ᠥᠪᠥᠷ ᠮᠣᠩᠭᠤᠯ ᠤᠨ ᠬᠠᠳᠤᠨ ᠭᠤᠣᠯ ᠤᠨ ᠰᠠᠪᠠ ᠭᠠᠵᠠᠷ ᠴᠠᠭᠠᠨ ᠰᠤᠪᠤᠷᠭ᠎ᠠ ᠲᠠᠢ ᠡᠷᠲᠡᠨ ᠤ ᠹᠸᠡᠭᠵᠸᠦ ᠬᠤᠳᠠ
ᠨᠡᠶᠢᠲᠡᠯᠡᠭᠰᠡᠨ ᠴᠠᠭ᠄
2024/12/24
      ᠬᠠᠳᠤᠨ ᠭᠤᠣᠯ ᠤᠨ ᠤᠰᠤᠨ ᠲᠦᠮᠡᠨ ᠪᠣᠳᠠᠰ ᠢ ᠤᠮᠳᠠᠯᠠᠨ᠎ᠠ᠃ ᠶᠡᠭᠡ ᠲᠦᠷᠭᠡᠨ ᠭᠤᠣᠯ ᠪᠣᠯ ᠬᠠᠳᠤᠨ ᠭᠤᠣᠯ ᠤᠨ ᠳᠡᠭᠡᠳᠦ ᠤᠷᠤᠰᠬᠠᠯ ᠤᠨ ᠰᠡᠭᠦᠯᠴᠢ  ᠶᠢᠨ ᠬᠡᠰᠡᠭ ᠤᠨ ᠨᠢᠭᠡᠨ ᠲᠣᠮᠣ ᠰᠠᠯᠪᠤᠷᠢ ᠤᠷᠤᠰᠬᠠᠯ ᠪᠠᠶᠢᠵᠤ᠂ ᠹᠸᠡᠭᠵᠸᠦ ᠬᠤᠳᠠ ᠨᠢ ᠳᠠᠷᠤᠢ ᠶᠡᠭᠡ ᠲᠦᠷᠭᠡᠨ ᠭᠤᠣᠯ ᠤᠨ ᠲᠤᠨᠤᠮᠠᠯ ᠳᠡᠪᠢᠭᠦᠷᠯᠢᠭ ᠭᠠᠵᠠᠷ ᠲᠤ ᠣᠷᠣᠰᠢᠵᠤ᠂ ᠭᠦᠭᠡᠬᠤᠳᠠ ᠶᠢᠨ ᠬᠤᠳᠠ ᠲᠡᠭᠦᠷᠭᠡ ᠠᠴᠠ 18 ᠺᠢᠯᠣᠮᠧᠲᠷ ᠵᠠᠶᠢᠲᠠᠢ ᠴᠠᠭᠠᠨ ᠰᠤᠪᠤᠷᠭ᠎ᠠ ᠲᠤᠰᠬᠤᠨ ᠳᠤ ᠪᠠᠶᠢᠷᠢᠯᠠᠵᠤ ᠪᠤᠢ᠃ ᠨᠠᠶᠢᠳᠠ ᠶᠢᠨ ᠣᠨ ᠲᠣᠭᠠᠯᠠᠯ ᠤᠨ 916 ᠣᠨ ᠠᠴᠠ  922 ᠣᠨ ᠪᠤᠯᠳᠠᠯ᠎ᠠ᠂ ᠹᠸᠡᠭᠵᠸᠦ ᠬᠤᠳᠠ ᠪᠠᠶᠢᠭᠤᠯᠤᠭᠳᠠᠵᠤ᠂ ᠤᠨᠴᠠᠭᠠᠢ ᠭᠠᠵᠠᠷ ᠵᠦᠢ ᠶᠢᠨ ᠪᠠᠶᠢᠷᠢᠯᠠᠯ ᠢᠶᠠᠷ ᠢᠶᠠᠨ ᠡᠮᠦᠨᠡᠲᠦ ᠤᠮᠠᠷᠠᠲᠤ ᠵᠢᠴᠢ ᠲᠤᠮᠳᠠᠳᠤ ᠪᠠᠷᠠᠭᠤᠨ ᠤ ᠠᠵᠤ ᠠᠬᠤᠢ ᠰᠣᠶᠣᠯ ᠤᠨ ᠠᠭᠤᠰᠤᠯᠴᠠᠭᠰᠠᠨ ᠭᠠᠵᠠᠷ ᠪᠣᠯᠵᠠᠢ᠃ ᠴᠠᠭᠠᠨ ᠰᠤᠪᠤᠷᠭ᠎ᠠ᠂ ᠡᠷᠲᠡᠨ ᠤ ᠬᠤᠳᠠ᠂ ᠡᠷᠲᠡᠨ ᠤ ᠵᠠᠮ ᠨᠢ 450 ᠵᠢᠯ ᠤᠨ ᠲᠡᠦᠬᠡ ᠲᠠᠢ ᠹᠸᠡᠭᠵᠸᠦ ᠬᠤᠳᠠ ᠶᠢᠨ ᠮᠠᠨᠳᠤᠯ ᠪᠠᠭᠤᠷᠠᠯ ᠢ ᠭᠡᠷᠡᠴᠢᠯᠡᠵᠦ᠂ ᠵᠦᠩᠶᠤᠸᠠᠨ ᠣᠷᠣᠨ ᠤ ᠲᠠᠷᠢᠶᠠᠯᠠᠬᠤ ᠦᠨᠳᠦᠰᠦᠲᠡᠨ ᠵᠢᠴᠢ ᠤᠮᠠᠷᠠᠲᠤ ᠣᠷᠣᠨ ᠤ ᠨᠡᠭᠦᠳᠡᠯᠴᠢᠨ ᠦᠨᠳᠦᠰᠦᠲᠡᠨ ᠤ ᠠᠮᠢᠳᠤᠷᠠᠯ ᠲᠡᠮᠡᠴᠡᠯ ᠤᠨ ᠠᠮᠢᠳᠤᠯᠢᠭ ᠵᠢᠷᠤᠭ ᠢ ᠳᠡᠯᠭᠡᠭᠰᠡᠨ ᠪᠠᠶᠢᠨ᠎ᠠ᠃      2019 ᠣᠨ ᠳᠤ ᠡᠷᠲᠡᠨ ᠤ ᠹᠸᠡᠭᠵᠸᠦ  ᠬᠤᠳᠠ ᠶᠢᠨ ᠪᠠᠭᠤᠷᠢ ᠨᠢ ᠨᠠᠢᠮᠠᠳᠤᠭᠠᠷ ᠪᠦᠯᠦᠭ ᠪᠦᠭᠦ ᠤᠯᠤᠰ ᠤᠨ ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠢᠯᠡᠰ ᠢ ᠬᠠᠮᠠᠭᠠᠯᠠᠬᠤ ᠨᠢᠭᠡᠴᠢ ᠳᠤ ᠵᠢᠭᠰᠠᠭᠠᠭᠳᠠᠨ ᠣᠷᠣᠵᠠᠢ᠃
zf122401.png
      ᠡᠷᠲᠡᠨ ᠤ ᠹᠸᠡᠭᠵᠸᠦ ᠬᠤᠳᠠ ᠶᠢᠨ ᠦᠯᠡᠳᠡᠭᠳᠡᠯ ᠬᠡᠷᠡᠮ      ᠲᠡᠦᠬᠡ ᠶᠢᠨ ᠤᠯᠠ ᠮᠥᠷ ᠢ ᠬᠠᠶᠢᠵᠤ ᠴᠡᠴᠡᠭᠯᠡᠨ ᠬᠥᠭᠵᠢᠭᠰᠡᠨ ᠴᠠᠭ ᠡᠷᠡᠨ ᠢ ᠰᠢᠨᠵᠢᠬᠦᠢ      ᠬᠠᠳᠤᠨ ᠭᠤᠣᠯ ᠭᠦᠭᠡᠬᠤᠳᠠ ᠳᠤ 102.5 ᠺᠢᠯᠣᠮᠧᠲᠷ ᠤᠷᠤᠰᠬᠠᠯ ᠲᠠᠢ ᠪᠠᠶᠢᠵᠤ᠂ ᠭᠦᠨ ᠵᠤᠵᠠᠭᠠᠨ ᠲᠡᠦᠬᠡ ᠶᠢᠨ ᠤᠯᠠ ᠮᠥᠷ ᠢ ᠦᠯᠡᠳᠡᠭᠡᠵᠡᠢ᠃      ︽ᠰᠦᠢᠶᠤᠸᠠᠨ ᠤ ᠨᠡᠪᠲᠡᠷᠬᠡᠢ ᠣᠶᠢᠯᠠᠯᠭ᠎ᠠ︾ ᠳᠤ ᠲᠡᠮᠳᠡᠭᠯᠡᠭᠰᠡᠨ ᠢᠶᠠᠷ᠂ ᠨᠠᠶᠢᠳᠠ ᠶᠢᠨ ᠣᠨ ᠲᠣᠭᠠᠯᠠᠯ ᠤᠨ 916 ᠣᠨ ᠠᠴᠠ 922 ᠣᠨ ᠤ ᠬᠤᠭᠤᠷᠣᠨᠳᠤ᠂ ᠵᠡᠭᠦᠨᠰᠢ ᠪᠠᠷᠠᠭᠤᠨᠰᠢ1000 ᠮᠸᠲᠷ᠂ ᠡᠮᠦᠨᠡᠰᠢ ᠤᠮᠠᠷᠠᠰᠢ 1200 ᠮᠸᠲᠷ ᠤᠨ ᠹᠸᠡᠭᠵᠸᠦ ᠬᠤᠳᠠ ᠪᠠᠶᠢᠭᠤᠯᠤᠭᠳᠠᠵᠤ᠂ 450 ᠵᠢᠯ ᠤᠨ ᠲᠡᠦᠬᠡ  ᠲᠠᠢ᠃ ᠡᠷᠲᠡᠨ ᠤ ᠹᠸᠡᠭᠵᠸᠦ ᠬᠤᠳᠠ ᠨᠢ ᠯᠢᠶᠤᠤ ᠶᠢᠨ ᠦᠶ᠎ᠡ ᠳᠤ ᠪᠠᠶᠢᠭᠤᠯᠤᠭᠳᠠᠵᠤ᠂ ᠲᠤᠬᠠᠢ ᠶᠢᠨ ᠦᠶ᠎ᠡ ᠶᠢᠨ ᠴᠡᠷᠢᠭ ᠤᠨ ᠶᠠᠪᠤᠳᠠᠯ ᠤᠨ ᠴᠢᠬᠤᠯᠠ ᠭᠠᠵᠠᠷ ᠪᠠᠶᠢᠵᠤ᠂ ᠶᠤᠸᠠᠨ ᠤ ᠦᠶ᠎ᠡ ᠳᠤ ᠭᠦᠷᠦᠭᠡᠳ ᠵᠦᠩᠶᠤᠸᠠᠨ ᠣᠷᠣᠨ ᠠᠴᠠ ᠭᠤᠪᠢ ᠶᠢᠨ ᠠᠷᠤ ᠳᠤ ᠨᠡᠪᠲᠡᠷᠡᠬᠦ ᠴᠢᠬᠤᠯᠠ ᠬᠦᠢᠰᠦ ᠪᠣᠯᠵᠠᠢ᠃ 1970 ᠣᠨ ᠳᠤ ᠲᠤᠰ ᠬᠤᠳᠠ ᠠᠴᠠ ᠤᠯᠤᠰ ᠤᠨ ᠨᠢᠭᠡᠳᠦᠭᠡᠷ ᠲᠡᠰ ᠤᠨ ᠲᠡᠦᠬᠡ ᠶᠢᠨ ᠳᠤᠷᠠᠰᠬᠠᠯᠲᠤ ᠵᠦᠢᠯᠡᠰ ᠪᠤᠯᠬᠤ ᠶᠤᠸᠠᠨ ᠤ ᠦᠶ᠎ᠡ ᠶᠢᠨ ᠵᠢᠶᠦ᠋ᠨ ᠶᠣᠣ ᠶᠢᠨ ᠭᠦᠯᠢᠰ ᠢ ᠢᠯᠡᠷᠡᠭᠦᠯᠵᠦ᠂ ᠣᠳᠣᠬᠠᠨ ᠳᠤ ᠥᠪᠥᠷ ᠮᠣᠩᠭᠤᠯ ᠤᠨ ᠮᠦᠽᠧᠢ ᠳᠤ ᠬᠠᠳᠠᠭᠠᠯᠠᠵᠤ ᠪᠤᠢ᠂ ᠲᠡᠷᠡ ᠨᠢ ᠵᠦᠩᠶᠤᠸᠠᠨ ᠣᠷᠣᠨ ᠤ ᠲᠠᠷᠢᠶᠠᠯᠠᠬᠤ ᠰᠣᠶᠣᠯ ᠪᠣᠯᠣᠨ ᠨᠡᠭᠦᠳᠡᠯᠴᠢᠨ ᠦᠨᠳᠦᠰᠦᠲᠡᠨ ᠤ ᠰᠣᠶᠣᠯ ᠤᠨ ᠠᠭᠤᠰᠤᠯᠴᠠᠯ ᠤᠨ ᠲᠠᠯᠠᠰᠲᠤ ᠮᠥᠨ᠃      ᠲᠡᠦᠬᠡ ᠶᠢᠨ ᠲᠡᠮᠳᠡᠭᠯᠡᠯ ᠢ ᠦᠨᠳᠦᠰᠦᠯᠡᠪᠡᠯ᠂ ᠯᠢᠶᠤᠤ ᠤᠯᠤᠰ ᠤᠨ ᠦᠶ᠎ᠡ ᠳᠤ ᠰᠦᠮ᠎ᠡ ᠬᠡᠶᠢᠳ ᠶᠡᠬᠡᠪᠡᠷ ᠪᠠᠶᠢᠭᠤᠯᠵᠤ᠂ ᠨᠠᠶᠢᠳᠠ ᠶᠢᠨ ᠣᠨ ᠲᠣᠭᠠᠯᠠᠯ ᠤᠨ 983 ᠣᠨ ᠠᠴᠠ 1101 ᠣᠨ ᠤ ᠬᠤᠭᠤᠷᠣᠨᠳᠤ ᠤᠷᠭᠢᠯ ᠤᠨ ᠱᠠᠲᠤᠨ ᠳᠠᠭᠠᠨ ᠬᠦᠷᠴᠡᠢ᠃ ᠱᠠᠨ ᠰᠢ ᠮᠤᠵᠢ ᠶᠢᠨ ᠳ᠋ᠠᠲ᠋ᠦ᠋ᠩ ᠬᠤᠳᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠦᠭᠡᠬᠤᠳᠠ ᠳᠤ ᠬᠠᠳᠠᠭᠠᠯᠠᠭᠳᠠᠵᠤ ᠪᠠᠶᠢᠭ᠎ᠠ ᠯᠢᠶᠤᠤ ᠤᠯᠤᠰ ᠤᠨ ᠦᠶ᠎ᠡ ᠶᠢᠨ ᠱᠠᠰᠢᠨ ᠤ ᠪᠠᠷᠢᠯᠭ᠎ᠠ ᠶᠢ ᠦᠨᠳᠦᠰᠦᠨ ᠳᠡᠭᠡᠨ ᠯᠢᠶᠤᠤ ᠰᠢᠩ ᠽᠥᠩ ᠠᠴᠠ ᠯᠢᠶᠤᠤ ᠳ᠋ᠣᠣ ᠽᠥᠩ ᠤᠨ ᠦᠶ᠎ᠡ ᠳᠤ ᠪᠠᠶᠢᠭᠤᠯᠵᠠᠢ᠃ ᠡᠭᠦᠨ ᠳᠤ᠂ ᠲᠦᠮᠡᠨ ᠪᠣᠳᠢ ᠴᠡᠴᠡᠭ ᠤᠨ ᠴᠢᠮᠡᠭᠲᠦ ᠰᠤᠳᠤᠷ ᠤᠨ ᠰᠤᠪᠤᠷᠭ᠎ᠠ ︵ᠣᠨ ᠲᠣᠭᠠᠯᠠᠯ ᠤᠨ 965 ᠣᠨ - 969 ᠣᠨ︶ ᠡᠷᠲᠡᠨ ᠤ ᠹᠸᠡᠭᠵᠸᠦ ᠬᠤᠳᠠ ᠶᠢᠨ ᠪᠠᠷᠠᠭᠤᠨ ᠬᠤᠶᠢᠲᠤ ᠥᠨᠴᠥᠭ ᠲᠤ ᠪᠠᠶᠢᠷᠢᠯᠠᠵᠤ᠂ ᠰᠤᠪᠤᠷᠭ᠎ᠠ ᠶᠢ ᠴᠣᠬᠤᠶᠢᠳᠠᠭᠰᠠᠨ ᠪᠣᠯᠬᠤᠷ᠂ ᠥᠪᠴᠢ ᠴᠠᠭᠠᠨ ᠥᠩᠭᠡᠲᠡᠢ ᠪᠠᠶᠢᠵᠤ᠂ ᠴᠠᠭᠠᠨ ᠰᠤᠪᠤᠷᠭ᠎ᠠ ᠬᠡᠮᠡᠵᠡᠢ᠃      ᠴᠠᠭᠠᠨ ᠰᠤᠪᠤᠷᠭ᠎ᠠ ᠪᠣᠯ ᠯᠢᠶᠤᠤ ᠤᠯᠤᠰ ᠤᠨ ᠦᠶ᠎ᠡ ᠶᠢᠨ ᠡᠷᠲᠡᠨ ᠤ ᠹᠸᠡᠭᠵᠸᠦ ᠬᠤᠳᠠ ᠶᠢᠨ ᠪᠠᠭᠤᠷᠢ ᠳᠡᠭᠡᠷ᠎ᠡ ᠦᠯᠡᠳᠡᠭᠰᠡᠨ ᠴᠣᠷᠢ ᠶᠢᠨ ᠭᠠᠭᠴᠠ ᠪᠦᠷᠢᠨ ᠪᠦᠲᠦᠨ ᠪᠠᠷᠢᠯᠭ᠎ᠠ ᠪᠣᠯᠣᠨ᠎ᠠ᠂ ᠮᠥᠨᠴᠦ ᠮᠠᠨ ᠤ ᠤᠯᠤᠰ ᠤᠨ ᠣᠳᠣᠬᠠᠨ ᠦᠯᠡᠳᠡᠭᠡᠳ ᠪᠤᠢ ᠯᠢᠶᠤᠤ ᠶᠢᠨ ᠰᠤᠪᠤᠷᠭ᠎ᠠ ᠶᠢᠨ ᠬᠠᠮᠤᠭ ᠤᠨ ᠭᠤᠶᠢᠳᠠ ᠰᠠᠶᠢᠬᠠᠨ ᠨᠢᠭᠡᠨ ᠪᠣᠯᠣᠨ᠎ᠠ᠂ ᠲᠡᠷᠡ ᠨᠢ ᠮᠢᠩᠭᠠᠨ ᠵᠢᠯ ᠤᠨ ᠰᠠᠯᠬᠢᠨ ᠪᠣᠷᠣᠭᠠᠨ ᠢ ᠲᠤᠭᠤᠯᠤᠬᠰᠠᠨ ᠴᠤ ᠥᠩᠭᠡ ᠭᠠᠯᠪᠢᠷ ᠨᠢ ᠪᠠᠭᠤᠷᠠᠭ᠎ᠠ ᠦᠭᠡᠢ ᠰᠡᠬᠦᠶᠢᠨ ᠰᠦᠨᠳᠡᠷᠯᠡᠭᠰᠡᠭᠡᠷ᠃
zf122402.png
      ᠳᠡᠭᠡᠷ᠎ᠡ ᠵᠠᠭᠤᠨ ᠤ ᠨᠠᠶᠠᠭᠠᠳ ᠣᠨ ᠤ ᠡᠬᠢᠨ ᠳᠤ᠂ ᠴᠠᠭᠠᠨ ᠰᠤᠪᠤᠷᠭ᠎ᠠ ᠠᠴᠠ ᠨᠢᠭᠡᠨ ᠰᠢᠷᠬᠡᠭ ᠵᠦᠩ ᠲᠦᠩ ᠤᠨ ᠴᠠᠭᠠᠰᠤᠨ ᠵᠣᠭᠤᠰ ᠣᠯᠳᠠᠪᠠ᠂ ᠭᠡᠷᠡᠴᠢᠯᠡᠯ ᠢ ᠦᠨᠳᠦᠰᠦᠯᠡᠪᠡᠯ᠂ ᠲᠤᠰ ᠴᠠᠭᠠᠰᠤᠨ ᠵᠣᠭᠤᠰ ᠨᠢ ᠳᠡᠯᠡᠬᠡᠢ ᠳᠡᠭᠡᠷᠡᠬᠢ ᠣᠳᠣᠬᠠᠨ ᠣᠯᠳᠠᠭᠠᠳ ᠪᠠᠶᠢᠭ᠎ᠠ ᠬᠠᠮᠤᠭ ᠤᠨ ᠡᠷᠲᠡᠨ ᠤ ᠴᠠᠭᠠᠰᠤᠨ ᠵᠣᠭᠤᠰ ᠪᠣᠯᠣᠨ᠎ᠠ᠃ 1982 ᠣᠨ ᠳᠤ᠂ ᠲᠦᠮᠡᠨ ᠪᠣᠳᠢ ᠴᠡᠴᠡᠭ ᠤᠨ ᠴᠢᠮᠡᠭᠲᠦ ᠰᠤᠳᠤᠷ ᠤᠨ ᠰᠤᠪᠤᠷᠭ᠎ᠠ  ᠤᠯᠤᠰ ᠤᠨ ᠬᠤᠶᠠᠳᠤᠭᠠᠷ ᠪᠦᠯᠦᠭ ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠨᠢᠭᠡᠴᠢ ᠪᠣᠯᠵᠠᠢ᠃      ᠹᠸᠡᠭᠵᠸᠦ ᠬᠤᠳᠠ ᠪᠠᠶᠢᠭᠤᠯᠤᠭᠳᠠᠭᠰᠠᠨ ᠤ ᠳᠠᠷᠠᠭᠠᠬᠢ ᠬᠡᠳᠦᠨ ᠵᠠᠭᠤᠨ ᠵᠢᠯ ᠤᠨ ᠲᠤᠷᠰᠢ ᠪᠦᠷ ᠴᠡᠴᠡᠭᠯᠡᠨ ᠬᠥᠭᠵᠢᠭᠰᠡᠨ ᠪᠠᠶᠢᠳᠠᠯ ᠳᠤ ᠣᠷᠣᠰᠢᠵᠤ᠂ ᠨᠢᠭᠡᠨ ᠦᠶ᠎ᠡ ᠪᠠᠰᠠ ᠵᠦᠩᠶᠤᠸᠠᠨ ᠣᠷᠣᠨ ᠠᠴᠠ ᠭᠤᠪᠢ ᠶᠢᠨ ᠠᠷᠤ ᠳᠤ ᠨᠡᠪᠲᠡᠷᠡᠬᠦ ᠵᠠᠮ ᠬᠠᠷᠢᠯᠴᠠᠭᠠᠨ ᠤ ᠬᠦᠢᠰᠦ ᠪᠣᠯᠵᠤ ᠪᠠᠶᠢᠪᠠ᠃      ᠴᠠᠭᠠᠨ ᠰᠤᠪᠤᠷᠭ᠎ᠠ ᠨᠢ ᠭᠦᠭᠡᠬᠤᠳᠠ ᠳᠤ ᠠᠪᠴᠤ ᠬᠡᠯᠡᠪᠡᠯ᠂ ᠭᠠᠵᠠᠷ ᠵᠦᠢ ᠶᠢᠨ ᠪᠡᠯᠭᠡ ᠲᠡᠮᠳᠡᠭ ᠤᠨ ᠴᠢᠨᠠᠷᠲᠠᠢ ᠪᠠᠷᠢᠯᠭ᠎ᠠ ᠪᠤᠯᠬᠤ ᠪᠠᠷ ᠦᠯᠦ ᠪᠠᠷᠠᠮ ᠨᠡᠩ ᠴᠤ ᠲᠡᠦᠬᠡ ᠰᠣᠶᠣᠯ ᠤᠨ ᠪᠡᠯᠭᠡ ᠲᠡᠮᠳᠡᠭ ᠮᠥᠨ᠃ ᠬᠥᠬᠡᠮᠳᠦᠭ ᠣᠭᠲᠠᠷᠭᠤᠢ᠂ ᠰᠦᠷᠯᠢᠭ ᠴᠠᠭᠠᠨ ᠰᠤᠪᠤᠷᠭ᠎ᠠ᠂ ᠠᠶᠠᠰ ᠤᠨ ᠰᠠᠯᠬᠢᠨ᠂ ᠬᠤᠨᠭ᠍ᠬᠤᠨ ᠤ ᠲᠠᠭᠤᠨ ᠵᠡᠷᠭᠡ ᠨᠢ ᠪᠦᠷ ᠭᠦᠭᠡᠬᠤᠳᠠ ᠶᠢᠨ ᠤᠷᠳᠤ ᠤᠳᠠᠭᠠᠨ ᠲᠡᠦᠬᠡ ᠰᠣᠶᠣᠯ ᠤᠨ ᠳᠤᠷᠠᠳᠬᠠᠯ ᠪᠣᠯᠣᠨ᠎ᠠ᠃      ᠥᠪᠥᠷ ᠮᠣᠩᠭᠤᠯ ᠤᠨ ᠬᠠᠳᠤᠨ ᠭᠤᠣᠯ ᠤᠨ ᠰᠠᠪᠠ ᠭᠠᠵᠠᠷ ᠤᠨ ᠰᠣᠶᠣᠯ ᠤᠨ ᠰᠤᠳᠤᠯᠭᠠᠨ ᠤ ᠲᠦᠷᠦᠯ ᠵᠦᠢᠯ ᠤᠨ ᠬᠠᠷᠢᠭᠤᠴᠠᠯᠭᠠᠲᠠᠨ ᠺᠠᠩ ᠵᠢᠶᠠᠨ ᠭᠦᠸᠧ ᠶᠢᠨ ᠬᠡᠯᠡᠬᠦ ᠪᠠᠷ᠂ ᠭᠦᠭᠡᠬᠤᠳᠠ ᠪᠦᠭᠦᠨ ᠢᠶᠠᠷ ᠢᠶᠠᠨ ᠬᠠᠳᠤᠨ ᠭᠤᠣᠯ ᠤᠨ ᠤᠷᠤᠰᠬᠠᠯ ᠤᠨ ᠰᠠᠪᠠ ᠭᠠᠵᠠᠷ ᠲᠤ ᠣᠷᠣᠰᠢᠵᠤ᠂ ᠡᠯᠪᠡᠭ ᠪᠠᠶᠠᠯᠢᠭ ᠤᠰᠤᠨ ᠤ ᠡᠬᠢ ᠪᠠᠶᠠᠯᠢᠭ ᠨᠢ ᠲᠤᠰ ᠭᠠᠵᠠᠷ ᠢ ᠤᠮᠳᠠᠯᠠᠭᠠᠳ᠂ ᠥᠩ ᠰᠢᠮᠡᠯᠢᠭ ᠲᠦᠮᠡᠳ ᠤᠨ ᠲᠠᠯ᠎ᠠ ᠶᠢ ᠪᠦᠷᠢᠯᠳᠦᠭᠦᠯᠵᠦ᠂ ᠠᠳᠡᠬᠢ ᠡᠯ᠎ᠡ ᠦᠨᠳᠦᠰᠦᠲᠡᠨ ᠤ ᠠᠷᠠᠳ ᠲᠦᠮᠡᠨ ᠢ ᠠᠵᠤ ᠲᠦᠷᠦᠭᠦᠯᠦᠭᠰᠡᠨ ᠤᠴᠢᠷᠲᠠᠢ᠃
zf122403.png
      ᠴᠠᠭᠠᠨ ᠰᠤᠪᠤᠷᠭ᠎ᠠ ᠠᠴᠠ ᠮᠠᠯᠲᠠᠵᠤ ᠭᠠᠷᠭᠠᠭᠰᠠᠨ ᠵᠢᠶᠦ᠋ᠨ ᠶᠣᠣ ᠶᠢᠨ ᠭᠦᠯᠢᠰ      ᠲᠠᠷᠢᠶᠠᠯᠠᠬᠤ ᠰᠣᠶᠣᠯ ᠮᠠᠯᠵᠢᠬᠤ ᠰᠣᠶᠣᠯ ᠡᠶ᠎ᠡ ᠵᠣᠬᠢᠴᠠᠯ ᠲᠠᠢ ᠴᠡᠴᠡᠭᠯᠡᠨ ᠬᠥᠭᠵᠢᠪᠡ      ᠡᠷᠲᠡᠨ ᠠᠴᠠ ᠠᠪᠤᠭᠠᠳ᠂ ᠥᠪᠥᠷ ᠮᠣᠩᠭᠤᠯ ᠣᠷᠣᠨ ᠪᠣᠯ ᠲᠤᠮᠳᠠᠳᠤ ᠤᠯᠤᠰ ᠤᠨ ᠤᠮᠠᠷᠠᠲᠤ ᠶᠢᠨ ᠡᠯ᠎ᠡ ᠦᠨᠳᠦᠰᠦᠲᠡᠨ ᠤ ᠣᠷᠣᠰᠢᠨ ᠠᠮᠢᠳᠤᠷᠠᠵᠤ᠂ ᠬᠠᠷᠢᠯᠴᠠᠨ ᠠᠭᠤᠰᠤᠯᠴᠠᠭᠰᠠᠨ ᠭᠡᠷ ᠣᠷᠣᠨ ᠪᠣᠯᠣᠨ᠎ᠠ᠃ ᠥᠪᠥᠷ ᠮᠣᠩᠭᠤᠯ ᠤᠨ ᠬᠠᠳᠤᠨ ᠭᠤᠣᠯ ᠤᠨ ᠰᠠᠪᠠ ᠭᠠᠵᠠᠷ ᠪᠣᠯ ᠨᠡᠩ ᠴᠤ ᠲᠥᠪ ᠣᠷᠣᠨ ᠪᠠᠶᠢᠵᠤ᠂ ᠲᠠᠷᠢᠶᠠᠯᠠᠬᠤ ᠰᠣᠶᠣᠯ ᠪᠣᠯᠣᠨ ᠮᠠᠯᠵᠢᠬᠤ ᠰᠣᠶᠣᠯ ᠠᠳᠡ ᠬᠠᠷᠢᠯᠴᠠᠨ ᠲᠦᠰᠢᠯᠴᠡᠨ᠂ ᠬᠠᠮᠲᠤ ᠪᠠᠷ ᠴᠡᠴᠡᠭᠯᠡᠨ ᠬᠥᠭᠵᠢᠵᠡᠢ᠃      ︽ᠥᠪᠥᠷ ᠮᠣᠩᠭᠤᠯ ᠤᠨ ᠬᠠᠳᠤᠨ ᠭᠤᠣᠯ ᠤᠨ ᠲᠡᠦᠬᠡ ᠰᠣᠶᠣᠯ︾ ᠰᠢᠷᠢᠰ ᠨᠣᠮ ︵ᠲᠤᠮᠳᠠᠳᠤ︶ ᠳᠤ ᠲᠡᠮᠳᠡᠭᠯᠡᠭᠰᠡᠨ ᠢᠶᠠᠷ᠂ ᠯᠢᠶᠤᠤ ᠤᠯᠤᠰ ᠤᠨ ᠦᠶ᠎ᠡ ᠳᠤ ︽ᠵᠠᠩ ᠵᠠᠩᠰᠢᠯ ᠢᠶᠠᠷ ᠵᠠᠰᠠᠬᠤ︾ ᠤᠯᠤᠰ ᠢ ᠵᠠᠰᠠᠬᠤ ᠠᠷᠭ᠎ᠠ ᠬᠡᠮᠵᠢᠶ᠎ᠡ ᠠᠪᠴᠤ᠂ ᠤᠯᠤᠰ ᠤᠨ ᠡᠵᠡᠮᠰᠢᠯ ᠣᠷᠣᠨ ᠢᠶᠠᠨ ᠬᠡᠳᠦᠨ ᠲᠣᠮᠣ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠣᠷᠣᠨ ᠬᠤᠪᠢᠶᠠᠷᠢᠯᠠᠵᠤ᠂ ᠥᠪᠥᠷ ᠮᠣᠩᠭᠤᠯ ᠤᠨ ᠬᠠᠳᠤᠨ ᠭᠤᠣᠯ ᠤᠨ ᠰᠠᠪᠠ ᠭᠠᠵᠠᠷ ᠨᠢ ᠰᠢ ᠵᠢᠩ ᠳ᠋ᠣᠣ ᠵᠠᠬᠢᠷᠭ᠎ᠠ ᠶᠢᠨ ᠣᠷᠣᠨ ᠳᠤ ᠬᠠᠮᠢᠶᠠᠷᠤᠭᠳᠠᠵᠤ᠂ ᠲᠤᠰ ᠭᠠᠵᠠᠷ ᠣᠷᠣᠨ ᠨᠢ ᠲᠠᠷᠢᠶᠠᠯᠠᠬᠤ ᠪᠠᠷ ᠭᠤᠣᠯᠳᠠᠭᠤᠯᠬᠤ ᠶᠢᠨ ᠬᠠᠮᠲᠤ ᠪᠠᠰᠠ ᠮᠠᠯᠵᠢᠬᠤ ᠭᠠᠵᠠᠷ ᠣᠷᠣᠨ ᠴᠤ  ᠪᠠᠶᠢᠵᠠᠢ᠂ ᠡᠨᠡ ᠨᠢ ᠪᠠᠰᠠ ᠨᠣᠶᠠᠷᠬᠠᠭᠴᠢᠳ ᠠᠴᠠ ᠲᠠᠷᠢᠶᠠᠯᠠᠬᠤ ᠰᠣᠶᠣᠯ ᠢ ᠭᠥᠯᠢᠶᠡᠨ ᠠᠪᠤᠭᠰᠠᠨ ᠪᠠ ᠬᠥᠭᠵᠢᠭᠦᠯᠦᠭᠰᠡᠨ ᠢ ᠬᠠᠷᠠᠭᠤᠯᠬᠤ ᠶᠢᠨ ᠬᠠᠮᠲᠤ ᠪᠠᠰᠠ ᠲᠤᠬᠠᠢ ᠶᠢᠨ ᠴᠠᠭ ᠦᠶ᠎ᠡ ᠶᠢᠨ ᠥᠪᠥᠷ ᠮᠣᠩᠭᠤᠯ ᠤᠨ ᠬᠠᠳᠤᠨ ᠭᠤᠣᠯ ᠤᠨ ᠰᠠᠪᠠ ᠭᠠᠵᠠᠷ ᠨᠢ ᠠᠳᠠᠯᠢ ᠪᠤᠰᠤ ᠴᠠᠭ ᠦᠶ᠎ᠡ ᠳᠤ ᠮᠠᠨ ᠤ ᠤᠯᠤᠰ ᠤᠨ ᠤᠮᠠᠷᠠᠲᠤ ᠶᠢᠨ ᠲᠠᠷᠢᠶᠠᠯᠠᠬᠤ ᠮᠠᠯᠵᠢᠬᠤ ᠰᠣᠶᠣᠯ ᠤᠨ ᠬᠠᠷᠢᠯᠴᠠᠨ ᠰᠤᠯᠪᠢᠴᠠᠨ ᠠᠭᠤᠰᠤᠯᠴᠠᠭᠰᠠᠨ ᠭᠠᠵᠠᠷ ᠪᠤᠯᠬᠤ ᠳᠤ ᠲᠦᠯᠬᠢᠴᠡ ᠦᠢᠯᠡᠳᠦᠯ ᠦᠵᠡᠭᠦᠯᠵᠡᠢ᠃
zf122404.png
      ᠴᠠᠭᠠᠨ ᠰᠤᠪᠤᠷᠭ᠎ᠠ ᠶᠢᠨ ᠬᠡᠰᠡᠭ ᠦᠵᠡᠭᠳᠡᠯ      ᠶᠠᠩ ᠼᠠᠢ ᠰᠢᠶᠠ ᠰᠡᠭᠦᠳᠡᠷᠯᠡᠪᠡ      ︽ᠥᠪᠥᠷ ᠮᠣᠩᠭᠤᠯ ᠤᠨ ᠨᠡᠪᠲᠡᠷᠬᠡᠢ ᠲᠡᠦᠬᠡ︾ ᠳᠤ ᠢᠩᠭᠢᠵᠦ ᠪᠢᠴᠢᠵᠦ ᠪᠤᠢ᠄ ᠰᠢ ᠵᠢᠩ ᠳ᠋ᠣᠣ ᠶᠢᠨ ᠨᠣᠶᠠᠨ ᠤ ᠣᠷᠳᠣᠨ ᠪᠤᠯᠬᠤ ᠳ᠋ᠠᠲ᠋ᠦ᠋ᠩ ᠹᠦ᠋︵ᠣᠳᠣ  ᠶᠢᠨ ᠱᠠᠨ ᠰᠢ ᠶᠢᠨ ᠳ᠋ᠠᠲ᠋ᠦ᠋ᠩ ᠬᠤᠳᠠ︶ ᠶᠢᠨ ᠬᠠᠷᠢᠶᠠᠨ ᠳᠠᠬᠢ ᠵᠧᠦ ᠰᠢᠶᠠᠨ ᠨᠢ ᠥᠪᠥᠷ ᠮᠣᠩᠭᠤᠯ ᠤᠨ ᠬᠠᠳᠤᠨ ᠭᠤᠣᠯ ᠤᠨ ᠰᠠᠪᠠ ᠭᠠᠵᠠᠷ ᠵᠢᠴᠢ ᠡᠷᠭᠢᠨ ᠲᠣᠭᠤᠷᠢᠨ ᠤ ᠭᠠᠵᠠᠷ ᠪᠠᠶᠢᠵᠠᠢ᠂ ᠲᠡᠳᠡᠭᠡᠷ  ᠨᠢ ᠹᠸᠡᠭᠵᠸᠦ ᠶᠢᠨ ᠲᠢᠶᠠᠨ ᠳ᠋ᠧ ᠵᠢᠶᠦ᠋ᠨ ︵ᠣᠳᠣ ᠶᠢᠨ ᠥᠪᠥᠷ ᠮᠣᠩᠭᠤᠯ ᠤᠨ ᠭᠦᠭᠡᠬᠤᠳᠠ ᠶᠢᠨ ᠴᠠᠭᠠᠨ ᠰᠤᠪᠤᠷᠭ᠎ᠠ ᠡᠷᠲᠡᠨ ᠤ ᠬᠤᠳᠠ︶᠂ ᠶᠦᠨ ᠨᠧᠢ ᠵᠧᠦ ᠺᠠᠢ ᠶᠤᠸᠠᠨ ᠵᠢᠶᠦ᠋ᠨ ︵ᠣᠳᠣ ᠶᠢᠨ ᠥᠪᠥᠷ ᠮᠣᠩᠭᠤᠯ ᠤᠨ ᠲᠦᠮᠡᠳ ᠵᠡᠭᠦᠨ ᠬᠤᠰᠢᠭᠤ︶᠂ ᠲᠢᠶᠠᠨ ᠳ᠋ᠧ ᠵᠢᠶᠦ᠋ᠨ ︵ᠣᠳᠣ ᠶᠢᠨ ᠥᠪᠥᠷ ᠮᠣᠩᠭᠤᠯ ᠤᠨ ᠤᠷᠠᠳ ᠤᠨ ᠡᠮᠦᠨᠡᠲᠦ ᠬᠤᠰᠢᠭᠤ︶᠂ ᠨᠢᠩ ᠪᠢᠶᠠᠨ ᠵᠧᠦ ᠵᠧᠨ ᠰᠢ ᠵᠢᠶᠦ᠋ᠨ︵ᠣᠳᠣ ᠶᠢᠨ ᠥᠪᠥᠷ ᠮᠣᠩᠭᠤᠯ ᠤᠨ ᠭᠦᠭᠡᠬᠤᠳᠠ ᠶᠢᠨ ᠴᠢᠩ ᠱᠦᠢ ᠾᠧ ᠰᠢᠶᠠᠨ ᠤ ᠶᠣᠣ ᠭᠧᠦ ᠰᠢᠶᠠᠩ ᠤᠨ ᠰᠢᠶᠠ ᠴᠧᠩ ᠸᠠᠨ ᠡᠷᠲᠡᠨ ᠤ ᠬᠤᠳᠠ ᠶᠢᠨ ᠪᠠᠭᠤᠷᠢ︶᠂ ᠶᠢᠨ ᠰᠦ᠋ ᠵᠧᠦ ︵ᠣᠳᠣ ᠶᠢᠨ ᠥᠪᠥᠷ ᠮᠣᠩᠭᠤᠯ ᠤᠨ ᠣᠷᠳᠣᠰ ᠬᠤᠳᠠ ᠶᠢᠨ ᠵᠡᠭᠦᠨᠭᠠᠷ ᠬᠤᠰᠢᠭᠤᠨ ᠤ ᠪᠠᠷᠠᠭᠤᠨ ᠬᠤᠶᠢᠲᠤ ᠬᠡᠰᠡᠭ︶᠂ ᠳ᠋ᠦᠩᠱᠧᠩ ᠵᠧᠦ ᠦ᠋ ᠱᠧᠩ ᠵᠢᠶᠦ᠋ᠨ ︵ᠣᠳᠣ ᠶᠢᠨ ᠥᠪᠥᠷ ᠮᠣᠩᠭᠤᠯ ᠤᠨ ᠲᠣᠭᠲᠠᠬᠤ ᠰᠢᠶᠠᠨ ᠤ ᠳ᠋ᠦᠩ ᠱᠠ ᠭᠠᠩ ᠽᠢ ᠡᠷᠲᠡᠨ ᠤ ᠬᠤᠳᠠ ᠶᠢᠨ ᠪᠠᠭᠤᠷᠢ︶᠂ ᠾᠧ ᠴᠢᠩ ᠵᠢᠶᠦ᠋ᠨ ︵ᠣᠳᠣ ᠶᠢᠨ ᠥᠪᠥᠷ ᠮᠣᠩᠭᠤᠯ ᠤᠨ ᠣᠷᠳᠣᠰ ᠬᠤᠳᠠ ᠶᠢᠨ ᠬᠤᠶᠢᠲᠤ ᠬᠡᠰᠡᠭ︶᠂ ᠵᠢᠩ ᠵᠧᠦ ︵ᠣᠳᠣ ᠶᠢᠨ ᠥᠪᠥᠷ ᠮᠣᠩᠭᠤᠯ ᠤᠨ ᠳᠥᠷᠪᠡᠳ ᠬᠤᠰᠢᠭᠤᠨ ᠤ ᠪᠠᠷᠠᠭᠤᠨ ᠬᠤᠶᠢᠲᠤ ᠬᠡᠰᠡᠭ︶ ᠪᠣᠯᠣᠨ᠎ᠠ᠃ ᠡᠷᠲᠡᠨ ᠤ ᠹᠸᠡᠭᠵᠸᠦ ᠬᠤᠳᠠ ᠶᠢᠨ ᠬᠡᠰᠡᠭ ᠨᠢ ᠤᠯᠠᠨ ᠵᠠᠮ ᠤᠨ ᠠᠭᠤᠯᠵᠠᠷ ᠪᠠᠶᠢᠵᠤ᠂ ᠠᠳᠡ ᠠᠴᠠ ᠡᠮᠦᠨᠡᠰᠢᠯᠡᠪᠡᠯ ᠵᠦᠩᠶᠤᠸᠠᠨ ᠣᠷᠣᠨ ᠳᠤ ᠬᠦᠷᠴᠦ᠂ ᠤᠮᠠᠷᠠᠰᠢᠯᠠᠭᠠᠳ ᠮᠤᠨᠢ ᠠᠭᠤᠯᠠ ᠶᠢ ᠳᠠᠪᠠᠪᠠᠯ ᠭᠤᠪᠢ ᠶᠢᠨ ᠤᠮᠠᠷᠠᠲᠤ ᠳᠤ ᠬᠦᠷᠴᠦ᠂ ᠪᠠᠷᠠᠭᠤᠨᠰᠢᠯᠠᠪᠠᠯ ᠪᠠᠷᠠᠭᠤᠨ ᠰᠢᠶᠠ ᠤᠯᠤᠰ ᠪᠣᠯᠣᠨ ᠾᠧ ᠰᠢ ᠶᠢᠨ ᠬᠤᠩᠬᠢᠯ  ᠴᠢᠨᠠᠭᠰᠢᠯᠠᠪᠠᠯ ᠪᠠᠷᠠᠭᠤᠨ ᠬᠢᠵᠠᠭᠠᠷ ᠲᠤ ᠬᠦᠷᠬᠦ ᠪᠣᠯᠣᠨ᠎ᠠ᠃ ᠯᠢᠶᠤᠤ ᠤᠯᠤᠰ ᠤᠨ ᠦᠶ᠎ᠡ ᠳᠤ ᠠᠳᠡ ᠵᠧᠦ ᠰᠢᠶᠠᠨ ᠪᠣᠯᠣᠨ ᠴᠡᠷᠢᠭ ᠤᠨ ᠶᠠᠪᠤᠳᠠᠯ ᠤᠨ ᠪᠠᠶᠢᠭᠤᠯᠤᠮᠵᠢ ᠪᠠᠶᠢᠭᠤᠯᠤᠭᠰᠠᠨ ᠨᠢ ᠨᠢᠭᠡ ᠲᠠᠯ᠎ᠠ ᠪᠠᠷ ᠥᠪᠥᠷ ᠮᠣᠩᠭᠤᠯ ᠤᠨ ᠬᠠᠳᠤᠨ ᠭᠤᠣᠯ ᠤᠨ ᠰᠠᠪᠠ ᠭᠠᠵᠠᠷ ᠤᠨ ᠬᠠᠮᠢᠶᠠᠷᠤᠯᠲᠠ  ᠪᠠᠨ ᠴᠢᠩᠭᠠᠳᠬᠠᠵᠤ᠂ ᠨᠦᠭᠦᠭᠡ ᠲᠠᠯ᠎ᠠ ᠪᠠᠷ ᠲᠤᠬᠠᠢ ᠶᠢᠨ ᠭᠠᠵᠠᠷ ᠣᠷᠣᠨ ᠤ ᠪᠦᠲᠦᠭᠡᠨ ᠪᠠᠶᠢᠭᠤᠯᠤᠯᠲᠠ ᠳᠤ ᠠᠯᠪᠠᠨ ᠤ ᠲᠠᠯ᠎ᠠ ᠶᠢᠨ ᠳᠡᠮᠵᠢᠯᠭᠡ ᠬᠠᠩᠭᠠᠪᠠ᠂ ᠢᠯᠠᠩᠭᠤᠶ᠎ᠠ ᠠᠯᠪᠠᠨ ᠤ ᠲᠠᠯ᠎ᠠ ᠠᠴᠠ ᠵᠣᠬᠢᠶᠠᠨ ᠪᠠᠶᠢᠭᠤᠯᠵᠤ ᠶᠠᠪᠤᠭᠳᠠᠭᠤᠯᠤᠭᠰᠠᠨ ᠲᠠᠷᠢᠶᠠᠯᠠᠩ ᠢᠶᠠᠷ ᠨᠡᠭᠡᠭᠡᠨ ᠠᠰᠢᠭᠯᠠᠬᠤ ᠠᠷᠭ᠎ᠠ ᠠᠪᠴᠠᠯ ᠨᠢ ᠲᠤᠬᠠᠢ ᠶᠢᠨ ᠭᠠᠵᠠᠷ ᠣᠷᠣᠨ ᠤ ᠲᠠᠷᠢᠶᠠᠯᠠᠩ ᠦᠢᠯᠡᠳᠪᠦᠷᠢᠯᠡᠯ ᠢ ᠠᠬᠢᠭᠤᠯᠬᠤ᠂ ᠬᠢᠯᠢ ᠬᠢᠵᠠᠭᠠᠷ ᠤᠨ ᠲᠣᠭᠲᠠᠭᠤᠨ ᠢ ᠬᠠᠮᠠᠭᠠᠯᠠᠬᠤ ᠳᠤ ᠪᠠᠲᠤᠯᠠᠭ᠎ᠠ ᠬᠠᠩᠭᠠᠵᠠᠢ᠃
zf122405.png
      ᠯᠢᠶᠤᠤ ᠶᠢᠨ ᠰᠢᠷ᠎ᠠ ᠪᠤᠳᠤᠭ ᠲᠠᠢ ᠬᠤᠯᠤ ᠬᠡᠯᠪᠡᠷᠢᠲᠦ ᠳᠡᠪᠦᠷ᠎ᠡ      ᠨᠠᠶᠢᠳᠠ ᠶᠢᠨ ᠣᠨ ᠲᠣᠭᠠᠯᠠᠯ ᠤᠨ 907 ᠣᠨ - 1125 ᠣᠨ ᠤ ᠬᠤᠭᠤᠷᠣᠨᠳᠤ᠂ ᠯᠢᠶᠤᠤ ᠤᠯᠤᠰ ᠤᠨ ᠨᠣᠶᠠᠷᠬᠠᠯ ᠤᠨ ᠣᠷᠣᠨ ᠳᠤ ︵ᠣᠳᠣ ᠶᠢᠨ ᠥᠪᠥᠷ ᠮᠣᠩᠭᠤᠯ ᠤᠨ ᠶᠡᠬᠡᠩᠬᠢ ᠭᠠᠵᠠᠷ ᠣᠷᠣᠨ︶ ᠲᠠᠷᠢᠶᠠᠯᠠᠩ ᠢ ᠶᠡᠬᠡᠪᠡᠷ ᠬᠥᠭᠵᠢᠭᠦᠯᠪᠡ᠂ ᠡᠨᠡ ᠨᠢ ᠥᠪᠥᠷ ᠮᠣᠩᠭᠤᠯ ᠤᠨ ᠬᠠᠳᠤᠨ ᠭᠤᠣᠯ ᠤᠨ ᠰᠠᠪᠠ ᠭᠠᠵᠠᠷ ᠢ ᠨᠡᠭᠡᠭᠡᠨ ᠠᠰᠢᠭᠯᠠᠵᠤ ᠪᠦᠲᠦᠭᠡᠨ ᠪᠠᠶᠢᠭᠤᠯᠬᠤ ᠳᠤ ᠠᠯᠤᠰ ᠭᠡᠳᠦ ᠶᠢᠨ ᠲᠡᠦᠬᠡ ᠶᠢᠨ ᠨᠥᠯᠥᠭᠡ ᠦᠵᠡᠭᠦᠯᠵᠡᠢ᠃ ︽ ᠶᠢᠨ ᠤ ᠲᠡᠦᠬᠡ·ᠭᠠᠵᠠᠷ ᠵᠦᠢ ᠶᠢᠨ ᠣᠶᠢᠯᠠᠯᠭ᠎ᠠ︾ ᠳᠤ ᠲᠡᠮᠳᠡᠭᠯᠡᠭᠰᠡᠨ ᠢᠶᠠᠷ᠂ ᠨᠠᠶᠢᠳᠠ ᠶᠢᠨ ᠣᠨ ᠲᠣᠭᠠᠯᠠᠯ ᠤᠨ 1125 ᠣᠨ ᠳᠤ᠂ ᠹᠸᠡᠭᠵᠸᠦ ᠳᠤ ᠨᠠᠶᠢᠳᠠ 22683 ᠡᠷᠦᠭᠡ ᠲᠠᠢ᠂ ᠬᠡᠷᠪᠡ ᠡᠷᠦᠭᠡ ᠪᠦᠷᠢ 5 ᠬᠥᠮᠥᠨ ᠢᠶᠠᠷ ᠪᠤᠳᠤᠪᠠᠯ᠂ 10 ᠲᠦᠮᠡ ᠣᠷᠴᠢᠮ ᠬᠥᠮᠥᠨ ᠠᠮᠠ ᠲᠠᠢ ᠪᠠᠶᠢᠵᠠᠢ᠂ ᠡᠨᠡ ᠨᠢ ᠲᠤᠬᠠᠢ ᠶᠢᠨ ᠦᠶ᠎ᠡ ᠶᠢᠨ ᠬᠥᠮᠥᠨ ᠠᠮᠠ ᠨᠡᠯᠢᠶᠡᠳ ᠤᠯᠠᠨ ᠵᠧᠦ ᠳᠤ ᠪᠠᠭᠲᠠᠨ᠎ᠠ᠃      ︽ᠥᠪᠥᠷ ᠮᠣᠩᠭᠤᠯ ᠤᠨ ᠬᠠᠳᠤᠨ ᠭᠤᠣᠯ ᠤᠨ ᠲᠡᠦᠬᠡ ᠰᠣᠶᠣᠯ︾ ᠰᠢᠷᠢᠰ ᠨᠣᠮ ︵ᠲᠤᠮᠳᠠᠳᠤ︶ ᠳᠤ ᠲᠡᠮᠳᠡᠭᠯᠡᠭᠰᠡᠨ ᠢᠶᠠᠷ᠂ ᠶᠢᠨ ᠤᠯᠤᠰ ᠤᠨ ᠨᠣᠶᠠᠷᠬᠠᠯ ᠤᠨ ᠦᠶ᠎ᠡ ᠳᠤ ᠯᠢᠶᠤᠤ ᠤᠯᠤᠰ ᠤᠨ ᠪᠠᠶᠢᠭᠤᠯᠤᠭᠰᠠᠨ ᠰᠢ ᠵᠢᠩ ᠳ᠋ᠣᠣ ᠶᠢᠨ ᠠᠵᠤ ᠠᠬᠤᠢ ᠰᠣᠶᠣᠯ ᠤᠨ ᠬᠥᠭᠵᠢᠯᠲᠡ ᠨᠢ ᠪᠠᠷᠤᠭ ᠯᠢᠶᠤᠤ ᠤᠯᠤᠰ ᠤᠨ ᠮᠠᠨᠳᠤᠨ ᠬᠥᠭᠵᠢᠭᠰᠡᠨ ᠴᠠᠭ ᠦᠶ᠎ᠡ ᠠᠴᠠ ᠴᠤ ᠳᠠᠪᠠᠵᠠᠢ᠃ ᠶᠢᠨ ᠤᠯᠤᠰ ᠭᠤᠪᠢ ᠶᠢᠨ ᠡᠮᠦᠨᠡᠬᠢ ᠭᠠᠵᠠᠷ ᠣᠷᠣᠨ ᠳᠤ ᠯᠢᠶᠤᠤ ᠤᠯᠤᠰ ᠤᠨ ᠦᠶ᠎ᠡ  ᠶᠢᠨ  ᠵᠧᠦ ᠰᠢᠶᠠᠨ ᠤ ᠳᠦᠷᠢᠮ ᠢ ᠦᠷᠭᠦᠯᠵᠢᠯᠡᠨ ᠬᠡᠷᠡᠭᠵᠢᠭᠦᠯᠦᠭᠰᠡᠨ ᠢᠶᠠᠷ ᠦᠯᠦ ᠪᠠᠷᠠᠮ ᠪᠠᠰᠠ ᠰᠢᠨ᠎ᠡ ᠳᠦᠷᠢᠮ ᠬᠡᠷᠡᠭᠵᠢᠭᠦᠯᠵᠡᠢ᠃
zf122406.png
      ᠶᠢᠨ ᠤ ᠰᠠᠬᠢᠭᠤᠯᠰᠤᠨ ᠤ ᠦᠯᠢᠭᠡᠷ ᠤᠨ ᠬᠡ ᠲᠠᠢ ᠭᠠᠤᠯᠢᠨ ᠲᠣᠯᠢ      ᠲᠣᠷᠭᠠᠨ ᠵᠠᠮ ᠦᠨᠳᠦᠰᠦᠲᠡᠨ ᠤ ᠠᠭᠤᠰᠤᠯᠴᠠᠯ ᠤᠨ ᠵᠠᠮ      ᠲᠠᠯ᠎ᠠ ᠨᠤᠲᠤᠭ ᠤᠨ ᠲᠣᠷᠭᠠᠨ ᠵᠠᠮ ᠥᠨᠢ ᠤᠳᠠᠭᠠᠨ ᠲᠡᠦᠬᠡ ᠲᠠᠢ᠂ ᠯᠢᠶᠤᠤ ᠤᠯᠤᠰ ᠤᠨ ᠦᠶ᠎ᠡ ᠳᠤ ᠲᠡᠦᠬᠡ ᠶᠢᠨ ᠬᠠᠮᠤᠭ ᠤᠨ ᠴᠡᠴᠡᠭᠯᠡᠨ ᠬᠥᠭᠵᠢᠭᠰᠡᠨ ᠪᠠᠶᠢᠳᠠᠯ ᠳᠤ ᠣᠷᠣᠵᠤ᠂ ᠹᠸᠡᠭᠵᠸᠦ ᠬᠤᠳᠠ ᠨᠢ ᠣᠮᠲᠣᠭᠠᠶᠢᠯᠠᠵᠤ ᠪᠣᠯᠣᠰᠢ ᠦᠭᠡᠢ ᠪᠠᠶᠢᠷᠢ ᠰᠠᠭᠤᠷᠢ ᠲᠠᠢ ᠪᠠᠶᠢᠵᠠᠢ᠃ ᠨᠡᠶᠢᠳᠡ ᠶᠢᠨ ᠣᠨ ᠲᠣᠭᠠᠯᠠᠯ ᠤᠨ 1005 ᠣᠨ ᠳᠤ᠂ ᠹᠸᠡᠭᠵᠸᠦ ᠬᠤᠳᠠ ᠳᠤ ᠨᠢᠭᠡᠨ ᠠᠷᠠᠯᠵᠢᠶᠠᠨ ᠤ ᠵᠠᠬ᠎ᠠ ᠳᠡᠯᠭᠡᠭᠦᠷ ᠭᠠᠷᠭᠠᠵᠤ᠂ ᠹᠸᠡᠭᠵᠸᠦ ᠬᠤᠳᠠ ᠨᠢ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠪᠣᠯᠣᠨ ᠵᠦᠩᠶᠤᠸᠠᠨ ᠣᠷᠣᠨ ᠤ ᠰᠠᠭᠤᠷᠢᠰᠢᠯ ᠢᠷᠭᠡᠳ ᠤᠨ ᠠᠷᠠᠯᠵᠢᠶ᠎ᠠ ᠮᠠᠶᠢᠮᠠᠢ ᠬᠢᠬᠦ ᠵᠠᠬ᠎ᠠ ᠳᠡᠯᠭᠡᠭᠦᠷ ᠪᠣᠯᠵᠠᠢ᠃ ᠠᠯᠳᠠ᠂ ᠮᠥᠩᠭᠦᠨ ᠠᠭᠤᠷᠬᠠᠢ᠂ ᠳᠠᠪᠤᠰᠤᠨ ᠤ ᠦᠢᠯᠡᠰ᠂ ᠸᠠᠭᠠᠷ ᠱᠠᠭᠠᠵᠠᠩ ᠤᠨ ᠦᠢᠯᠡᠰ ᠨᠢ ᠴᠢᠬᠤᠯᠠ ᠠᠵᠤ ᠠᠬᠤᠢ ᠶᠢᠨ ᠢᠷᠡᠯᠲᠡ ᠪᠣᠯᠵᠠᠢ᠃ ᠶᠤᠸᠠᠨ ᠤᠯᠤᠰ ᠤᠨ ᠦᠶ᠎ᠡ ᠳᠤ ᠭᠦᠷᠦᠭᠡᠳ᠂ ᠹᠸᠡᠭᠵᠸᠦ ᠬᠤᠳᠠ ᠨᠢ ᠵᠦᠩ ᠱᠤ᠋ ᠮᠤᠵᠢ ᠶᠢᠨ ᠳ᠋ᠠᠲ᠋ᠦ᠋ᠩ ᠵᠠᠮ ᠳᠤ ᠬᠠᠮᠢᠶᠠᠷᠤᠭᠳᠠᠵᠠᠢ᠃ ᠹᠸᠡᠭᠵᠸᠦ ᠬᠤᠳᠠ ᠨᠢ ᠡᠮᠦᠨᠡᠲᠦ ᠤᠮᠠᠷᠠᠲᠤ᠂ ᠵᠡᠭᠦᠨ ᠪᠠᠷᠠᠭᠤᠨ ᠢ ᠬᠤᠯᠪᠣᠭᠰᠠᠨ ᠴᠢᠬᠤᠯᠠ ᠵᠠᠮ ᠬᠠᠷᠢᠯᠴᠠᠭᠠᠨ ᠤ ᠭᠠᠵᠠᠷ ᠪᠣᠯᠵᠤ᠂ ᠹᠸᠡᠭᠵᠸᠦ ᠬᠤᠳᠠ ᠪᠠᠷ ᠥᠩᠭᠡᠷᠡᠬᠦ ᠡᠯ᠎ᠡ ᠦᠨᠳᠦᠰᠦᠲᠡᠨ᠂ ᠡᠯ᠎ᠡ ᠠᠩᠭᠢ ᠳᠠᠪᠬᠤᠷᠭ᠎ᠠ ᠶᠢᠨ ᠬᠥᠮᠥᠰ ᠲᠠᠰᠤᠷᠠᠯᠳᠠ ᠦᠭᠡᠢ ᠣᠯᠠᠰᠢᠷᠠᠵᠠᠢ᠃
zf122407.png
      ᠯᠢᠶᠤᠤ ᠶᠢᠨ ᠦᠶ᠎ᠡ ᠶᠢᠨ ᠤᠡᠭᠭᠤᠨ ᠤ ᠬᠠᠨᠠᠨ ᠵᠢᠷᠤᠭ      ︽ᠲᠠᠯ᠎ᠠ ᠨᠤᠲᠤᠭ ᠤᠨ ᠲᠣᠷᠭᠠᠨ ᠵᠠᠮ ᠤᠨ ᠲᠡᠦᠬᠡ ᠰᠣᠶᠣᠯ ᠤᠨ ᠥᠪ ᠤᠨ ᠬᠥᠲᠥᠯᠪᠦᠷᠢ︾ ᠳᠤ᠂ ᠲᠠᠯ᠎ᠠ ᠨᠤᠲᠤᠭ ᠤᠨ ᠲᠣᠷᠭᠠᠨ ᠵᠠᠮ ᠬᠠᠳᠤᠨ ᠭᠤᠣᠯ ᠤᠨ ᠰᠠᠪᠠ ᠭᠠᠵᠠᠷ ᠤᠨ ᠲᠤᠮᠳᠠᠳᠤ ᠳᠣᠣᠷᠠᠳᠤ ᠤᠷᠤᠰᠬᠠᠯ ᠵᠢᠴᠢ ᠲᠡᠭᠦᠨ ᠠᠴᠠ ᠤᠮᠠᠷᠠᠰᠢᠬᠢ ᠥᠨᠥᠳᠥᠷ ᠤᠨ ᠥᠪᠥᠷ ᠮᠣᠩᠭᠤᠯ ᠣᠷᠣᠨ ᠠᠴᠠ ᠡᠬᠢᠯᠡᠵᠦ᠂ ᠬᠡᠳᠦᠨ ᠵᠤᠷᠪᠤᠰ ᠵᠠᠮ ᠢᠶᠠᠷ ᠲᠠᠮᠵᠢᠨ ᠤᠮᠠᠷᠠᠰᠢᠯᠠᠭᠠᠳ ᠮᠣᠩᠭᠤᠯ ᠤᠨ ᠥᠨᠳᠦᠷᠯᠢᠭ ᠲᠤ ᠣᠷᠣᠵᠤ᠂  ᠥᠨᠥᠳᠥᠷ ᠤᠨ ᠣᠷᠬᠤᠨ ᠭᠤᠣᠯ ᠤᠨ ᠰᠠᠪᠠ ᠭᠠᠵᠠᠷ᠂ ᠪᠠᠶᠢᠭᠠᠯ ᠨᠠᠭᠤᠷ ᠤᠨ ᠰᠠᠪᠠ ᠭᠠᠵᠠᠷ ᠢᠶᠠᠷ ᠬᠦᠷᠴᠦ᠂ ᠪᠠᠷᠠᠭᠤᠨᠰᠢ ᠰᠢᠪᠧᠷᠢᠶ᠎ᠠ ᠶᠢᠨ ᠲᠠᠯ᠎ᠠ ᠨᠤᠲᠤᠭ ᠠᠴᠠ ᠰᠢᠭᠤᠳ ᠵᠡᠭᠦᠨ ᠡᠸᠦ᠋ᠷᠦᠫᠡ ᠬᠦᠷᠴᠦ᠂ ᠪᠠᠰᠠ ᠪᠠᠷᠠᠭᠤᠨᠰᠢ ᠬᠠᠩᠭᠠᠢ ᠠᠭᠤᠯᠠ ᠶᠢ ᠲᠠᠪᠠᠨ᠂ ᠠᠯᠲᠠᠢ ᠠᠭᠤᠯᠠ ᠶᠢ ᠲᠠᠭᠠᠵᠤ ᠪᠠᠷᠠᠭᠤᠨᠰᠢᠯᠠᠭᠠᠳ ᠡᠮᠦᠨᠡᠰᠢ ᠮᠤᠷᠤᠶᠢᠵᠤ᠂ ᠲᠡᠭᠷᠢ ᠠᠭᠤᠯᠠᠨ ᠤ ᠠᠷᠤ ᠬᠤᠷᠮᠣᠢ ᠳᠤ ᠭᠦᠷᠦᠭᠡᠳ ᠲᠠᠭᠢᠨ ᠪᠠᠷᠠᠭᠤᠨᠰᠢᠯᠠᠵᠤ ᠳᠣᠲᠣᠭᠠᠳᠤ ᠲᠠᠩᠭᠢᠰ ᠵᠢᠴᠢ ᠬᠠᠷ᠎ᠠ  ᠲᠠᠩᠬᠢᠰ ᠬᠦᠷᠴᠦ ᠴᠢᠨᠠᠭᠰᠢᠯᠠᠭᠠᠳ ᠨᠠᠩ ᠪᠠᠷᠠᠭᠤᠨᠰᠢ ᠡᠸᠦ᠋ᠷᠦᠫᠡ ᠲᠢᠪ ᠲᠤ ᠬᠦᠷᠴᠡᠢ ᠬᠡᠮᠡᠨ ᠲᠡᠮᠳᠡᠭᠯᠡᠵᠡᠢ᠃
zf122408.png
      ᠯᠢᠶᠤᠤ ᠶᠢᠨ ᠨᠣᠭᠤᠭᠠᠨ ᠪᠤᠳᠤᠭ ᠲᠠᠢ ᠲᠠᠬᠢᠶᠠᠨ ᠰᠡᠴᠢᠭᠳᠦ ᠳᠡᠪᠦᠷ᠎ᠡ      ᠲᠡᠦᠬᠡ ᠶᠢᠨ ᠲᠡᠮᠳᠡᠭᠯᠡᠯ ᠢ ᠦᠨᠳᠦᠰᠦᠯᠡᠪᠡᠯ᠂ ᠹᠸᠡᠭᠵᠸᠦ ᠬᠤᠳᠠ ᠶᠢ ᠲᠠᠩ ᠤᠯᠤᠰ ᠤᠨ ᠦᠶ᠎ᠡ ᠶᠢᠨ ᠳᠤᠮᠳᠠ ᠵᠡᠷᠭᠡ ᠶᠢᠨ ᠬᠤᠳᠠ ᠶᠢᠨ ᠳᠦᠷᠢᠮ ᠢᠶᠠᠷ ᠪᠠᠶᠢᠭᠤᠯᠵᠤ᠂ ᠬᠤᠳᠠ ᠶᠢᠨ ᠳᠣᠲᠣᠷ᠎ᠠ ᠨᠢ ᠡᠯ᠎ᠡ ᠦᠨᠳᠦᠰᠦᠲᠡᠨ ᠤ ᠠᠷᠠᠳ ᠲᠦᠮᠡᠨ ᠬᠠᠮᠲᠤᠪᠠᠷ ᠰᠠᠭᠤᠷᠢᠰᠢᠨ᠂ ᠤᠯᠠᠨ ᠵᠦᠢᠯ ᠤᠨ ᠦᠭᠡ ᠭᠡᠯᠡ ᠲᠠᠢ᠂ ᠰᠣᠶᠣᠯ  ᠨᠢ ᠬᠠᠷᠢᠯᠴᠠᠨ ᠠᠭᠤᠰᠤᠯᠴᠠᠵᠤ᠂ ᠠᠵᠤ ᠠᠬᠤᠢ ᠨᠢ ᠤᠷᠢᠳ ᠡᠮᠦᠨ᠎ᠡ ᠭᠠᠷᠤᠭ᠎ᠠ ᠦᠭᠡᠢ ᠬᠥᠭᠵᠢᠵᠦ᠂ ᠦᠢᠯᠡᠳᠪᠦᠷᠢ ᠬᠤᠳᠠᠯᠳᠤᠭᠠᠨ ᠤ ᠦᠢᠯᠡᠰ ᠬᠤᠳᠠ ᠶᠢᠨ ᠠᠷᠠᠳ ᠤᠨ ᠭᠤᠣᠯᠯᠠᠬᠤ ᠦᠢᠯᠡᠰ ᠪᠣᠯᠵᠤ᠂ ᠬᠠᠮᠤᠭ ᠤᠨ ᠴᠢᠬᠤᠯᠠ ᠲᠠᠸᠠᠷ ᠨᠢ ᠱᠠᠭᠠᠵᠠᠩ ᠰᠠᠪᠠ ᠪᠣᠯᠣᠨ ᠲᠣᠷᠭ᠎ᠠ ᠲᠤᠷᠳᠤᠩ ᠪᠠᠶᠢᠪᠠ᠃ ᠲᠤᠬᠠᠢ ᠶᠢᠨ ᠦᠶ᠎ᠡ  ᠶᠢᠨ ᠹᠸᠡᠭᠵᠸᠦ ᠬᠤᠳᠠ ᠳᠤ ᠬᠢᠲᠠᠳ ᠦᠨᠳᠦᠰᠦᠲᠡᠨ᠂ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠠᠴᠠ ᠭᠠᠳᠠᠨ᠎ᠠ ᠪᠠᠰᠠ ᠲᠤᠮᠳᠠᠳᠤ ᠪᠠᠷᠠᠭᠤᠨ ᠠᠽᠢᠶ᠎ᠠ  ᠠᠴᠠ ᠢᠷᠡᠭᠰᠡᠨ ︽ᠰᠧᠮᠦ ᠬᠥᠮᠥᠨ︾ ᠵᠡᠷᠭᠡ ᠪᠠᠶᠢᠵᠤ᠂ ᠬᠠᠮᠲᠤ ᠪᠠᠷ ᠹᠸᠡᠭᠵᠸᠦ ᠬᠤᠳᠠ ᠶᠢᠨ ᠦᠨᠳᠦᠰᠦᠲᠡᠨ ᠤ ᠨᠢᠭᠡᠳᠦᠯ ᠪᠠ ᠬᠥᠭᠵᠢᠯᠲᠡ ᠶᠢ ᠠᠬᠢᠭᠤᠯᠤᠭᠰᠠᠨ ᠪᠠᠶᠢᠨ᠎ᠠ᠃
zf122409.png
      ᠯᠢᠶᠤᠤ ᠶᠢᠨ ᠠᠩ ᠠᠩᠨᠠᠵᠤ ᠪᠠᠶᠢᠭ᠎ᠠ ᠵᠢᠷᠤᠭ       ᠴᠠᠭᠠᠨ ᠰᠤᠪᠤᠷᠭ᠎ᠠ ᠳᠣᠲᠣᠷ᠎ᠠ ᠠᠴᠠ ᠢᠯᠡᠷᠡᠭᠦᠯᠦᠭᠰᠡᠨ ᠴᠢᠯᠠᠭᠤᠨ ᠬᠥᠰᠢᠶ᠎ᠡ ᠳᠡᠭᠡᠷᠡᠬᠢ ᠦᠰᠦᠭ ᠠᠴᠠ ᠹᠸᠡᠭᠵᠸᠦ ᠬᠤᠳᠠ ᠶᠢ ᠰᠠᠶᠢᠲᠤᠷ ᠲᠥᠯᠥᠪᠵᠢᠭᠦᠯᠦᠨ ᠪᠠᠶᠢᠭᠤᠯᠤᠭᠰᠠᠨ ᠲᠡᠳᠦᠢ ᠦᠭᠡᠢ᠂ ᠦᠢᠯᠡᠳᠪᠦᠷᠢ ᠬᠤᠳᠠᠯᠳᠤᠭᠠᠨ ᠤ ᠦᠢᠯᠡᠰ ᠤᠨ ᠬᠥᠭᠵᠢᠯᠲᠡ ᠶᠢᠨ ᠲᠦᠪᠰᠢᠨ ᠥᠨᠳᠥᠷ ᠭᠡᠳᠡᠭ ᠢ ᠮᠡᠳᠡᠵᠤ ᠪᠣᠯᠣᠨ᠎ᠠ᠃ ᠬᠥᠰᠢᠶᠡᠨ ᠤ ᠪᠢᠴᠢᠭ ᠲᠤ ᠪᠠᠰᠠ ᠴᠥᠭᠡᠨ ᠪᠤᠰᠤ ᠬᠢᠲᠠᠳ ᠦᠨᠳᠦᠰᠦᠲᠡᠨ ᠤ ᠣᠪᠣᠭ ᠢᠶᠠᠷ ᠨᠡᠷᠡᠶᠢᠳᠦᠭᠰᠡᠨ ᠲᠤᠰᠬᠤᠨ ᠢᠯᠡᠷᠡᠭᠰᠡᠨ ᠢᠶᠠᠷ ᠦᠯᠦ ᠪᠠᠷᠠᠮ ᠪᠠᠰᠠ ᠴᠥᠭᠡᠨ ᠲᠣᠭᠠᠲᠤ ᠦᠨᠳᠦᠰᠦᠲᠡᠨ ᠤ ᠦᠭᠡ ᠭᠡᠯᠡ ᠪᠠᠷ ᠨᠡᠷᠡᠶᠢᠳᠦᠭᠰᠡᠨ ᠲᠤᠰᠬᠤᠨ ᠵᠢᠴᠢ ᠠᠶᠢᠮᠠᠭ ᠪᠠᠶᠢᠵᠤ᠂ ᠲᠤᠬᠠᠢ ᠶᠢᠨ ᠦᠶ᠎ᠡ ᠶᠢᠨ ᠹᠸᠡᠭᠵᠸᠦ ᠬᠤᠳᠠ ᠵᠢᠴᠢ ᠡᠷᠭᠢᠨ ᠲᠣᠭᠤᠷᠢᠨ ᠤ ᠭᠠᠵᠠᠷ ᠣᠷᠣᠨ ᠤ ᠤᠯᠠᠨ ᠦᠨᠳᠦᠰᠦᠲᠡᠨ ᠬᠠᠮᠲᠤᠪᠠᠷ ᠣᠷᠣᠰᠢᠵᠤ ᠪᠠᠶᠢᠭᠰᠠᠨ ᠪᠠᠶᠢᠳᠠᠯ ᠢ ᠲᠤᠰᠬᠠᠵᠠᠢ᠃      ︽ᠶᠤᠸᠠᠨ ᠤ ᠲᠡᠦᠬᠡ︾ ᠳᠤ  ᠲᠡᠮᠳᠡᠭᠯᠡᠭᠰᠡᠨ ᠢᠶᠠᠷ᠂  ᠹᠸᠡᠭᠵᠸᠦ ᠶᠢᠨ ᠬᠥᠮᠥᠰ ᠲᠠᠷᠢᠶ᠎ᠠ ᠲᠠᠷᠢᠵᠤ᠂ ᠠᠷᠠᠯᠵᠢᠶ᠎ᠠ ᠮᠠᠶᠢᠮᠠᠢ ᠬᠢᠵᠦ᠂ ᠠᠮᠤᠷ ᠰᠡᠯᠡᠭᠦᠦ ᠠᠵᠤ ᠲᠦᠷᠦᠨ᠂ ᠪᠠᠶᠠᠨ ᠴᠢᠨᠡᠭᠡᠯᠢᠭ ᠠᠮᠢᠳᠤᠷᠠᠵᠤ᠂ ᠹᠸᠡᠭᠵᠸᠦ ᠬᠤᠳᠠ ᠶᠢᠨ ᠭᠠᠵᠠᠷ ᠪᠣᠯᠭᠠᠨ ᠳᠤ ᠴᠡᠴᠡᠭᠯᠡᠨ ᠬᠥᠭᠵᠢᠭᠰᠡᠨ ᠪᠠᠶᠢᠳᠠᠯ ᠢᠯᠡᠷᠡᠵᠦ ᠪᠠᠶᠢᠵᠠᠢ᠃      ︵ᠲᠤᠰ ᠨᠢᠭᠤᠷ ᠤᠨ ᠭᠡᠷᠡᠯ ᠵᠢᠷᠤᠭ ᠢ ᠨᠡᠷ᠎ᠡ ᠬᠠᠲᠠᠭᠰᠠᠨ ᠠᠴᠠ ᠨᠢ ᠪᠤᠰᠤᠳ ᠢ ᠨᠢ ᠣᠷᠳᠣᠰ ᠮᠦᠽᠧᠢ᠂ ᠥᠪᠥᠷ ᠮᠣᠩᠭᠤᠯ ᠤᠨ ᠮᠦᠽᠧᠢ᠂ ᠦᠬᠠᠢ ᠮᠦᠽᠧᠢ ᠬᠠᠩᠭᠠᠪᠠ︶ 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ