ᠡᠪᠦᠯ ᠬᠠᠪᠤᠷ ᠤᠨ ᠤᠯᠠᠷᠢᠯ ᠳᠤ᠂ ᠬᠥᠳᠡᠭᠡ ᠨᠤᠲᠤᠭ ᠢᠶᠠᠷ ᠬᠥᠮᠥᠰ ᠳᠠᠩᠳᠠ ᠨᠡᠭᠦᠷᠡᠰᠦ ᠰᠢᠲᠠᠭᠠᠬᠤ ᠵᠤᠤᠬ᠎ᠠ᠂ ᠰᠦᠯᠵᠢᠮᠡᠯ ᠭᠠᠯᠯᠠᠭ᠎ᠠ᠂ ᠨᠡᠭᠦᠷᠡᠰᠦᠨ | ᠭᠠᠯ ᠤᠨ ᠬᠤᠪᠣᠩ ᠵᠡᠷᠭᠡ ᠶᠠᠩᠵᠤ ᠪᠦᠷᠢ ᠶᠢᠨ ᠠᠷᠭ᠎ᠠ ᠭᠡᠯᠪᠡᠷᠢ ᠪᠠᠷ ᠬᠠᠬᠢᠷ ᠬᠦᠢᠲᠡᠨ ᠢ ᠠᠷᠭᠠᠴᠠᠭᠠᠨ ᠥᠩᠭᠡᠷᠡᠭᠦᠯᠳᠡᠭ᠃ ᠨᠡᠭᠦᠷᠡᠰᠦᠨ ᠭᠠᠯ ᠤᠨ ᠬᠤᠪᠣᠩ ᠢ | ᠣᠯᠠᠩᠬᠢ ᠳᠠᠭᠠᠨ ᠡᠮᠦᠨ᠎ᠡ ᠣᠷᠣᠨ ᠤ ᠵᠠᠷᠢᠮ ᠭᠠᠵᠠᠷ ᠲᠤ ᠬᠡᠷᠡᠭᠯᠡᠳᠡᠭ᠂ ᠲᠠᠷᠠ ᠨᠢ ᠬᠥᠮᠥᠰ ᠢ ᠭᠢᠯᠪᠠᠷᠬᠠᠨ ᠢᠶᠠᠷ ᠨᠡᠭᠦᠷᠠᠰᠦᠳᠦ᠋ᠷᠦᠭᠴᠢ ᠶᠢᠨ ᠲᠠᠩ ᠢᠰᠦᠯ | ︵ᠡᠩ ᠤᠨ ᠳᠠᠭᠤᠳᠠᠯᠭ᠎ᠠ ᠨᠢ ᠨᠡᠭᠦᠷᠡᠰᠦᠨ ᠬᠡᠢ ᠭᠡᠳᠡᠭ︶ ᠳᠤ ᠬᠤᠣᠷᠳᠠᠭᠤᠯᠳᠠᠭ᠃ ᠥᠭᠡᠷ᠎ᠡ ᠠᠷᠭ᠎ᠠ ᠪᠠᠷ ᠳᠤᠯᠠᠭᠠᠯᠠᠭ᠎ᠠ ᠬᠢᠭᠰᠡᠨ ᠴᠤ ᠬᠡᠷᠪᠡ ᠭᠡᠷ ᠦᠷᠤᠭᠡ ᠶᠢᠨ | ᠰᠠᠯᠬᠢ ᠵᠢᠪᠠᠷ ᠨᠡᠪᠲᠡᠷᠡᠬᠦ ᠨᠢ ᠠᠨᠠᠢ ᠪᠣᠯ ᠮᠥᠨ ᠯᠠ ᠨᠡᠭᠦᠷᠡᠰᠦᠨ ᠬᠡᠢ ᠳᠤ ᠬᠤᠣᠷᠳᠠᠭᠳᠠᠬᠤ ᠪᠣᠯᠣᠮᠵᠢ ᠲᠠᠢ᠃ ᠨᠡᠭᠦᠷᠡᠰᠦᠨ ᠬᠡᠢ ᠠᠴᠠ ᠪᠣᠯᠵᠤ ᠬᠥᠮᠥᠨ ᠦᠬᠦᠵᠦ | ᠰᠦᠢᠳᠦᠭᠰᠡᠨ ᠬᠡᠷᠡᠭ ᠡᠯ᠎ᠡ ᠭᠠᠵᠠᠷ ᠲᠤ ᠵᠢᠯ ᠪᠦᠷᠢ ᠭᠠᠷᠤᠭᠰᠠᠭᠠᠷ ᠪᠠᠶᠢᠳᠠᠭ᠃ ᠲᠠᠶᠢᠮᠤ ᠪᠣᠯᠬᠤᠷ ᠨᠡᠭᠦᠷᠡᠰᠦᠨ ᠬᠡᠢ ᠳᠤ ᠬᠤᠣᠷᠳᠠᠭᠳᠠᠬᠤ ᠶᠢ ᠰᠡᠷᠭᠡᠶᠢᠯᠡᠬᠦ ᠨᠢ | ᠠᠶᠢᠯ ᠪᠣᠯᠭᠠᠨ ᠤ ᠬᠥᠮᠥᠨ ᠪᠦᠷᠢ ᠶᠢᠨ ᠠᠩᠬᠠᠷᠤᠯ ᠳᠠᠭᠠᠨ ᠠᠪᠬᠤ ᠵᠦᠢᠯ ᠪᠣᠯᠤᠭᠰᠠᠨ ᠪᠠᠶᠢᠳᠠᠭ᠃ | ᠨᠡᠭᠦᠷᠠᠰᠦᠳᠦ᠋ᠷᠦᠭᠴᠢ ᠶᠢᠨ ᠲᠠᠩ ᠢᠰᠦᠯ ᠪᠣᠯ ᠨᠡᠭᠦᠷᠡᠰᠦ᠂ ᠮᠣᠳᠣᠨ ᠨᠡᠭᠦᠷᠡᠰᠦ ᠵᠡᠷᠭᠡ ᠵᠦᠢᠯᠡᠰ ᠪᠦᠷᠢᠮᠦᠰᠦᠨ ᠰᠢᠳᠠᠵᠤ ᠪᠠᠷᠠᠭᠠᠳᠤᠢ ᠦᠶᠡᠰ ᠭᠠᠷᠴᠤ | ᠢᠷᠡᠳᠡᠭ ᠬᠡᠢ ᠪᠡᠶᠡᠲᠦ ᠮᠥᠨ᠂ ᠡᠶᠢᠮᠦ ᠬᠡᠢ ᠪᠡᠶᠡᠲᠦ ᠨᠢ ᠦᠨᠦᠷᠲᠦᠭᠳᠡᠬᠦ ᠦᠭᠡᠢ᠂ ᠦᠵᠡᠭᠳᠡᠬᠦ ᠦᠭᠡᠢ ᠵᠦᠢᠯ ᠪᠣᠯᠬᠤᠷ ᠬᠥᠮᠥᠨ ᠳᠤ ᠲᠠᠶᠢᠮᠤ ᠭᠢᠯᠪᠠᠷᠬᠠᠨ | ᠰᠡᠷᠡᠭᠳᠡᠵᠦ ᠮᠡᠳᠡᠭᠳᠡᠳᠡᠭ ᠦᠭᠡᠢ ︵ᠬᠡᠷᠡᠭᠯᠡᠬᠦ ᠳᠤ ᠠᠮᠤᠷ ᠲᠦᠪᠰᠢᠨ ᠪᠠᠶᠢᠯᠭᠠᠬᠤ ᠶᠢᠨ ᠲᠤᠰᠠᠳᠠ ᠨᠡᠭᠦᠷᠡᠰᠦᠨ ᠬᠡᠢ ᠬᠠᠩᠭᠠᠨ ᠦᠭᠳᠡᠭ ᠠᠵᠤ ᠠᠬᠤᠶᠢᠯᠠᠯ ᠤᠨ | ᠬᠢᠨ ᠦᠮᠡᠬᠡᠢ ᠦᠨᠦᠷ ᠲᠠᠢ ᠳᠥᠷᠪᠡᠳᠡᠭᠴᠢ ᠤᠰᠤᠲᠥ᠋ᠷᠥᠭᠴᠢᠲᠤ ᠲᠢᠤᠹᠧᠨ ᠢ ᠨᠡᠭᠦᠷᠡᠰᠦᠨ ᠬᠡᠢ ᠳᠤ ᠬᠤᠯᠢᠨ ᠣᠷᠣᠭᠤᠯᠵᠤ᠂ ᠨᠡᠭᠦᠷᠡᠰᠦᠨ ᠬᠡᠢ ᠯᠡᠪᠡᠷᠡᠨ | ᠭᠠᠷᠤᠮᠠᠭᠴᠠ ᠬᠥᠮᠥᠰ ᠦᠨᠦᠷ ᠢᠶᠠᠷ ᠨᠢ ᠮᠡᠳᠡᠴᠢᠬᠡᠬᠦ ᠳᠤ ᠲᠦᠭᠦᠮ ᠪᠣᠯᠭᠠᠵᠠᠢ︶᠃ ᠬᠥᠮᠥᠨ ᠤ ᠪᠡᠶ᠎ᠡ ᠳᠤ ᠶᠡᠭᠡ ᠬᠡᠮᠵᠢᠶᠡᠨ ᠤ ᠨᠡᠭᠦᠷᠠᠰᠦᠳᠦ᠋ᠷᠦᠭᠴᠢ ᠶᠢᠨ ᠲᠠᠩ | ᠢᠰᠦᠯ ᠰᠣᠷᠣᠭᠳᠠᠨ ᠣᠷᠣᠪᠠᠯ ᠨᠡᠬᠡᠳᠡᠰᠦ ᠬᠦᠴᠢᠯᠲᠥ᠋ᠷᠥᠭᠴᠢ ᠳᠤᠲᠠᠭᠳᠠᠬᠤ ᠪᠣᠯᠣᠨ᠎ᠠ᠃ ᠣᠬᠤᠷ ᠬᠤᠭᠤᠴᠠᠭᠠᠨ ᠤ ᠳᠣᠲᠣᠷ᠎ᠠ ᠥᠨᠳᠥᠷ ᠥᠳᠬᠡᠴᠡ ᠲᠠᠢ | ᠨᠡᠭᠦᠷᠠᠰᠦᠳᠦ᠋ᠷᠦᠭᠴᠢ ᠶᠢᠨ ᠲᠠᠩ ᠢᠰᠦᠯ ᠢ ᠭᠡᠳᠤ ᠠᠮᠢᠰᠬᠤᠪᠠᠯ ᠠᠮᠢᠰᠬᠤᠭ᠎ᠠ ᠲᠠᠰᠤᠷᠠᠵᠦ ᠲᠠᠷᠠ ᠳᠣᠣᠷ᠎ᠠ ᠪᠠᠨ ᠦᠬᠦᠬᠦ ᠪᠣᠯᠣᠨ᠎ᠠ᠃ | ᠡᠪᠦᠯ ᠤᠨ ᠳᠤᠯᠠᠭᠠᠯᠠᠭ᠎ᠠ ᠶᠢᠨ ᠬᠤᠭᠤᠴᠠᠭᠠᠨ ᠳᠤ ᠦᠳᠡᠰᠢ ᠣᠷᠣᠢ ᠪᠣᠯᠵᠤ ᠤᠨᠲᠠᠬᠤ ᠦᠶᠡᠰ ᠲᠡᠭᠡᠨ ᠬᠥᠮᠥᠰ ᠵᠤᠤᠬ᠎ᠠ ᠶᠢᠨ ᠭᠠᠯ ᠢᠶᠠᠨ ᠮᠠᠨᠠᠵᠤ | ᠲᠠᠯᠪᠢᠳᠠᠭ ᠨᠢ ᠵᠤᠤᠬ᠎ᠠ ᠶᠢᠨ ᠭᠠᠯ ᠢ ᠤᠳᠠᠭᠠᠪᠲᠤᠷ ᠰᠢᠲᠠᠭᠠᠬᠤ ᠶᠢᠨ ᠲᠥᠯᠥᠭᠡ ᠪᠢᠯᠡ᠂ ᠢᠩᠭᠢᠪᠡᠯ ᠵᠤᠤᠬ᠎ᠠ ᠶᠢᠨ ᠭᠠᠯ ᠭᠦᠢᠴᠡᠳ ᠰᠢᠳᠠᠵᠤ ᠲᠡᠶᠢᠯᠭᠦ ᠦᠭᠡᠢ | ᠠᠴᠠ ᠪᠣᠯᠵᠤ᠂ ᠨᠡᠭᠦᠷᠠᠰᠦᠳᠦ᠋ᠷᠦᠭᠴᠢ ᠶᠢᠨ ᠲᠠᠩ ᠢᠰᠦᠯ ᠡᠭᠦᠰᠳᠡᠭ᠃ ᠡᠨᠡ ᠦᠶ᠎ᠡ ᠳᠤ ᠬᠡᠷᠪᠡ ᠭᠡᠷ ᠦᠷᠤᠭᠡ ᠶᠢᠨ ᠳᠣᠲᠣᠷᠠᠬᠢ ᠰᠠᠯᠬᠢ ᠵᠢᠪᠠᠷ ᠨᠡᠪᠲᠡᠷᠡᠬᠦ ᠨᠢ | ᠠᠨᠠᠢ ᠪᠠᠶᠢᠵᠤ᠂ ᠤᠳᠤᠭ᠎ᠠ ᠭᠠᠷᠭᠠᠬᠤ ᠳᠤᠨᠤᠭ ᠲᠥᠬᠦᠭᠡᠷᠦᠮᠵᠢ ᠦᠭᠡᠢ ᠪᠤᠶᠤ ᠶᠠᠨᠳᠤᠩ ᠨᠢ ᠴᠤᠭᠤᠷᠠᠵᠤ ᠬᠡᠢ ᠠᠯᠳᠠᠭᠰᠠᠨ ᠪᠠᠶᠢᠪᠠᠯ᠂ ᠨᠡᠭᠦᠷᠠᠰᠦᠳᠦ᠋ᠷᠦᠭᠴᠢ ᠶᠢᠨ | ᠲᠠᠩ ᠢᠰᠦᠯ ᠵᠤᠤᠬᠠᠨ ᠠᠴᠠ ᠭᠠᠷᠴᠤ᠂ ᠭᠡᠷ ᠳᠣᠲᠣᠷᠠᠬᠢ ᠬᠥᠮᠥᠰ ᠢ ᠬᠤᠣᠷᠳᠠᠭᠤᠯᠵᠤ ᠮᠡᠳᠡᠨ᠎ᠠ᠃ ᠡᠶᠢᠮᠦ ᠠᠴᠠ ᠦᠳᠡᠰᠢ ᠣᠷᠣᠢ ᠭᠠᠯ ᠢᠶᠠᠨ ᠮᠠᠨᠠᠵᠤ | ᠲᠠᠯᠪᠢᠬᠤ ᠳᠠᠭᠠᠨ ᠤᠳᠤᠭ᠎ᠠ ᠭᠠᠷᠬᠤ ᠬᠤᠭᠤᠯᠠᠢ ᠶᠢ ᠪᠥᠭᠯᠡᠷᠡᠭᠦᠯᠵᠦ ᠪᠤᠯᠬᠤ ᠦᠭᠡᠢ᠃ ᠡᠭᠦᠨ ᠤ ᠵᠡᠷᠭᠡ ᠳᠤ ᠪᠠᠰᠠ ᠵᠤᠤᠬᠠᠨ ᠳᠠᠭᠠᠨ ᠶᠠᠨᠳᠤᠩ ᠲᠠᠭᠠᠷᠠᠭᠤᠯᠵᠤ᠂ | ᠶᠠᠨᠳᠤᠩ ᠴᠤᠭᠤᠷᠠᠵᠤ ᠬᠡᠢ ᠠᠯᠳᠠᠵᠤ ᠪᠠᠶᠢᠬᠤ ᠡᠰᠡᠬᠦ ᠶᠢ ᠦᠷᠭᠦᠯᠵᠢ ᠪᠠᠶᠢᠴᠠᠭᠠᠨ ᠦᠵᠡᠵᠦ ᠪᠠᠶᠢᠬᠤ ᠬᠡᠷᠡᠭᠲᠡᠢ᠃ ᠨᠡᠭᠦᠷᠡᠰᠦ ᠰᠢᠲᠠᠭᠠᠵᠤ ᠳᠤᠯᠠᠭᠠᠯᠠᠳᠠᠭ ᠭᠡᠷ | ᠦᠷᠤᠭᠡ ᠳᠤ ᠵᠠᠪᠠᠯ ᠰᠠᠯᠬᠢᠪᠴᠢ ᠪᠤᠶᠤ ᠬᠡᠢ ᠭᠠᠷᠭᠠᠬᠤ ᠰᠡᠩᠰᠡ ᠤᠭᠰᠠᠷᠠᠭᠤᠯᠵᠤ ᠲᠠᠭᠠᠷᠠᠭᠤᠯᠬᠤ ᠬᠡᠷᠡᠭᠲᠡᠢ᠃ ᠶᠠᠨᠳᠤᠩ ᠢᠶᠠᠨ ᠬᠠᠮᠤᠭ ᠤᠨ ᠪᠠᠭ᠎ᠠ ᠳᠠᠭᠠᠨ | ᠬᠤᠶᠠᠷ ᠭᠠᠷᠠᠭ ᠪᠣᠯᠪᠠᠯ ᠨᠢᠭᠡ ᠤᠳᠠᠭ᠎ᠠ ᠭᠦᠪᠢᠨ ᠴᠡᠪᠡᠷᠯᠡᠵᠦ᠂ ᠤᠳᠤᠭ᠎ᠠ ᠭᠠᠷᠬᠤ ᠵᠠᠮ ᠢ ᠰᠠᠭᠠᠳ ᠦᠭᠡᠢ ᠪᠠᠶᠢᠯᠭᠠᠬᠤ ᠬᠡᠷᠡᠭᠲᠡᠢ᠃ | ᠤᠳᠤ ᠦᠶ᠎ᠡ ᠶᠢᠨ ᠭᠡᠷ ᠪᠦᠯᠢ ᠶᠢᠨ ᠬᠢᠨ ᠨᠡᠶᠢᠳᠡᠮ ᠳᠡᠭᠡᠨ ᠰᠢᠩᠭᠡᠵᠢᠭᠦᠯᠦᠭᠰᠡᠨ ᠴᠢᠯᠠᠭᠤᠨ ᠳᠤᠰᠤᠨ ᠤ ᠰᠢᠲᠠᠮᠠᠬᠠᠢ ᠬᠡᠢ ᠪᠠ ᠪᠠᠶᠢᠭᠠᠯᠢ ᠶᠢᠨ ᠰᠢᠲᠠᠮᠠᠬᠠᠢ | ᠬᠡᠢ ᠵᠡᠷᠭᠡ ᠬᠡᠢ ᠪᠡᠶᠡᠲᠦ ᠲᠦᠯᠡᠰᠢ ᠪᠠᠷ ᠬᠤᠭᠤᠯᠠ ᠪᠠᠵᠠᠭᠠᠵᠤ᠂ ᠪᠡᠶ᠎ᠡ ᠤᠬᠢᠶᠠᠬᠤ ᠵᠡᠷᠭᠡ ᠤᠰᠤ ᠪᠠᠨ ᠬᠠᠯᠠᠭᠠᠬᠤ ᠪᠣᠯᠵᠠᠢ᠂ ᠡᠳᠡᠭᠡᠷ ᠬᠡᠢ ᠪᠡᠶᠡᠲᠦ ᠨᠢ ᠬᠢᠴᠢᠶᠡᠬᠦ | ᠦᠭᠡᠢ ᠪᠣᠯ ᠯᠡᠪᠡᠷᠡᠨ ᠭᠠᠷᠴᠤ ᠬᠤᠣᠷᠳᠠᠯ ᠡᠭᠦᠰᠬᠡᠵᠦ ᠮᠡᠳᠡᠨ᠎ᠠ᠃ | ᠨᠡᠭᠦᠷᠡᠰᠦ ᠰᠢᠲᠠᠭᠠᠵᠤ ᠳᠤᠯᠠᠭᠠᠯᠠᠭ᠎ᠠ ᠬᠢᠬᠦ ᠪᠠ ᠰᠢᠲᠠᠮᠠᠬᠠᠢ ᠬᠡᠢ ᠵᠠᠷᠤᠬᠤ ᠳᠠᠭᠠᠨ ᠳᠣᠣᠷᠠᠬᠢ ᠬᠡᠳᠦᠨ ᠵᠦᠢᠯ ᠢ ᠠᠩᠬᠠᠷᠪᠠᠯ ᠵᠣᠬᠢᠨ᠎ᠠ᠄ ᠨᠢᠭᠡ ᠳᠤ᠂ | ᠲᠣᠭᠤᠭ᠎ᠠ ᠲᠤᠯᠭ᠎ᠠ ᠪᠠ ᠰᠢᠲᠠᠮᠠᠬᠠᠢ ᠬᠡᠢ ᠶᠢᠨ ᠡᠬᠢ ᠰᠤᠷᠪᠤᠯᠵᠢ ᠪᠠᠨ ᠢᠵᠢ ᠲᠦᠭᠦᠷᠵᠢᠭᠦᠯᠭᠦ ᠬᠡᠷᠡᠭᠲᠡᠢ᠃ ᠲᠤᠬᠠᠶᠢᠯᠠᠪᠠᠯ ᠨᠡᠭᠦᠷᠡᠰᠦᠨ ᠬᠡᠢ ᠬᠡᠷᠡᠭᠯᠡᠬᠦ ᠭᠡᠵᠦ | ᠪᠠᠶᠢᠭᠠᠳ ᠪᠠᠶᠢᠭᠠᠯᠢ ᠶᠢᠨ ᠰᠢᠲᠠᠮᠠᠬᠠᠢ ᠬᠡᠢ ᠪᠤᠶᠤ ᠰᠢᠩᠭᠡᠵᠢᠮᠡᠯ ᠬᠡᠢ ᠶᠢᠨ ᠲᠣᠭᠤᠭ᠎ᠠ ᠲᠤᠯᠭ᠎ᠠ ᠤᠭᠰᠠᠷᠠᠨ ᠲᠠᠭᠠᠷᠠᠭᠤᠯᠵᠤ ᠪᠤᠯᠬᠤ ᠦᠭᠡᠢ᠃ ᠬᠤᠶᠠᠷ ᠲᠤ᠂ | ᠰᠢᠲᠠᠮᠠᠬᠠᠢ ᠬᠡᠢ ᠬᠡᠷᠡᠭᠯᠡᠬᠦ ᠦᠶ᠎ᠡ ᠳᠡᠭᠡᠨ ᠰᠠᠯᠬᠢ ᠨᠠᠪᠲᠠᠷᠡᠭᠦᠯᠵᠦ ᠠᠭᠠᠷ ᠰᠣᠯᠢᠵᠤ ᠪᠠᠶᠢᠬᠤ ᠬᠡᠷᠡᠭᠲᠡᠢ᠂ ᠬᠡᠷᠡᠭᠯᠡᠬᠦ ᠦᠭᠡᠢ ᠦᠶ᠎ᠡ ᠳᠡᠭᠡᠨ ᠰᠢᠲᠠᠮᠠᠬᠠᠢ ᠬᠡᠢ ᠶᠢᠨ | ᠳᠤᠨᠤᠭ ᠬᠡᠷᠡᠭᠰᠡᠯ ᠤᠨ ᠨᠡᠭᠡᠭᠡᠯᠭᠡ ᠶᠢ ᠬᠠᠭᠠᠵᠤ ᠲᠠᠯᠪᠢᠬᠤ ᠬᠡᠷᠡᠭᠲᠡᠢ᠃ ᠭᠤᠷᠪᠠ ᠳᠤ᠂ ᠨᠡᠭᠦᠷᠡᠰᠦᠨ ᠬᠡᠢ ᠶᠢᠨ ᠢᠶᠠᠨ ᠨᠡᠭᠡᠭᠡᠯᠭᠡ ᠪᠠ ᠵᠥᠭᠡᠯᠡᠨ ᠭᠤᠤᠷᠰᠤ ᠵᠠᠯᠭᠠᠵᠤ | ᠪᠠᠶᠢᠬᠤ ᠵᠠᠯᠭᠠᠭᠠᠳᠠᠰᠤ ᠠᠴᠠ ᠬᠡᠢ ᠯᠡᠪᠡᠷᠡᠨ ᠭᠠᠷᠴᠤ ᠪᠠᠶᠢᠬᠤ ᠡᠰᠡᠬᠦ᠂ ᠲᠣᠭᠤᠭᠠᠨ ᠭᠡᠷ ᠲᠤ ᠨᠡᠭᠦᠷᠡᠰᠦᠨ ᠬᠡᠢ ᠯᠡᠪᠡᠷᠡᠨ ᠭᠠᠷᠴᠤ ᠤᠨᠴᠠᠭᠠᠢ ᠰᠣᠨᠢᠨ ᠦᠨᠦᠷ | ᠦᠨᠦᠷᠲᠦᠭᠳᠡᠵᠦ ᠪᠠᠶᠢᠬᠤ ᠡᠰᠡᠬᠦ ᠶᠢ ᠦᠷᠭᠦᠯᠵᠢ ᠪᠠᠶᠢᠴᠠᠭᠠᠨ ᠦᠵᠡᠵᠦ ᠪᠠᠶᠢᠬᠤ ᠬᠡᠷᠡᠭᠲᠡᠢ᠃ ᠬᠡᠷᠪᠡ ᠬᠡᠢ ᠯᠡᠪᠡᠷᠡᠨ ᠭᠠᠷᠴᠤ ᠪᠠᠶᠢᠬᠤ ᠮᠠᠭᠠᠳ ᠦᠭᠡᠢ ᠭᠡᠵᠦ | ᠰᠡᠵᠢᠭ ᠲᠦᠷᠤᠪᠡᠯ᠂ ᠰᠠᠪᠤᠩ ᠲᠠᠢ ᠤᠰᠤ ᠠᠪᠴᠢᠷᠠᠵᠤ ᠰᠡᠵᠢᠭᠯᠡᠵᠦ ᠪᠠᠶᠢᠭ᠎ᠠ ᠭᠠᠵᠠᠷ ᠲᠤ ᠲᠦᠷᠬᠢᠵᠦ ᠪᠠᠶᠢᠴᠠᠭᠠᠨ ᠦᠵᠡᠭᠡᠷᠡᠢ᠂ ᠪᠠᠶᠢᠴᠠᠭᠠᠵᠤ ᠪᠠᠶᠢᠭ᠎ᠠ ᠭᠠᠵᠠᠷ | ᠴᠢᠨᠢ ᠰᠠᠪᠤᠩ ᠤᠨ ᠭᠦᠭᠡᠰᠤ ᠦᠯᠢᠶᠡᠭᠳᠡᠨ ᠭᠠᠷᠴᠤ ᠪᠠᠶᠢᠪᠠᠯ ᠲᠠᠷᠠ ᠨᠢ ᠬᠡᠢ ᠯᠡᠪᠡᠷᠡᠵᠦ ᠪᠠᠶᠢᠬᠤ ᠶᠢᠨ ᠲᠡᠮᠳᠡᠭ ᠮᠥᠨ᠃ ᠭᠠᠯ ᠨᠣᠴᠣᠭᠠᠵᠤ ᠰᠢᠯᠭᠠᠬᠤ ᠠᠷᠭ᠎ᠠ | ᠪᠠᠷ ᠬᠡᠢ ᠯᠡᠪᠡᠷᠡᠵᠦ ᠪᠠᠶᠢᠬᠤ ᠡᠰᠡᠬᠦ ᠶᠢ ᠪᠠᠶᠢᠴᠠᠭᠠᠨ ᠦᠵᠡᠵᠦ ᠶᠠᠭᠠᠬᠢᠭᠰᠠᠨ ᠴᠤ ᠪᠤᠯᠬᠤ ᠦᠭᠡᠢ᠂ ᠢᠩᠭᠢᠬᠦ ᠳᠤ ᠭᠦᠷᠪᠡᠯ ᠠᠭᠠᠷ ᠲᠤ ᠯᠡᠪᠡᠷᠡᠨ ᠲᠠᠷᠬᠠᠭᠰᠠᠨ | ᠨᠡᠭᠦᠷᠡᠰᠦᠨ ᠬᠡᠢ ᠭᠠᠯ ᠲᠠᠢ ᠵᠣᠯᠭᠠᠵᠤ ᠳᠡᠯᠪᠡᠷᠡᠯᠲᠡ ᠡᠭᠦᠰᠬᠦ ᠠᠶᠤᠯᠲᠠᠢ᠃ ᠬᠡᠢ ᠯᠡᠪᠡᠷᠡᠵᠦ ᠪᠠᠶᠢᠬᠤ ᠶᠢ ᠮᠡᠳᠡᠮᠡᠭᠴᠡ ᠰᠢᠲᠠᠮᠠᠬᠠᠢ ᠬᠡᠢ ᠶᠢᠨ ᠳᠤᠨᠤᠭ | ᠲᠥᠬᠦᠭᠡᠷᠦᠮᠵᠢ ᠶᠢᠨ ᠨᠡᠭᠡᠭᠡᠯᠭᠡ ᠶᠢ ᠬᠠᠭᠠᠵᠤ᠂ ᠴᠣᠩᠬᠤ ᠪᠠᠨ ᠨᠡᠭᠡᠭᠡᠨ ᠰᠠᠯᠬᠢ ᠨᠡᠪᠲᠡᠷᠡᠭᠦᠯᠬᠦ ᠬᠡᠷᠡᠭᠲᠡᠢ᠃ ᠳᠠᠭᠠᠤ ᠳᠤᠨᠢ ᠪᠠᠰᠠ ᠲᠤᠰᠬᠠᠢ ᠮᠡᠷᠭᠡᠵᠢᠯ ᠲᠠᠢ | ᠰᠢᠲᠠᠮᠠᠬᠠᠢ ᠬᠡᠢ ᠶᠢᠨ ᠺᠤᠮᠫᠠᠨᠢ ᠶᠢᠨ ᠬᠢᠨ ᠢ ᠳᠠᠭᠤᠳᠠᠨ ᠰᠡᠯᠪᠢᠨ ᠵᠠᠰᠠᠭᠤᠯᠵᠤ᠂ ᠲᠠᠯᠳᠠ ᠭᠡᠮ ᠢ ᠳᠠᠷᠤᠶᠢᠬᠠᠨ ᠠᠷᠢᠯᠭᠠᠬᠤ ᠬᠡᠷᠡᠭᠲᠡᠢ᠃ ᠳᠥᠷᠪᠡ ᠳᠤ᠂ ᠡᠯᠧᠺᠲᠷᠣᠨ | ᠨᠡᠭᠡᠭᠡᠯᠭᠡ ᠲᠠᠢ ᠲᠣᠭᠤᠭ᠎ᠠ ᠲᠤᠯᠭ᠎ᠠ ᠬᠡᠷᠡᠭᠯᠡᠬᠦ ᠳᠡᠭᠡᠨ ᠭᠠᠯ ᠨᠣᠴᠣᠭᠠᠬᠤ ᠳᠤ ᠭᠠᠷᠬᠤ ᠲᠠᠭᠤ ᠰᠣᠨᠣᠰᠳᠠᠭᠰᠠᠨ ᠤ ᠰᠡᠭᠦᠯᠡᠷ ᠭᠠᠯ ᠠᠰᠠᠭᠰᠠᠨ ᠡᠰᠡᠬᠦ ᠶᠢ | ᠪᠠᠶᠢᠴᠠᠭᠠᠨ ᠦᠵᠡᠭᠡᠷᠡᠢ᠃ ᠬᠤᠭᠤᠯᠠ ᠴᠢᠨᠠᠵᠤ᠂ ᠤᠰᠤ ᠪᠤᠴᠠᠯᠭᠠᠬᠤ ᠦᠶᠡᠰ ᠲᠤᠰᠬᠠᠢ ᠬᠥᠮᠥᠨ ᠳᠡᠷᠭᠡᠳᠡ ᠨᠢ ᠰᠠᠬᠢᠨ ᠬᠠᠷᠠᠵᠤ ᠪᠠᠶᠢᠬᠤ ᠬᠡᠷᠡᠭᠲᠡᠢ᠂ ᠢᠩᠭᠢᠬᠦ ᠨᠢ | ᠰᠠᠯᠬᠢ ᠦᠯᠢᠶᠡᠵᠦ᠂ ᠤᠰᠤ ᠪᠢᠯᠬᠠᠨ ᠭᠠᠷᠴᠤ ᠭᠠᠯ ᠢ ᠤᠨᠲᠠᠷᠠᠭᠠᠵᠤ ᠶᠡᠭᠡ ᠬᠡᠮᠵᠢᠶᠡᠨ ᠤ ᠬᠡᠢ ᠯᠡᠪᠡᠷᠡᠨ ᠭᠠᠷᠬᠤ ᠠᠴᠠ ᠪᠣᠯᠭᠤᠮᠵᠢᠯᠠᠨ ᠰᠡᠷᠭᠡᠶᠢᠯᠡᠬᠦ ᠶᠢᠨ | ᠲᠥᠯᠥᠭᠡ ᠶᠤᠮ᠃ ᠲᠠᠪᠤ ᠳᠤ᠂ ᠨᠡᠭᠦᠷᠡᠰᠦᠨ ᠬᠡᠢ ᠶᠢᠨ ᠳᠤᠨᠤᠭ ᠲᠥᠬᠦᠭᠡᠷᠦᠮᠵᠢ ᠪᠠᠶᠢᠬᠤ ᠭᠡᠷ ᠲᠤ ᠤᠨᠲᠠᠵᠤ ᠪᠤᠯᠬᠤ ᠦᠭᠡᠢ᠂ ᠢᠩᠭᠢᠬᠦ ᠨᠢ ᠰᠢᠲᠠᠮᠠᠬᠠᠢ ᠬᠡᠢ | ᠯᠡᠪᠡᠷᠡᠨ ᠭᠠᠷᠬᠤ ᠪᠤᠶᠤ ᠬᠦᠴᠢᠯᠲᠥ᠋ᠷᠥᠭᠴᠢ ᠳᠤᠲᠠᠭᠳᠠᠭᠰᠠᠨ ᠠᠴᠠ ᠪᠣᠯᠵᠤ ᠬᠤᠣᠷᠳᠠᠯ ᠡᠭᠦᠰᠬᠦ ᠠᠴᠠ ᠰᠡᠷᠭᠡᠶᠢᠯᠡᠨ᠎ᠡ᠃ ᠵᠢᠷᠭᠤᠭ᠎ᠠ ᠳᠤ᠂ ᠰᠢᠲᠠᠮᠠᠬᠠᠢ ᠬᠡᠢ ᠶᠢᠨ | ᠤᠰᠤᠨ ᠬᠠᠯᠠᠭᠠᠭᠤᠷ ᠢ ᠬᠡᠷᠡᠭᠯᠡᠬᠦ ᠳᠡᠭᠡᠨ ᠲᠡᠭᠦᠨ ᠢ ᠰᠠᠯᠬᠢ ᠵᠢᠪᠠᠷ ᠨᠡᠪᠲᠡᠷᠡᠭᠦᠯᠬᠦ ᠨᠢ ᠵᠥᠪ ᠭᠠᠵᠠᠷ ᠲᠤ ᠤᠭᠰᠠᠷᠠᠭᠤᠯᠤᠨ ᠲᠠᠭᠠᠷᠠᠭᠤᠯᠬᠤ ᠬᠡᠷᠡᠭᠲᠡᠢ᠃ | ᠤᠬᠢᠶᠠᠯᠭ᠎ᠠ ᠶᠢᠨ ᠲᠠᠰᠤᠯᠭ᠎ᠠ ᠳᠤ ᠤᠭᠰᠠᠷᠠᠨ ᠲᠠᠭᠠᠷᠠᠭᠤᠯᠬᠤ ᠶᠢ ᠲᠠᠰᠤ ᠴᠡᠭᠡᠷᠯᠡᠨ᠎ᠡ᠃ ᠤᠬᠢᠶᠠᠯᠭ᠎ᠠ ᠬᠢᠬᠦ ᠳᠡᠭᠡᠨ ᠬᠡᠢ ᠭᠠᠷᠭᠠᠬᠤ ᠰᠡᠩᠰᠡ ᠪᠠ ᠴᠣᠩᠬᠤ ᠶᠢ | ᠨᠡᠭᠡᠭᠡᠭᠰᠡᠨ ᠪᠠᠶᠢᠬᠤ ᠬᠡᠷᠡᠭᠲᠡᠢ᠃ ᠨᠢᠭᠡ ᠬᠥᠮᠥᠨ ᠨᠢ ᠤᠬᠢᠶᠠᠵᠤ ᠪᠠᠶᠢᠬᠤ ᠦᠶᠡᠰ᠂ ᠪᠤᠰᠤᠳ ᠬᠥᠮᠥᠨ ᠨᠢ ᠪᠠᠶᠢᠨ ᠲᠠᠭᠢᠨ ᠪᠠᠶᠢᠳᠠᠯ ᠢ ᠨᠢ ᠬᠠᠷᠠᠵᠤ ᠪᠠᠶᠢᠬᠤ | ᠬᠡᠷᠡᠭᠲᠡᠢ᠃ ᠬᠠᠨᠢ ᠨᠥᠬᠦᠷ ᠪᠠ ᠭᠡᠷ ᠤᠨ ᠬᠥᠮᠥᠨ ᠴᠢᠨᠢ ᠤᠬᠢᠶᠠᠯᠭ᠎ᠠ ᠶᠢᠨ ᠲᠠᠰᠤᠯᠭ᠎ᠠ ᠳᠤ ᠣᠷᠣᠭᠠᠳ ᠳᠡᠩᠳᠡᠭᠦᠦ ᠤᠳᠠᠪᠠᠯ ᠠᠩᠬᠠᠷᠤᠯ ᠳᠠᠭᠠᠨ ᠠᠪᠴᠤ | ᠰᠡᠷᠡᠮᠵᠢ ᠲᠦᠷᠦᠭᠦ ᠬᠡᠷᠡᠭᠲᠡᠢ᠃ ᠳᠤᠯᠤᠭ᠎ᠠ ᠳᠤ᠂ ᠭᠡᠷ ᠲᠤ ᠬᠡᠷᠡᠭᠯᠡᠬᠦ ᠰᠢᠲᠠᠮᠠᠬᠠᠢ ᠬᠡᠢ ᠶᠢᠨ ᠤᠰᠤᠨ ᠬᠠᠯᠠᠭᠠᠭᠤᠷ ᠢ ᠬᠡᠷᠡᠭᠯᠡᠬᠦ ᠳᠡᠭᠡᠨ ᠤᠳᠤᠭ᠎ᠠ ᠶᠢ ᠰᠢᠭᠤᠳ | ᠭᠠᠳᠠᠭᠰᠢᠯᠠᠭᠤᠯᠤᠨ ᠭᠠᠷᠭᠠᠬᠤ ᠮᠠᠶ᠋ᠢᠭ ᠤᠨ ᠬᠢ ᠶᠢ ᠬᠡᠷᠡᠭᠯᠡᠵᠦ ᠪᠤᠯᠬᠤ ᠦᠭᠡᠢ᠂ ᠬᠠᠷᠢᠨ ᠤᠳᠤᠭ᠎ᠠ ᠶᠢ ᠠᠯᠪᠠᠳᠠᠨ ᠭᠠᠳᠠᠭᠰᠢᠯᠠᠭᠤᠯᠤᠨ ᠭᠠᠷᠭᠠᠬᠤ ᠮᠠᠶ᠋ᠢᠭ ᠤᠨ | ᠬᠢ ᠶᠢ ᠬᠡᠷᠡᠭᠯᠡᠬᠦ ᠬᠡᠷᠡᠭᠲᠡᠢ᠂ ᠲᠡᠭᠡᠭᠦ ᠮᠥᠷᠲᠡᠭᠡᠨ ᠲᠤᠰᠬᠠᠢ ᠮᠡᠷᠭᠡᠵᠢᠯ ᠤᠨ ᠬᠥᠮᠥᠨ ᠢᠶᠠᠷ ᠤᠭᠰᠠᠷᠠᠭᠤᠯᠤᠨ ᠲᠠᠭᠠᠷᠠᠭᠤᠯᠬᠤ ᠬᠡᠷᠡᠭᠲᠡᠢ᠃ | ᠠᠵᠤ ᠠᠬᠤᠶᠢᠯᠠᠯ ᠤᠨ ᠦᠢᠯᠡᠳᠪᠦᠷᠢᠯᠡᠯ ᠤᠨ ᠣᠷᠴᠢᠨ ᠲᠣᠭᠤᠷᠢᠨ ᠳᠤ ᠵᠠᠪᠠᠯ ᠰᠠᠯᠬᠢ ᠵᠢᠪᠠᠷ ᠨᠡᠪᠲᠡᠷᠡᠭᠦᠯᠬᠦ ᠶᠢ ᠪᠠᠲᠤᠯᠠᠬᠤ ᠬᠡᠷᠡᠭᠲᠡᠢ᠃ | ᠨᠡᠭᠦᠷᠡᠰᠦᠨ ᠬᠡᠢ ᠳᠤ ᠬᠤᠣᠷᠳᠠᠭᠳᠠᠭᠰᠠᠨ ᠦᠶᠡᠰ ᠦᠷᠭᠦᠯᠵᠢ ᠲᠣᠯᠣᠭᠠᠢ ᠡᠪᠡᠳᠴᠦ᠂ ᠲᠣᠯᠣᠭᠠᠢ ᠡᠷᠭᠢᠵᠦ᠂ ᠲᠦᠷᠪᠡᠨ ᠮᠥᠴᠢ ᠲᠠᠮᠢᠷ ᠠᠯᠳᠠᠵᠤ᠂ ᠪᠦᠭᠦ | ᠪᠡᠶ᠎ᠡ ᠡᠪ ᠦᠭᠡᠶᠢᠷᠡᠵᠦ᠂ ᠤᠷᠤᠭᠤᠯ᠂ ᠠᠷᠠᠰᠤ ᠪᠣᠯᠣᠨ ᠬᠢᠮᠤᠰᠤ ᠢᠩᠲᠣᠣᠷ ᠤᠨ ᠤᠯᠠᠭᠠᠨ ᠥᠩᠭᠡ ᠲᠠᠢ ᠪᠣᠯᠵᠤ᠂ ᠴᠢᠨᠠᠭᠰᠢᠯᠠᠪᠠᠯ ᠳᠤᠷ᠎ᠠ ᠪᠣᠯᠭᠢᠬᠤ᠂ ᠪᠥᠭᠡᠯᠵᠢᠬᠦ | ᠵᠡᠷᠭᠡ ᠡᠪᠡᠳᠴᠢᠨ ᠤ ᠢᠯᠡᠷᠡᠯ ᠭᠠᠷᠳᠠᠭ᠃ ᠬᠦᠨᠳᠦ ᠬᠤᠣᠷᠳᠠᠭᠳᠠᠭᠰᠠᠳ ᠲᠤ ᠠᠮᠢᠰᠬᠤᠭ᠎ᠠ ᠴᠢᠬᠤᠯᠳᠠᠬᠤ᠂ ᠮᠡᠳᠡᠭᠡ ᠠᠯᠳᠠᠬᠤ᠂ ᠴᠢᠰᠤᠨ ᠳᠠᠷᠤᠯᠲᠠ | ᠳᠣᠷᠣᠭᠰᠢᠯᠠᠬᠤ᠂ ᠴᠢᠨᠠᠭᠰᠢᠯᠠᠪᠠᠯ ᠦᠬᠦᠵᠦ ᠠᠳᠡᠬᠦ ᠪᠠᠶᠢᠳᠠᠯ ᠴᠤ ᠭᠠᠷᠳᠠᠭ᠃ | ᠨᠡᠭᠦᠷᠡᠰᠦᠨ ᠬᠡᠢ ᠳᠤ ᠬᠤᠣᠷᠳᠠᠭᠳᠠᠭᠰᠠᠨ ᠠᠳᠡᠭᠳᠡᠯ ᠢ ᠲᠤᠬᠠᠢ ᠶᠢᠨ ᠭᠠᠵᠠᠷ ᠨᠢ ᠰᠢᠢᠳᠪᠦᠷᠢᠯᠡᠬᠦ ᠠᠯᠬᠤᠮ ᠲᠠᠷᠠᠭ᠎ᠠ ᠨᠢ ᠳᠣᠣᠷᠠᠬᠢ ᠮᠡᠲᠦ᠄ ᠨᠢᠭᠡ ᠳᠤ᠂ | ᠨᠡᠭᠦᠷᠡᠰᠦᠨ ᠬᠡᠢ ᠯᠡᠪᠡᠷᠡᠨ ᠭᠠᠷᠬᠤ ᠪᠤᠶᠤ ᠨᠡᠭᠦᠷᠡᠰᠦᠨ ᠬᠡᠢ ᠳᠤ ᠬᠤᠣᠷᠳᠠᠭᠳᠠᠬᠤ ᠬᠡᠷᠡᠭ ᠭᠠᠷᠪᠠᠯ᠂ ᠠᠪᠤᠷᠠᠭᠴᠢᠳ ᠪᠥᠬᠦᠶᠢᠵᠦ ᠪᠠᠶᠢᠭᠠᠳ ᠭᠡᠷ ᠲᠤᠨᠢ ᠣᠷᠣᠭᠠᠳ | ᠡᠭᠦᠳᠡ ᠴᠣᠩᠬᠤ ᠶᠢ ᠨᠢ ᠳᠠᠷᠤᠢ ᠲᠦᠷᠭᠡᠨ ᠣᠩᠭᠤᠶᠢᠯᠭᠠᠨ ᠨᠡᠭᠡᠭᠡᠵᠦ᠂ ᠬᠤᠣᠷᠳᠠᠭᠳᠠᠭᠴᠢ ᠶᠢ ᠲᠦᠷᠭᠡᠨ ᠭᠡᠭᠴᠢ ᠠᠭᠤᠷ ᠠᠮᠢᠰᠬᠤᠯ ᠰᠢᠨ᠎ᠡ ᠰᠣᠷᠭᠤᠭ᠂ ᠰᠠᠯᠬᠢ | ᠵᠢᠪᠠᠷ ᠨᠡᠪᠲᠡᠷᠡᠭᠦᠯᠬᠦ ᠨᠢ ᠵᠦᠭᠡᠷ ᠭᠠᠵᠠᠷ ᠲᠤ ᠰᠢᠯᠵᠢᠭᠦᠯᠦᠨ ᠠᠪᠠᠴᠢᠬᠤ ᠬᠡᠷᠡᠭᠲᠡᠢ᠃ ᠬᠤᠶᠠᠷ ᠲᠤ᠂ ᠰᠢᠲᠠᠮᠠᠬᠠᠢ ᠬᠡᠢ ᠶᠢᠨ ᠶᠡᠷᠦᠩᠬᠡᠢ ᠨᠡᠭᠡᠭᠡᠯᠭᠡ ᠶᠢ ᠬᠠᠭᠠᠵᠤ᠂ | ᠬᠥᠮᠥᠨ ᠬᠠᠷ᠎ᠠ ᠶᠢ ᠲᠦᠷᠭᠡᠬᠡᠨ ᠲᠠᠷᠬᠠᠭᠠᠨ ᠵᠠᠶᠢᠯᠠᠭᠤᠯᠬᠤ ᠬᠡᠷᠡᠭᠲᠡᠢ᠃ ᠭᠤᠷᠪᠠ ᠳᠤ᠂ ᠭᠡᠷ ᠤᠨ ᠭᠠᠳᠠᠨ᠎ᠠ ᠭᠠᠷᠴᠤ ᠠᠪᠤᠷᠠᠯᠳᠠ ᠬᠢᠬᠦ ᠪᠠᠷ ᠮᠡᠳᠡᠭᠦᠯᠬᠦ ᠪᠤᠶᠤ | ᠲᠦᠷᠭᠡᠨ ᠠᠪᠤᠷᠠᠬᠤ ᠤᠲᠠᠰᠤ ᠶᠢ ᠤᠲᠠᠰᠤᠳᠠᠨ᠎ᠠ᠃ ᠲᠤᠬᠠᠢ ᠶᠢᠨ ᠭᠠᠵᠠᠷ ᠲᠤ ᠭᠠᠯ ᠪᠠᠮᠪᠠᠷ ᠨᠣᠴᠣᠭᠠᠨ ᠭᠡᠷ ᠤᠨ ᠳᠣᠲᠣᠷᠠᠬᠢ ᠠᠯᠢ ᠴᠤ ᠴᠠᠭᠢᠯᠭᠠᠨ ᠬᠡᠷᠡᠭᠰᠡᠯ ᠢ | ᠪᠠᠶᠢᠴᠠᠭᠠᠨ ᠦᠵᠡᠬᠦ ᠪᠤᠶᠤ ᠨᠡᠭᠡᠭᠡᠵᠦ ᠬᠠᠭᠠᠬᠤ ᠶᠢ ᠲᠠᠰᠤ ᠵᠣᠭᠰᠣᠭᠠᠵᠤ᠂ ᠴᠠᠭᠢᠯᠭᠠᠨ ᠠᠴᠠ ᠦᠰᠦᠷᠴᠦ ᠭᠠᠷᠤᠭᠰᠠᠨ ᠭᠠᠯ ᠤᠨ ᠣᠴᠢ ᠨᠡᠭᠦᠷᠡᠰᠦᠨ ᠬᠡᠢ ᠲᠠᠢ | ᠵᠣᠯᠭᠠᠵᠤ ᠳᠡᠯᠪᠡᠷᠡᠬᠦ ᠶᠢ ᠴᠢᠩᠭ᠎ᠠ ᠴᠡᠭᠡᠷᠯᠡᠬᠦ ᠬᠡᠷᠡᠭᠲᠡᠢ᠃ | ᠨᠡᠭᠦᠷᠡᠰᠦᠨ ᠬᠡᠢ ᠳᠤ ᠬᠤᠣᠷᠳᠠᠭᠳᠠᠭᠰᠠᠳ ᠢ ᠲᠤᠬᠠᠢ ᠶᠢᠨ ᠭᠠᠵᠠᠷ ᠲᠤᠨᠢ ᠲᠦᠷᠭᠡᠨ ᠠᠪᠤᠷᠠᠬᠤ ᠠᠷᠭ᠎ᠠ ᠬᠡᠮᠵᠢᠶ᠎ᠡ ᠨᠢ ᠳᠣᠣᠷᠠᠬᠢ ᠮᠡᠲᠦ᠄ ᠨᠢᠭᠡ ᠳᠤ᠂ | ᠬᠤᠣᠷᠳᠠᠭᠳᠠᠭᠰᠠᠨ ᠨᠢ ᠨᠡᠯᠢᠶᠡᠳ ᠬᠥᠩᠭᠡᠨ ᠬᠥᠮᠥᠨ ᠢ ᠪᠣᠯ ᠠᠭᠤᠷ ᠠᠮᠢᠰᠬᠤᠯ ᠨᠡᠪᠲᠡᠷᠡᠬᠦ ᠭᠠᠵᠠᠷ ᠰᠢᠯᠵᠢᠭᠦᠯᠦᠨ ᠠᠪᠠᠴᠢᠵᠤ᠂ ᠵᠠᠭᠠᠮ᠎ᠠ ᠪᠠ ᠲᠠᠯᠡᠢ ᠶᠢ ᠨᠢ | ᠠᠯᠳᠠᠷᠠᠭᠠᠨ᠂ 2-3 ᠴᠠᠭ ᠠᠮᠠᠷᠠᠭᠠᠵᠤ ᠪᠠᠶᠢᠭᠠᠳ ᠵᠣᠬᠢᠬᠤ ᠬᠡᠮᠵᠢᠶᠡᠨ ᠤ ᠥᠳᠬᠡᠨ ᠴᠠᠢ ᠤᠤᠭᠤᠯᠭᠠᠨ᠎ᠠ᠃ ᠬᠤᠶᠠᠷ ᠲᠤ᠂ ᠬᠤᠣᠷᠳᠠᠭᠳᠠᠭᠰᠠᠨ ᠨᠢ ᠨᠡᠯᠢᠶᠡᠳ | ᠬᠦᠨᠳᠦ ᠬᠥᠮᠥᠨ ᠢ ᠪᠣᠯ ᠲᠣᠯᠣᠭᠠᠢ ᠶᠢ ᠨᠢ ᠬᠠᠵᠠᠭᠤ ᠲᠡᠶᠢᠰᠢ ᠨᠢ ᠬᠠᠨᠳᠤᠭᠤᠯᠵᠤ᠂ ᠪᠥᠭᠡᠯᠵᠢᠰᠦ ᠨᠢ ᠠᠭᠤᠰᠬᠢᠨ ᠳᠤᠨᠢ ᠣᠷᠣᠵᠤ ᠪᠦᠲᠡᠵᠦ ᠪᠥᠭᠯᠡᠷᠡᠬᠦ ᠠᠴᠠ | ᠰᠡᠷᠭᠡᠶᠢᠯᠡᠬᠦ ᠬᠡᠷᠡᠭᠲᠡᠢ᠂ ᠳᠠᠭᠠᠤ ᠳᠤᠨᠢ ᠬᠤᠣᠷᠳᠠᠭᠳᠠᠭᠴᠢ ᠶᠢ ᠳᠠᠷᠤᠢ ᠲᠦᠷᠭᠡᠨ ᠡᠮᠨᠡᠯᠭᠡ ᠶᠢᠨ ᠬᠤᠷᠢᠶᠠᠨ ᠳᠤ ᠬᠦᠷᠭᠡᠨ ᠵᠠᠪᠳᠤᠨ ᠠᠪᠤᠷᠠᠬᠤ ᠬᠡᠷᠡᠭᠲᠡᠢ᠃ ᠬᠡᠷᠪᠡ | ᠬᠤᠣᠷᠳᠠᠭᠳᠠᠭᠴᠢ ᠶᠢᠨ ᠠᠮᠢᠰᠬᠤᠯ ᠨᠢ ᠪᠠᠭᠤᠷᠠᠢ ᠪᠤᠶᠤ ᠴᠢᠨᠠᠭᠰᠢᠯᠠᠪᠠᠯ ᠠᠮᠢᠰᠬᠤᠯ ᠵᠤᠬᠰᠤᠬᠤ ᠪᠠᠶᠢᠳᠠᠯ ᠭᠠᠷᠪᠠᠯ ᠳᠠᠷᠤᠢ ᠲᠦᠷᠭᠡᠨ ᠬᠥᠮᠥᠨ ᠤ ᠬᠦᠴᠦ ᠪᠠᠷ | ᠠᠮᠢᠰᠬᠤᠯᠯᠠᠭᠤᠯᠤᠨᠠ᠃ ᠬᠡᠷᠪᠡ ᠬᠤᠣᠷᠳᠠᠭᠳᠠᠭᠴᠢ ᠶᠢᠨ ᠵᠢᠷᠦᠬᠡᠨ ᠴᠣᠬᠢᠯᠭ᠎ᠠ ᠪᠠ ᠠᠮᠢᠰᠬᠤᠯ ᠨᠢ ᠪᠦᠷ ᠵᠣᠭᠰᠣᠭᠰᠠᠨ ᠪᠠᠶᠢᠳᠠᠯ ᠭᠠᠷᠪᠠᠯ ᠳᠠᠷᠤᠢ ᠲᠦᠷᠭᠡᠨ | ᠴᠡᠭᠡᠵᠢᠨ ᠤ ᠭᠠᠳᠠᠷ ᠲᠠᠯ᠎ᠠ ᠠᠴᠠ ᠨᠢ ᠵᠢᠷᠦᠬᠡᠨ ᠳᠤ ᠳᠠᠷᠤᠯᠲᠠ ᠥᠭᠬᠦ ᠠᠷᠭ᠎ᠠ ᠪᠤᠶᠤ ᠬᠥᠮᠥᠨ ᠤ ᠬᠦᠴᠦ ᠪᠠᠷ ᠠᠮᠢᠰᠬᠤᠯᠯᠠᠭᠤᠯᠬᠤ ᠬᠡᠷᠡᠭᠲᠡᠢ᠃ | | ︵︽ᠡᠷᠡᠭᠦᠯ ᠮᠡᠨᠳᠤ ᠶᠢᠨ 66 ᠵᠤᠷᠪᠤᠰ︾ ᠬᠡᠮᠡᠬᠦ ᠨᠣᠮ ᠠᠴᠠ ᠨᠠᠶᠢᠷᠠᠭᠤᠯᠤᠨ ᠠᠪᠤᠪᠠ︶ |