︽ᠭᠤᠷᠪᠠᠨ ᠮᠢᠩᠭᠠᠨ ᠥᠨᠥᠴᠢᠨ ᠬᠡᠦᠬᠡᠳ ᠢ ᠦᠷᠡᠴᠢᠯᠡᠨ ᠲᠡᠵᠢᠭᠡᠭᠰᠡᠨ ᠨᠢ︾ ᠭᠡᠬᠦ ᠬᠡᠦᠬᠡᠳ ᠤᠨ ᠵᠦᠴᠦᠭᠡ ᠶᠢ 20 ᠲᠠᠯᠠᠪᠠᠢ ᠲᠣᠭᠤᠷᠢᠨ ᠲᠣᠭᠯᠠᠪᠠ
ᠨᠡᠶᠢᠲᠡᠯᠡᠭᠰᠡᠨ ᠴᠠᠭ᠄
2024/12/3
      11 ᠰᠠᠷ᠎ᠠ ᠶᠢᠨ 26 ᠤ ᠡᠳᠦᠷ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠨᠢᠭᠡᠳᠦᠮᠡᠯ ᠹᠷᠣᠨᠲ ᠤᠨ ᠬᠡᠯᠲᠡᠰ ᠵᠢᠴᠢ ᠥᠪᠥᠷ ᠮᠣᠩᠭᠤᠯ  ᠤᠨ ᠤᠷᠠᠯᠢᠭ ᠵᠦᠴᠦᠭᠡ ᠶᠢᠨ ᠬᠦᠷᠢᠶᠡᠯᠡᠩ ᠤᠨ ᠬᠠᠮᠲᠤᠷᠠᠨ ᠪᠦᠲᠦᠭᠡᠭᠰᠡᠨ ︽ᠭᠤᠷᠪᠠᠨ ᠮᠢᠩᠭᠠᠨ ᠥᠨᠥᠴᠢᠨ ᠬᠡᠦᠬᠡᠳ ᠢ ᠦᠷᠡᠴᠢᠯᠡᠨ ᠲᠡᠵᠢᠭᠡᠭᠰᠡᠨ ᠨᠢ︾ ᠭᠡᠬᠦ ᠬᠡᠦᠬᠡᠳ ᠤᠨ ᠵᠦᠴᠦᠭᠡ ᠶᠢᠨ ᠪᠦᠭᠦ ᠣᠷᠣᠨ ᠤ ᠲᠣᠭᠤᠷᠢᠨ ᠲᠣᠬᠯᠠᠯᠳᠠ ᠭᠦᠭᠡᠬᠤᠳᠠ ᠳᠤ ᠶᠠᠪᠤᠭᠳᠠᠵᠤ᠂ ᠡᠨᠡ ᠵᠢᠯ ᠤᠨ 10 - 11 ᠰᠠᠷ᠎ᠠ ᠶᠢᠨ ᠬᠤᠭᠤᠷᠣᠨᠳᠤ ᠲᠣᠰ ᠵᠦᠴᠦᠭᠡ ᠶᠢ ᠭᠦᠭᠡᠬᠤᠲᠠ᠂ ᠪᠤᠭᠤᠲᠤ ᠬᠤᠲᠠ ᠪᠠ ᠣᠷᠳᠣᠰ ᠬᠤᠲᠠ ᠵᠡᠷᠭᠡ ᠭᠠᠵᠠᠷ ᠲᠤ ᠨᠢᠭᠡᠨᠲᠡ 20 ᠲᠠᠯᠠᠪᠠᠶ ᠲᠣᠭᠤᠷᠢᠨ ᠲᠣᠭᠯᠠᠵᠤ᠂ ᠢᠷᠡᠬᠦ ᠵᠢᠯ ᠤᠨ 3 - 6 ᠰᠠᠷ᠎ᠠ ᠪᠣᠯᠣᠨ 9 - 12 ᠰᠠᠷ᠎ᠠ ᠶᠢᠨ ᠬᠤᠭᠤᠷᠣᠨᠳᠤ ᠪᠤᠰᠤᠳ ᠠᠶᠢᠮᠠᠭ ᠬᠤᠳᠠ ᠳᠤ 83 ᠲᠠᠯᠠᠪᠠᠶ ᠲᠣᠭᠤᠷᠢᠨ ᠲᠣᠭᠯᠠᠵᠤ᠂ ᠪᠦᠭᠦ ᠣᠷᠣᠨ ᠤ 103 ᠬᠤᠰᠢᠭᠤ ᠰᠢᠶᠠᠨ ᠲᠣᠭᠤᠷᠢᠭ ᠲᠠᠬᠢ ᠲᠣᠭᠤᠷᠢᠨ ᠲᠣᠬᠯᠠᠯᠳᠠ ᠪᠠᠨ ᠥᠨᠳᠥᠷᠯᠡᠭᠦᠯᠬᠦ ᠪᠣᠯᠣᠨ᠎ᠠ᠃      ︽ᠭᠤᠷᠪᠠᠨ ᠮᠢᠩᠭᠠᠨ ᠥᠨᠥᠴᠢᠨ ᠬᠡᠦᠬᠡᠳ ᠢ ᠦᠷᠡᠴᠢᠯᠡᠨ ᠲᠡᠵᠢᠭᠡᠭᠰᠡᠨ ᠨᠢ︾  ᠭᠡᠬᠦ  ᠬᠡᠦᠬᠡᠳ ᠤᠨ ᠵᠦᠴᠦᠭᠡ ᠳᠤ ᠳᠦᠭᠦᠶᠢᠮ᠎ᠠ ᠶᠢᠨ 28 ᠥᠨᠥᠴᠢᠨ ᠬᠡᠦᠬᠡᠳ ᠢ ᠥᠰᠬᠡᠨ ᠬᠥᠮᠥᠵᠢᠭᠦᠯᠦᠭᠰᠡᠨ ᠦᠯᠢᠭᠡᠷ ᠢᠶᠠᠷ ᠤᠭ ᠳᠦᠷᠢ ᠪᠤᠯᠭᠠᠵᠤ᠂ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ ᠱᠠᠩᠬᠠᠢ᠂ ᠵᠢᠶᠠᠩᠰᠤ᠂ ᠠᠨᠾᠦ᠋ᠢ ᠵᠡᠷᠭᠡ ᠭᠠᠵᠠᠷ ᠪᠠᠶᠢᠭᠠᠯᠢ ᠶᠢᠨ ᠭᠠᠮᠰᠢᠭ ᠲᠤ ᠳᠠᠭᠠᠷᠢᠬᠳᠠᠨ᠂ ᠥᠯᠥᠰᠬᠦᠯᠡᠩ ᠭᠠᠴᠢᠭ ᠲᠦᠮᠡᠨ ᠢ ᠲᠦᠪᠡᠭᠳᠡᠭᠦᠯᠦᠭᠰᠡᠨ ᠪᠡᠷᠬᠡ ᠬᠠᠲᠠᠭᠤᠵᠢᠯᠲᠠᠢ ᠴᠠᠭ ᠦᠶ᠎ᠡ ᠳᠤ ᠥᠪᠥᠷ ᠮᠣᠩᠭᠤᠯ ᠤᠨ ᠠᠷᠠᠳ ᠲᠦᠮᠡᠨ ᠥᠪᠡᠷ ᠤᠨ ᠬᠦᠴᠢᠷ ᠪᠡᠷᠬᠡᠰᠢᠶᠡᠯ ᠢᠶᠠᠨ ᠢᠯᠠᠨ ᠳᠠᠪᠠᠵᠤ᠂ ᠬᠠᠶᠢᠷ᠎ᠠ ᠬᠢᠭᠡᠳ ᠬᠠᠷᠢᠭᠤᠴᠠᠯᠭ᠎ᠠ ᠪᠠᠷ ᠭᠤᠷᠪᠠᠨ ᠮᠢᠩᠭᠠᠨ ᠥᠨᠥᠴᠢᠨ ᠬᠡᠦᠬᠡᠳ ᠢ ᠦᠷᠡᠴᠢᠯᠡᠨ ᠲᠡᠵᠢᠭᠡᠵᠦ ᠥᠰᠬᠡᠨ ᠬᠥᠮᠥᠵᠢᠭᠦᠯᠦᠭᠰᠡᠨ ᠲᠡᠦᠬᠡ ᠶᠢᠨ ᠰᠠᠶᠢᠬᠠᠨ ᠦᠯᠢᠭᠡᠷ ᠢ ᠲᠣᠭᠠᠴᠢᠵᠠᠢ᠃ ︽ᠪᠢ ᠳᠦᠭᠦᠶᠢᠮ᠎ᠠ ᠨᠠᠰᠤᠲᠠᠨ ᠤ ᠳᠦᠷᠢ ᠶᠢ ᠲᠣᠭᠯᠠᠬᠤ ᠪᠠᠷ ᠳᠠᠮᠵᠢᠭᠠᠳ ᠲᠤᠬᠠᠢ ᠶᠢᠨ ᠦᠶ᠎ᠡ ᠳᠤ ᠨᠠᠰᠤᠲᠠᠨ ᠳᠤ ᠲᠣᠬᠢᠶᠠᠯᠳᠤᠭᠰᠠᠨ ᠬᠦᠴᠢᠷ ᠪᠡᠷᠬᠡᠰᠢᠶᠡᠯ ᠪᠠ ᠬᠠᠯᠠ ᠵᠦᠳᠡᠭᠦᠷᠢ ᠶᠢ ᠮᠡᠳᠡᠷᠡᠵᠦ᠂ ᠦᠯᠦ ᠲᠠᠨᠢᠬᠤ ᠥᠨᠥᠴᠢᠨ ᠬᠡᠦᠬᠡᠳ ᠢ ᠡᠬᠡ ᠶᠢᠨ ᠬᠠᠶᠢᠷ᠎ᠠ ᠪᠠᠷ ᠪᠦᠪᠡᠶᠢᠯᠡᠨ ᠥᠰᠬᠡᠭᠰᠡᠨ ᠥᠭᠭᠢᠶᠡᠮᠦᠷ ᠶᠡᠭᠡ ᠬᠠᠶᠢᠷ᠎ᠠ ᠶᠢ ᠨᠢ ᠪᠠᠭ᠋ᠠᠳᠤᠨ ᠪᠢᠰᠢᠷᠡᠭᠰᠡᠨ ᠶᠤᠮ᠃ ᠬᠠᠶᠢᠷ᠎ᠠ ᠪᠠᠶᠢᠮᠠᠨ ᠬᠥᠮᠥᠨ ᠬᠥᠮᠥᠨ ᠤ ᠬᠤᠭᠤᠷᠣᠨᠳᠤ ᠡᠶ᠎ᠡ ᠨᠠᠶᠢᠷ ᠲᠠᠢ ᠪᠠᠶᠢᠵᠤ᠂ ᠨᠡᠶᠢᠭᠡᠮ᠂ ᠤᠯᠤᠰ᠂ ᠳᠡᠯᠡᠬᠡᠢ ᠪᠦᠷ ᠰᠠᠶᠢᠬᠠᠨ ᠪᠣᠯᠣᠨ᠎ᠠ ᠭᠡᠵᠦ ᠪᠢ ᠪᠤᠳᠤᠳᠠᠭ︾ ᠭᠡᠵᠦ ᠳᠦᠭᠦᠶᠢᠮ᠎ᠠ ᠶᠢᠨ ᠳᠦᠷᠢ ᠶᠢ ᠲᠣᠭᠯᠠᠭᠰᠠᠨ ᠴᠣᠮᠣᠷᠯᠢᠭ ᠬᠡᠯᠡᠵᠦ ᠪᠠᠶᠢᠯ᠎ᠠ᠃
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ