᠪᠢᠶᠠᠲᠤ ᠵᠢᠱᠢᠶᠡᠴᠢ ᠬᠥᠮᠥᠰ ᠢ ᠦᠪᠡᠳᠡᠭᠰᠢ ᠶᠡᠭᠡ ᠪᠠᠷ ᠬᠥᠬᠢᠭᠦᠯᠦᠨ ᠰᠠᠶᠢᠰᠢᠶᠠᠬᠤ ᠪᠠᠷ ᠲᠣᠭᠲᠠᠵᠠᠢ | ᠭᠡᠵᠦ ᠵᠢᠭᠠᠵᠤ ᠭᠠᠷᠭᠠᠪᠠ᠃ | ︽ᠮᠡᠳᠡᠭᠳᠡᠯ︾ ᠳᠤ ᠨᠡᠷ᠎ᠡ ᠳᠤᠷᠠᠳᠴᠤ ᠰᠢᠯᠭᠠᠷᠠᠭᠤᠯᠬᠤ ᠠᠵᠢᠯ ᠤᠨ ᠶᠡᠷᠦᠩᠬᠡᠢ ᠱᠠᠭᠠᠷᠳᠠᠯᠭ᠎ᠠ ᠶᠢ ᠲᠣᠳᠣᠷᠬᠠᠶᠢᠯᠠᠪᠠ᠃ ᠰᠢ ᠶᠢᠨ ᠫᠢᠩ ᠤᠨ ᠰᠢᠨ᠎ᠡ ᠴᠠᠭ | ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠤᠯᠭ᠎ᠠ ᠪᠤᠯᠭᠠᠬᠤ ᠶᠢ ᠪᠠᠷᠢᠮᠲᠠᠯᠠᠵᠤ᠂ ︽ᠬᠤᠶᠠᠷ ᠢ | ᠲᠣᠭᠲᠠᠭᠠᠭᠰᠠᠨ︾ ᠤ ᠰᠢᠢᠳᠪᠦᠷᠢᠯᠡᠭᠴᠢ ᠴᠢᠨᠠᠷᠲᠠᠢ ᠠᠴᠢ ᠬᠤᠯᠪᠣᠭᠳᠠᠯ ᠢ ᠭᠦᠨᠵᠡᠭᠡᠢ ᠣᠶᠢᠯᠠᠭᠠᠵᠤ᠂ ︽ᠳᠥᠷᠪᠡᠨ ᠤᠬᠠᠮᠰᠠᠷ︾ ᠢᠶᠠᠨ ᠴᠢᠩᠭᠠᠳᠬᠠᠨ᠂ ︽ᠳᠥᠷᠪᠡᠨ | ᠢᠲᠡᠭᠡᠯ︾ ᠢᠶᠠᠨ ᠪᠠᠲᠤᠳᠬᠠᠵᠤ᠂ ︽ᠬᠤᠶᠠᠷ ᠢ ᠬᠠᠮᠠᠭᠠᠯᠠᠬᠤ︾ ᠶᠢ ᠪᠡᠶᠡᠯᠡᠭᠦᠯᠵᠦ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠪᠦᠲᠦᠭᠡᠨ ᠪᠠᠶᠢᠭᠤᠯᠤᠯᠲᠠ | ᠪᠠ ᠬᠥᠭᠵᠢᠯᠲᠡ ᠳᠤ ᠭᠠᠷᠮᠠᠭᠠᠢ ᠬᠤᠪᠢ ᠨᠡᠮᠡᠷᠢ ᠦᠵᠡᠭᠦᠯᠦᠭᠰᠡᠨ ᠭᠠᠪᠢᠶᠠᠲᠤ ᠵᠢᠱᠢᠶᠡᠴᠢ ᠬᠥᠮᠥᠰ ᠢ ᠬᠠᠮᠤᠭ ᠤᠨ ᠳᠡᠭᠡᠳᠦ ᠪᠠᠷᠢᠮᠵᠢᠶ᠎ᠠ ᠪᠠᠷ ᠬᠥᠬᠢᠭᠦᠯᠦᠨ ᠰᠠᠶᠢᠰᠢᠶᠠᠵᠤ᠂ | ᠦᠨᠳᠦᠰᠦᠲᠡᠨ ᠤ ᠵᠣᠷᠢᠭ ᠰᠠᠨᠠᠭ᠎ᠠ ᠪᠠ ᠴᠠᠭ ᠦᠶ᠎ᠡ ᠶᠢᠨ ᠵᠣᠷᠢᠭ ᠰᠠᠨᠠᠭ᠎ᠠ ᠶᠢ ᠪᠠᠳᠠᠷᠠᠭᠤᠯᠵᠤ᠂ ᠪᠦᠭᠦ ᠤᠯᠤᠰ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠤ | ᠪᠠᠶᠠᠨ ᠬᠦᠴᠦᠷᠬᠡᠭ ᠠᠷᠠᠳᠴᠢᠯᠠᠭᠰᠠᠨ ᠪᠣᠯᠪᠠᠰᠤᠨ ᠡᠶ᠎ᠡ ᠵᠣᠬᠢᠴᠠᠩᠭᠤᠢ ᠦᠵᠡᠰᠬᠦᠯᠡᠩᠲᠦ ᠰᠠᠶᠢᠬᠠᠨ ᠨᠡᠶᠢᠭᠡᠮ ᠵᠢᠷᠤᠮᠲᠤ ᠣᠳᠣᠬᠢᠴᠢᠯᠠᠭᠰᠠᠨ ᠤᠯᠤᠰ ᠢ ᠪᠦᠲᠦᠭᠡᠨ | ᠪᠠᠶᠢᠭᠤᠯᠬᠤ ᠢᠳᠡᠪᠬᠢᠵᠢᠯ ᠢ ᠬᠥᠭᠵᠢᠭᠡᠵᠦ᠂ ᠪᠦᠭᠦ ᠨᠡᠶᠢᠭᠡᠮ ᠢᠶᠠᠷ ᠢᠶᠠᠨ ᠡᠷᠳᠡᠮᠲᠡᠨ ᠮᠡᠷᠭᠡᠳ ᠠᠴᠠ ᠰᠤᠷᠤᠯᠴᠠᠬᠤ᠂ ᠪᠠᠭᠠᠲᠤᠷᠴᠤᠳ ᠢ ᠬᠦᠨᠳᠦᠳᠬᠡᠬᠦ᠂ ᠬᠤᠰᠢᠭᠤᠴᠢ | ᠪᠤᠯᠬᠤ ᠪᠠᠷ ᠴᠢᠷᠮᠠᠶᠢᠬᠤ ᠶᠢ ᠠᠬᠢᠭᠤᠯᠵᠤ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠪᠠᠷ ᠤᠯᠤᠰ ᠢᠶᠠᠨ ᠬᠦᠴᠦᠷᠬᠡᠭᠵᠢᠭᠦᠯᠬᠦ ᠪᠦᠲᠦᠭᠡᠨ ᠪᠠᠶᠢᠭᠤᠯᠤᠯᠲᠠ᠂ | ᠦᠨᠳᠦᠰᠦᠲᠡᠨ ᠤ ᠰᠡᠷᠭᠦᠨ ᠮᠠᠨᠳᠤᠯᠲᠠ ᠶᠢᠨ ᠠᠭᠤᠤ ᠦᠢᠯᠡᠰ ᠢ ᠪᠦᠭᠦ ᠲᠠᠯ᠎ᠠ ᠪᠠᠷ ᠠᠬᠢᠭᠤᠯᠬᠤ ᠳᠤ ᠨᠡᠩ ᠶᠡᠭᠡ ᠰᠢᠨ᠎ᠡ ᠬᠤᠪᠢ ᠨᠡᠮᠡᠷᠢ ᠦᠵᠡᠭᠦᠯᠭᠦ ᠬᠡᠷᠡᠭᠲᠡᠢ᠃ | ︽ᠮᠡᠳᠡᠭᠳᠡᠯ︾ ᠳᠤ ᠨᠡᠷ᠎ᠡ ᠳᠤᠷᠠᠳᠬᠤ ᠵᠢᠱᠢᠭᠳᠡᠭᠴᠢ ᠶᠢᠨ ᠬᠡᠪᠴᠢᠶ᠎ᠡ ᠪᠠ ᠨᠥᠬᠦᠴᠡᠯ ᠢ ᠲᠣᠳᠣᠷᠬᠠᠶᠢᠯᠠᠪᠠ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ | ᠤᠯᠤᠰ ᠤᠨ ᠪᠦᠲᠦᠭᠡᠨ ᠪᠠᠶᠢᠭᠤᠯᠤᠯᠲᠠ ᠪᠠ ᠬᠥᠭᠵᠢᠯᠲᠡ ᠳᠤ ᠭᠠᠷᠮᠠᠭᠠᠢ ᠬᠤᠪᠢ ᠨᠡᠮᠡᠷᠢ ᠦᠵᠡᠭᠦᠯᠦᠭᠰᠡᠨ ᠬᠤᠪᠢ ᠬᠥᠮᠥᠨ ᠢ ᠴᠥᠮ ᠨᠡᠷ᠎ᠡ ᠳᠤᠷᠠᠳᠴᠤ ᠪᠣᠯᠣᠨ᠎ᠠ᠂ | ᠨᠥᠬᠦᠴᠡᠯ ᠳᠤ ᠨᠡᠶᠢᠴᠡᠭᠰᠡᠨ ᠨᠠᠰᠤ ᠪᠠᠷᠠᠭᠰᠠᠨ ᠬᠥᠮᠥᠨ ᠳᠤ ᠨᠡᠬᠡᠮᠵᠢᠯᠡᠨ ᠣᠯᠭᠤᠵᠤ ᠪᠣᠯᠣᠨ᠎ᠠ᠃ ︽ᠪᠦᠭᠦᠳᠡ ᠨᠠᠶᠢᠷᠠᠮᠳᠠᠬᠤ ᠤᠯᠤᠰ ᠤᠨ ᠭᠠᠪᠢᠶᠠᠨ ᠲᠡᠮᠳᠡᠭ︾ ᠲᠤ | ᠨᠡᠷ᠎ᠡ ᠳᠤᠷᠠᠳᠬᠤ ᠵᠢᠱᠢᠭᠳᠡᠭᠴᠢ ᠨᠢ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠪᠦᠲᠦᠭᠡᠨ ᠪᠠᠶᠢᠭᠤᠯᠤᠯᠲᠠ ᠪᠠ ᠬᠥᠭᠵᠢᠯᠲᠡ᠂ ᠢᠯᠠᠩᠭᠤᠶ᠎ᠠ ᠨᠠᠮ ᠤᠨ | ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢ᠂ ᠯᠤᠲᠤ ᠶᠡᠭᠡ ᠬᠤᠪᠢ ᠨᠡᠮᠡᠷᠢ ᠦᠵᠡᠭᠦᠯᠵᠦ᠂ ᠭᠠᠷᠮᠠᠭᠠᠢ ᠭᠠᠪᠢᠶ᠎ᠠ ᠪᠠᠶᠢᠭᠤᠯᠤᠭᠰᠠᠨ᠂ ᠡᠷᠬᠢᠮ ᠳᠡᠭᠡᠳᠦ ᠶᠣᠰᠣ ᠮᠣᠷᠠᠯ | ᠵᠠᠩ ᠴᠢᠨᠠᠷ ᠲᠠᠢ᠂ ᠣᠯᠠᠨ ᠲᠦᠮᠡᠨ ᠳᠤ ᠨᠡᠶᠢᠳᠡᠮ ᠮᠡᠳᠡᠷᠡᠭᠳᠡᠭᠰᠡᠨ ᠭᠠᠷᠮᠠᠭᠠᠢ ᠬᠥᠮᠥᠰ ᠪᠠᠶᠢᠬᠤ ᠬᠡᠷᠡᠭᠲᠡᠢ᠃ ︽ᠨᠥᠬᠦᠷᠯᠡᠯ ᠤᠨ ᠭᠠᠪᠢᠶᠠᠨ ᠲᠡᠮᠳᠡᠭ︾ ᠲᠤ ᠨᠡᠷ᠎ᠡ | ᠳᠤᠷᠠᠳᠬᠤ ᠵᠢᠱᠢᠭᠳᠡᠭᠴᠢ ᠨᠢ ᠮᠠᠨ ᠤ ᠤᠯᠤᠰ ᠤᠨ ᠨᠡᠶᠢᠭᠡᠮ ᠵᠢᠷᠤᠮᠲᠤ ᠣᠳᠣᠬᠢᠴᠢᠯᠠᠯᠲᠠ ᠶᠢᠨ ᠪᠦᠲᠦᠭᠡᠨ ᠪᠠᠶᠢᠭᠤᠯᠤᠯᠲᠠ ᠪᠠ ᠳᠤᠮᠳᠠᠳᠤ ᠭᠠᠳᠠᠭᠠᠳᠤ ᠶᠢᠨ | ᠰᠣᠯᠢᠯᠴᠠᠭ᠎ᠠ ᠬᠠᠮᠲᠤᠷᠠᠯᠴᠠᠭ᠎ᠠ ᠶᠢ ᠠᠬᠢᠭᠤᠯᠵᠤ᠂ ᠳᠡᠯᠡᠬᠡᠢ ᠶᠢᠨ ᠡᠩᠬᠡ ᠲᠠᠶᠢᠪᠤᠩ ᠢ ᠬᠠᠮᠠᠭᠠᠯᠠᠬᠤ ᠳᠤᠮᠳᠠ ᠭᠠᠷᠮᠠᠭᠠᠢ ᠬᠤᠪᠢ ᠨᠡᠮᠡᠷᠢ ᠦᠵᠡᠭᠦᠯᠦᠭᠰᠡᠨ᠂ ᠳᠤᠮᠳᠠᠳᠤ | ᠤᠯᠤᠰ ᠲᠤ ᠣᠷᠳᠣ ᠬᠤᠭᠤᠴᠠᠭ᠎ᠠ ᠪᠠᠷ ᠨᠥᠭᠦᠷᠰᠡᠭ᠂ ᠰᠠᠶᠢᠨ ᠰᠠᠶᠢᠬᠠᠨ ᠨᠡᠷ᠎ᠡ ᠠᠯᠳᠠᠷ ᠲᠠᠢ ᠭᠠᠳᠠᠭᠠᠳᠤ ᠶᠢᠨ ᠬᠥᠮᠥᠨ ᠪᠠᠶᠢᠬᠤ ᠬᠡᠷᠡᠭᠲᠡᠢ᠃ ᠤᠯᠤᠰ ᠤᠨ ᠢᠷᠠᠭᠤ | ᠠᠯᠳᠠᠷ ᠤᠨ ᠴᠣᠯᠠ ᠳᠤ ᠨᠡᠷ᠎ᠡ ᠳᠤᠷᠠᠳᠬᠤ ᠵᠢᠱᠢᠭᠳᠡᠭᠴᠢ ᠨᠢ ᠠᠵᠤ ᠠᠬᠤᠢ᠂ ᠨᠡᠶᠢᠭᠡᠮ᠂ ᠤᠯᠤᠰ ᠤᠨ ᠪᠠᠲᠤᠯᠠᠨ ᠬᠠᠮᠠᠭᠠᠯᠠᠯᠲᠠ᠂ ᠭᠠᠳᠠᠭᠠᠳᠤ ᠬᠠᠷᠢᠯᠴᠠᠭ᠎ᠠ᠂ ᠰᠤᠷᠭᠠᠨ | ᠬᠥᠮᠦᠵᠢᠯ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠂ ᠰᠣᠶᠣᠯ᠂ ᠡᠷᠡᠭᠦᠯ ᠬᠠᠮᠠᠭᠠᠯᠠᠯ᠂ ᠪᠡᠶ᠎ᠡ ᠶᠢᠨ ᠲᠠᠮᠢᠷ ᠵᠡᠷᠭᠡ ᠡᠯ᠎ᠡ ᠬᠦᠷᠢᠶ᠎ᠡ ᠡᠯ᠎ᠡ ᠠᠵᠢᠯ ᠲᠥᠷᠥᠯ᠂ ᠢᠯᠠᠩᠭᠤᠶ᠎ᠠ | ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢ᠂ ᠴᠢᠬᠤᠯᠠ ᠶᠡᠭᠡ ᠬᠤᠪᠢ ᠨᠡᠮᠡᠷᠢ ᠦᠵᠡᠭᠦᠯᠵᠦ᠂ ᠡᠷᠬᠢᠮ ᠳᠡᠭᠡᠳᠦ ᠨᠡᠷ᠎ᠡ ᠬᠦᠨᠳᠦ ᠲᠠᠢ᠂ ᠡᠷᠬᠢᠮ ᠳᠡᠭᠡᠳᠦ | ᠶᠣᠰᠣ ᠮᠣᠷᠠᠯ ᠵᠠᠩ ᠴᠢᠨᠠᠷ ᠲᠠᠢ᠂ ᠣᠯᠠᠨ ᠲᠦᠮᠡᠨ ᠳᠤ ᠨᠡᠶᠢᠳᠡᠮ ᠮᠡᠳᠡᠷᠡᠭᠳᠡᠭᠰᠡᠨ ᠭᠠᠷᠮᠠᠭᠠᠢ ᠬᠥᠮᠥᠰ ᠪᠠᠶᠢᠬᠤ ᠬᠡᠷᠡᠭᠲᠡᠢ᠃ | ︽ᠮᠡᠳᠡᠭᠳᠡᠯ︾ ᠳᠤ ᠨᠡᠷ᠎ᠡ ᠳᠤᠷᠠᠳᠴᠤ ᠰᠢᠯᠭᠠᠷᠠᠭᠤᠯᠬᠤ ᠲᠠᠰ ᠳᠠᠷᠠᠭᠠᠯᠠᠯ ᠪᠠ ᠠᠵᠢᠯ ᠤᠨ ᠱᠠᠭᠠᠷᠳᠠᠯᠭ᠎ᠠ ᠶᠢ ᠲᠣᠳᠣᠷᠬᠠᠶᠢᠯᠠᠪᠠ᠃ ᠵᠣᠬᠢᠶᠠᠨ ᠪᠠᠶᠢᠭᠤᠯᠵᠤ | ᠤᠳᠤᠷᠢᠳᠬᠤ ᠪᠠᠨ ᠴᠢᠩᠭᠠᠳᠬᠠᠵᠤ᠂ ᠨᠠᠷᠢᠨ ᠨᠢᠮᠪᠠᠢ ᠪᠠᠶᠢᠷᠢᠯᠠᠭᠤᠯᠤᠨ ᠲᠣᠬᠢᠷᠠᠭᠤᠯᠬᠤ ᠬᠡᠷᠡᠭᠲᠡᠢ᠃ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ ᠤᠨ ᠨᠠᠮ ᠤᠨ | ᠬᠤᠷᠢᠶ᠎ᠠ ︵ᠨᠠᠮ ᠤᠨ ᠤᠳᠤᠷᠢᠳᠬᠤ ᠳᠤᠭᠤᠶᠢᠯᠠᠩ︶ ᠨᠢ ᠬᠠᠷᠢᠭᠤᠴᠠᠯᠭ᠎ᠠ ᠪᠠᠨ ᠦᠨᠡᠨ ᠬᠦ ᠡᠭᠦᠷᠭᠡᠯᠡᠵᠦ᠂ ᠨᠠᠷᠢᠨ ᠨᠢᠮᠪᠠᠢ ᠵᠣᠬᠢᠶᠠᠨ ᠪᠠᠶᠢᠭᠤᠯᠤᠨ ᠬᠡᠷᠡᠭᠵᠢᠭᠦᠯᠵᠦ᠂ | ᠳᠡᠭᠡᠳᠦ ᠬᠡᠮᠵᠢᠶᠡᠨ ᠤ ᠤᠯᠤᠰ ᠲᠥᠷᠥ ᠶᠢᠨ ᠬᠠᠷᠢᠭᠤᠴᠠᠯᠭᠠᠲᠤ ᠰᠡᠳᠬᠢᠯᠭᠡ ᠪᠠᠷ ᠬᠠᠮᠢᠶ᠎ᠠ ᠪᠦᠬᠦᠢ ᠠᠵᠢᠯ ᠢ ᠰᠠᠶᠢᠲᠤᠷ ᠬᠢᠬᠦ ᠬᠡᠷᠡᠭᠲᠡᠢ᠃ ᠵᠥᠪ ᠴᠢᠭᠯᠡᠯ ᠢ ᠡᠵᠡᠮᠳᠡᠵᠦ᠂ | ᠨᠡᠷ᠎ᠡ ᠳᠤᠷᠠᠳᠤᠭᠳᠠᠭᠰᠠᠨ ᠬᠥᠮᠥᠰ ᠤᠨ ᠲᠡᠷᠢᠭᠦᠨ ᠤ ᠴᠢᠨᠠᠷ᠂ ᠲᠥᠯᠥᠭᠡᠯᠡᠬᠦ ᠴᠢᠨᠠᠷ ᠪᠠ ᠴᠠᠭ ᠦᠶᠡᠴᠢ ᠴᠢᠨᠠᠷ ᠢ ᠦᠨᠡᠨ ᠬᠦ ᠪᠠᠲᠤᠯᠠᠬᠤ ᠬᠡᠷᠡᠭᠲᠡᠢ᠃ ᠨᠡᠷ᠎ᠡ | ᠳᠤᠷᠠᠳᠤᠭᠳᠠᠭᠰᠠᠨ ᠵᠢᠱᠢᠭᠳᠡᠭᠴᠢ ᠶᠢᠨ ᠪᠠᠶᠢᠩᠭᠤ ᠶᠢᠨ ᠢᠯᠡᠷᠡᠯ ᠢ ᠪᠦᠭᠦ ᠲᠠᠯ᠎ᠠ ᠪᠠᠷ ᠬᠢᠨᠠᠨ ᠰᠢᠯᠭᠠᠵᠤ᠂ ᠤᠯᠤᠰ ᠲᠥᠷᠥ ᠶᠢᠨ ᠪᠣᠭᠤᠮᠲᠠ᠂ ᠠᠷᠢᠭᠤᠨ ᠴᠢᠬᠡᠴᠢ ᠶᠢᠨ | ᠪᠣᠭᠤᠮᠲᠠ ᠶᠢ ᠰᠠᠶᠢᠲᠤᠷ ᠰᠠᠬᠢᠬᠤ ᠶᠢ ᠳᠣᠪᠤᠶᠢᠯᠭᠠᠵᠤ᠂ ᠪᠣᠳᠠᠲᠠᠢ ᠬᠤᠪᠢ ᠨᠡᠮᠡᠷᠢ ᠪᠠᠷ ᠴᠢᠬᠤᠯᠠ ᠦᠨᠡᠯᠡᠬᠦ ᠪᠠᠷᠢᠮᠵᠢᠶ᠎ᠠ ᠪᠤᠯᠭᠠᠵᠤ᠂ ᠢᠯᠡ ᠲᠣᠳᠣ ᠡᠷᠬᠡ ᠲᠡᠭᠰᠢ ᠲᠥᠪ | ᠭᠤᠤᠯᠴᠢ ᠪᠠᠶᠢᠬᠤ ᠶᠢ ᠪᠠᠷᠢᠮᠲᠠᠯᠠᠵᠤ᠂ ᠣᠯᠠᠨ ᠲᠦᠮᠡᠨᠴᠢ ᠱᠤᠭᠤᠮ ᠢ ᠪᠠᠷᠢᠮᠲᠠᠯᠠᠵᠤ᠂ ᠠᠷᠠᠳᠴᠢᠯᠠᠯ ᠢ ᠭᠦᠢᠴᠡᠳ ᠪᠠᠳᠠᠷᠠᠭᠤᠯᠵᠤ᠂ ᠡᠯ᠎ᠡ ᠲᠠᠯ᠎ᠠ ᠶᠢᠨ ᠰᠠᠨᠠᠯ ᠢ | ᠥᠷᠭᠡᠨ ᠢᠶᠠᠷ ᠰᠣᠨᠣᠰᠴᠤ᠂ ᠰᠠᠶᠢᠨ ᠤ ᠳᠤᠮᠳᠠ ᠠᠴᠠ ᠰᠢᠯᠢᠳᠡᠭ ᠢ ᠨᠢ ᠰᠣᠩᠭᠤᠬᠤ ᠬᠡᠷᠡᠭᠲᠡᠢ᠃ |