︽ᠲᠣᠯᠢ ᠨᠠᠭᠤᠷ ᠤᠨ ᠬᠥᠪᠡᠭᠡᠨ ᠳᠤ︾ ᠭᠡᠬᠦ ᠵᠦᠴᠦᠭᠡ ᠶᠢ ᠲᠣᠭᠤᠷᠢᠨ ᠲᠣᠭᠯᠠᠵᠠᠢ
ᠨᠡᠶᠢᠲᠡᠯᠡᠭᠰᠡᠨ ᠴᠠᠭ᠄
2024/12/13
      ᠣᠶᠢᠷ᠎ᠠ ᠳᠤ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠲᠢᠩᠬᠢᠮ ᠠᠴᠠ ᠭᠤᠣᠯᠯᠠᠨ ᠡᠷᠭᠢᠯᠡᠵᠦ᠂ ᠥᠪᠥᠷ ᠮᠣᠩᠭᠤᠯ ᠤᠨ ᠶᠡᠭᠡ ᠰᠤᠷᠭᠠᠭᠤᠯᠢ ᠠᠴᠠ ᠳᠠᠭᠠᠭᠠᠴᠢᠯᠠᠨ ᠡᠷᠭᠢᠯᠡᠭᠰᠡᠨ ︽ᠲᠣᠯᠢ ᠨᠠᠭᠤᠷ ᠤᠨ ᠬᠥᠪᠡᠭᠡᠨ ᠳᠤ︾ ᠭᠡᠬᠦ ᠵᠦᠴᠦᠭᠡ ᠶᠢᠨ ᠲᠣᠭᠤᠷᠢᠨ ᠲᠣᠬᠯᠠᠯᠲᠠ ᠪᠤᠭᠤᠲᠤ ᠬᠤᠲᠠ ᠪᠠ ᠭᠦᠭᠡᠬᠤᠲᠠ ᠳᠤ ᠶᠠᠪᠤᠭᠳᠠᠪᠠ᠃      ᠲᠤᠰ ᠪᠦᠲᠦᠭᠡᠯ ᠪᠣᠯ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠲᠡᠦᠬᠡ ᠶᠢᠨ ᠡᠬᠢ ᠪᠠᠶᠠᠯᠢᠭ ᠢ ᠭᠦᠨᠵᠡᠭᠡᠢ ᠠᠭᠤᠳᠠᠯᠵᠤ ᠨᠠᠷᠢᠨ ᠨᠢᠮᠪᠠᠢ ᠵᠣᠬᠢᠶᠠᠨ ᠪᠦᠲᠦᠭᠡᠭᠰᠡᠨ ᠰᠤᠷᠭᠠᠭᠤᠯᠢ ᠶᠢᠨ ᠬᠦᠷᠢᠶᠡᠨ ᠤ ᠰᠣᠶᠣᠯ ᠤᠨ ᠰᠣᠳᠣᠨ ᠪᠦᠲᠦᠭᠡᠯ ᠪᠣᠯᠣᠨ᠎ᠠ᠃ ᠲᠤᠰ ᠵᠦᠴᠦᠭᠡ ᠨᠢ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠪᠠᠷ ᠭᠤᠣᠯ ᠰᠢᠵᠢᠮ ᠪᠤᠯᠭᠠᠵᠤ᠂ ᠨᠠᠮ ᠤᠨ ᠲᠥᠪ ᠬᠤᠷᠢᠶ᠎ᠠ ᠶᠢᠨ ᠥᠪᠥᠷ ᠮᠣᠩᠭᠤᠯ ᠤᠨ ᠳᠡᠭᠡᠳᠦ ᠵᠡᠷᠭᠡ ᠶᠢᠨ ᠰᠤᠷᠭᠠᠨ ᠬᠥᠮᠦᠵᠢᠯ ᠤᠨ ᠬᠥᠭᠵᠢᠯᠲᠡ ᠶᠢ ᠴᠢᠬᠤᠯᠠᠴᠢᠯᠠᠨ ᠳᠡᠮᠵᠢᠭᠰᠡᠨ ᠥᠩᠭᠡᠷᠡᠯᠲᠡ ᠶᠢ ᠠᠮᠢᠳᠤᠯᠢᠭ ᠢᠶᠠᠷ ᠲᠤᠰᠬᠠᠵᠠᠢ᠃ ᠢᠯᠠᠩᠭᠤᠶ᠎ᠠ 1957 ᠣᠨ ᠳᠤ ᠰᠤᠷᠭᠠᠭᠤᠯᠢ ᠪᠠᠶᠢᠭᠤᠯᠤᠭᠳᠠᠬᠤ ᠠᠩᠬᠠᠨ ᠤ ᠦᠶ᠎ᠡ ᠳᠤ᠂ ᠨᠠᠮ ᠤᠨ ᠲᠥᠪ ᠬᠤᠷᠢᠶ᠎ᠠ ᠠᠴᠠ ᠪᠡᠭᠡᠵᠢᠩ ᠶᠡᠭᠡ ᠰᠤᠷᠭᠠᠭᠤᠯᠢ ᠵᠡᠷᠭᠡ 16 ᠨᠡᠷᠡᠳᠦ ᠶᠡᠭᠡ ᠳᠡᠭᠡᠳᠦ ᠰᠤᠷᠭᠠᠭᠤᠯᠢ ᠶᠢᠨ 152 ᠲᠤᠰᠬᠠᠢ ᠮᠡᠷᠭᠡᠵᠢᠯᠲᠡᠨ ᠫᠷᠤᠹᠧᠰᠰᠤᠷ ᠢ ᠤᠮᠠᠷᠠᠲᠤ ᠬᠢᠯᠢ ᠳᠤ ᠣᠴᠢᠭᠤᠯᠵᠤ᠂ ᠦᠨᠳᠦᠰᠦᠲᠡᠨ ᠤ ᠣᠷᠣᠨ ᠤ ᠠᠩᠬᠠᠳᠠᠭᠴᠢ ᠶᠡᠷᠦᠩᠬᠡᠶᠢᠯᠡᠭᠰᠡᠨ ᠴᠢᠨᠠᠷᠲᠠᠢ ᠶᠡᠭᠡ ᠰᠤᠷᠭᠠᠭᠤᠯᠢ ᠶᠢ ᠲᠤᠰᠠᠯᠠᠨ ᠪᠠᠶᠢᠭᠤᠯᠬᠤ ᠶᠢ ᠤᠷᠢᠶᠠᠯᠠᠭᠰᠠᠨ ᠰᠡᠳᠬᠢᠯ ᠬᠥᠳᠡᠯᠭᠡᠮ᠎ᠡ ᠦᠯᠢᠭᠡᠷ ᠢ ᠠᠮᠢᠳᠤᠯᠢᠭ ᠢᠶᠠᠷ ᠳᠡᠯᠭᠡᠨ ᠦᠵᠡᠭᠦᠯᠵᠡᠢ᠃ ᠵᠦᠴᠦᠭᠡ ᠳᠤ ᠪᠠᠰᠠ ᠡᠯ᠎ᠡ ᠦᠨᠳᠦᠰᠦᠲᠡᠨ ᠤ ᠪᠠᠭᠰᠢ ᠰᠤᠷᠤᠬᠴᠢᠳ ᠤᠨ ᠬᠦᠴᠢᠷ ᠪᠡᠷᠬᠡ ᠶᠢ ᠲᠤᠭᠤᠯᠤᠨ ᠪᠦᠯᠬᠦᠮᠳᠡᠨ ᠲᠡᠮᠡᠴᠡᠭᠰᠡᠨ ᠰᠡᠳᠬᠢᠯ ᠬᠥᠳᠡᠯᠭᠡᠮ᠎ᠡ ᠦᠢᠯᠡ ᠶᠠᠪᠤᠳᠠᠯ ᠢ ᠠᠭᠤᠰᠬᠠᠵᠤ᠂ ᠬᠤᠪᠢᠰᠬᠠᠯ ᠤᠨ ᠡᠬᠢ ᠪᠠᠶᠠᠯᠢᠭ ᠢᠶᠠᠷ ᠬᠥᠮᠥᠨ ᠬᠥᠮᠥᠵᠢᠭᠦᠯᠬᠦ ᠪᠣᠳᠠᠲᠤ ᠦᠷ᠎ᠡ ᠪᠦᠲᠦᠮᠵᠢ ᠶᠢ ᠦᠨᠡᠨ ᠬᠦ ᠨᠡᠮᠡᠭᠳᠡᠭᠦᠯᠦᠭᠰᠡᠨ ᠪᠠᠶᠢᠨ᠎ᠠ᠃      ︽ᠲᠣᠯᠢ ᠨᠠᠭᠤᠷ ᠤᠨ ᠬᠥᠪᠡᠭᠡᠨ ᠳᠤ︾ ᠭᠡᠬᠦ ᠵᠦᠴᠦᠭᠡ ᠨᠢ ᠰᠠᠶ᠋ᠢᠬᠠᠨ ᠰᠤᠷᠭᠠᠭᠤᠯᠢ ᠳᠤ ᠣᠷᠣᠭᠰᠠᠨ ᠣᠶᠤᠲᠠᠨ ᠰᠢᠶᠣᠣ ᠯᠠᠨ ᠢᠶᠠᠷ ᠭᠤᠣᠯ ᠪᠠᠭᠠᠲᠤᠷ ᠪᠣᠯᠭᠠᠵᠠᠢ᠃ ᠰᠢᠶᠣᠣ ᠯᠠᠨ ᠲᠣᠯᠢ ᠨᠠᠭᠤᠷ ᠤᠨ ᠬᠥᠪᠡᠭᠡᠨ᠎ᠡ᠂ ᠰᠠᠨᠠᠮᠰᠠᠷ ᠦᠭᠡᠢ ᠪᠠᠷ ᠡᠪᠦᠭᠡ ︵ᠮᠧᠩ ᠱᠣ᠋᠂ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠠᠩᠬᠠᠳᠤᠭᠠᠷ ᠬᠤᠭᠤᠴᠠᠭᠠᠨ ᠤ ᠰᠣᠷᠣᠬᠴᠢ︶ ᠶᠢᠨ ᠢᠶᠠᠨ ᠵᠡᠭᠦᠳᠦᠨ ᠶᠢᠷᠲᠢᠨᠴᠦ ᠳᠤ ᠣᠷᠣᠵᠤ᠂ ᠰᠤᠷᠭᠠᠭᠤᠯᠢ ᠪᠠᠶᠢᠭᠤᠯᠤᠭᠳᠠᠭᠰᠠᠨ ᠡᠬᠢᠨ ᠤ ᠦᠶ᠎ᠡ ᠶᠢᠨ ᠬᠦᠴᠢᠷ ᠪᠡᠷᠬᠡ ᠪᠠ ᠭᠡᠷᠡᠯ ᠰᠠᠴᠤᠷᠠᠩᠭᠤᠢ ᠠᠮᠵᠢᠯᠲᠠ ᠶᠢ ᠨᠢᠳᠦ ᠪᠠᠷ ᠢᠶᠠᠨ ᠦᠵᠡᠭᠰᠡᠨ ᠪᠠᠶᠢᠨ᠎ᠠ᠃ ᠰᠢᠶᠣᠣ ᠯᠠᠨ ᠡᠯ᠎ᠡ ᠦᠨᠳᠦᠰᠦᠲᠡᠨ ᠤ ᠪᠠᠭᠰᠢ ᠰᠤᠷᠤᠬᠴᠢᠳ ᠤᠨ ᠬᠠᠮᠲᠤ ᠪᠠᠷ ᠥᠩᠭᠡᠷᠡᠭᠦᠯᠦᠭᠰᠡᠨ ᠣᠨ ᠰᠠᠷ᠎ᠠ ᠶᠢ ᠡᠷᠭᠢᠴᠡᠭᠦᠯᠵᠦ᠂ ᠥᠨᠥᠳᠥᠷ ᠤᠨ ᠰᠤᠷᠭᠠᠭᠤᠯᠢ ᠶᠢᠨ ᠬᠥᠭᠵᠢᠯᠲᠡ ᠶᠢᠨ ᠢᠷᠠᠭᠤ ᠠᠯᠳᠠᠷᠲᠤ ᠤᠯᠠᠮᠵᠢᠯᠠᠯ ᠢ ᠭᠦᠨᠵᠡᠭᠡᠢ ᠣᠶᠢᠯᠠᠭᠠᠭᠰᠠᠨ ᠪᠥᠭᠡᠳ ᠵᠠᠯᠠᠭᠤ ᠨᠠᠰᠤᠨ ᠤ ᠬᠦᠰᠡᠯᠡᠩ ᠪᠠ ᠢᠲᠡᠭᠡᠯ ᠪᠢᠰᠢᠷᠡᠯ ᠢᠶᠠᠨ ᠪᠠᠲᠤᠳᠬᠠᠭᠰᠠᠨ ᠪᠠᠶᠢᠨ᠎ᠠ᠃      ᠪᠤᠭᠤᠲᠤ ᠬᠤᠲᠠ ᠪᠣᠯᠣᠨ ᠭᠦᠭᠡᠬᠤᠲᠠ ᠶᠢᠨ ᠲᠣᠭᠤᠷᠢᠨ ᠲᠤᠬᠯᠠᠯᠳᠠ ᠶᠢ ᠨᠡᠶᠢᠳᠡ 2000 ᠭᠠᠷᠤᠢ ᠪᠠᠭᠰᠢ ᠰᠤᠷᠤᠬᠴᠢᠳ ᠭᠥᠯᠢᠶᠡᠨ ᠠᠪᠴᠤ ᠰᠣᠨᠢᠷᠬᠠᠵᠤ᠂ ︽ᠲᠣᠯᠢ ᠨᠠᠭᠤᠷ ᠤᠨ ᠬᠥᠪᠡᠭᠡᠨ ᠳᠤ︾ ᠭᠡᠬᠦ ᠵᠦᠴᠦᠭᠡ ᠨᠢ ᠤᠷᠠᠯᠢᠭᠴᠢ ᠴᠢᠨᠠᠷ᠂ ᠦᠵᠡᠯ ᠰᠠᠨᠠᠭᠠᠴᠢ ᠴᠢᠨᠠᠷ ᠪᠣᠯᠣᠨ ᠴᠠᠭ ᠦᠶᠡᠴᠢ ᠴᠢᠨᠠᠷ ᠲᠠᠢ ᠪᠠᠶᠢᠵᠤ᠂ ᠭᠦᠨ ᠵᠤᠵᠠᠭᠠᠨ ᠤᠳᠬ᠎ᠠ ᠠᠭᠤᠯᠭ᠎ᠠ ᠲᠠᠢ ᠪᠣᠯᠵᠠᠢ᠂ ᠰᠢᠨ᠎ᠡ ᠴᠠᠭ ᠦᠶ᠎ᠡ ᠶᠢᠨ ᠵᠠᠯᠠᠭᠤᠴᠤᠳ ᠪᠣᠯᠤᠭᠰᠠᠨ ᠤ ᠬᠤᠪᠢ ᠳᠤ᠂ ᠤᠬᠠᠮᠰᠠᠷ ᠠᠴᠠ ᠪᠠᠨ ᠬᠡᠬᠦᠳᠡᠭ ᠴᠡᠭᠡᠵᠢᠨ ᠳᠡᠭᠡᠨ ᠬᠠᠷᠢᠭᠤᠴᠠᠯᠭ᠎ᠠ ᠡᠭᠦᠷᠭᠡᠯᠡᠵᠦ᠂ ᠵᠣᠷᠢᠭᠲᠠᠢ ᠡᠷᠡᠯᠬᠡᠭᠯᠡᠨ ᠲᠡᠮᠡᠴᠡᠵᠦ᠂ ᠨᠠᠮ ᠪᠣᠯᠣᠨ ᠤᠯᠤᠰ ᠤᠨ ᠬᠦᠰᠡᠯ ᠨᠠᠶᠢᠳᠠᠯᠭ᠎ᠠ ᠶᠢ ᠬᠥᠰᠡᠷᠳᠡᠭᠦᠯᠬᠦ ᠦᠭᠡᠢ  ᠴᠢᠷᠮᠠᠶᠢᠨ᠎ᠠ ᠭᠡᠵᠦ ᠢᠯᠡᠳᠬᠡᠵᠡᠭᠡᠪᠡ᠃ 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ