ᠨᠠᠮᠤᠷ — ᠥᠩᠭᠡ ᠲᠡᠳᠦᠢ ᠪᠢᠰᠢ ᠦᠯᠢᠭᠡᠷ ᠪᠠᠶᠢᠭᠰᠠᠨ
ᠨᠡᠶᠢᠲᠡᠯᠡᠭᠰᠡᠨ ᠴᠠᠭ᠄
2024/11/18
      ᠭᠦᠨ ᠴᠡᠩᠬᠡᠷ ᠣᠭᠲᠠᠷᠭᠤᠢ ᠳᠤ ᠪᠤᠴᠠᠬᠤ ᠰᠢᠪᠠᠭᠤᠳ ᠤᠨ ᠭᠠᠩᠭᠠᠨᠠᠭ᠎ᠠ ᠡᠭᠦᠯᠡᠰ ᠲᠠᠢ ᠢᠵᠢᠯᠢᠳᠦᠨ ᠨᠡᠭᠦᠳᠡᠯᠯᠡᠭᠡᠳ᠂ ᠨᠠᠪᠴᠢᠰ ᠥᠪᠡᠷ ᠥᠪᠡᠷ ᠤᠨ  ᠢᠶᠠᠨ ᠥᠩᠭᠡ ᠪᠠᠷ ᠮᠥᠴᠢᠷ ᠢᠶᠠᠨ ᠴᠢᠮᠡᠵᠦ᠂ ᠭᠠᠵᠠᠷ ᠲᠠᠭᠠᠨ ᠪᠥᠵᠢᠭᠡᠳ᠂ ᠡᠨᠡ ᠦᠢᠮᠡᠭᠡᠨ ᠳᠤ ᠰᠣᠭᠲᠣᠭᠤᠷᠠᠭᠰᠠᠨ ᠬᠥᠮᠥᠰ ᠨᠠᠮᠤᠷ ᠤᠨ ᠲᠤᠬᠠᠢ ᠮᠥᠷᠥᠭᠡᠳᠦᠯ ᠬᠥᠪᠥᠷᠡᠭᠦᠯᠦᠨ᠂ ᠨᠠᠮᠤᠷ ᠤᠨ ᠦᠵᠡᠮᠵᠢ ᠶᠢ ᠰᠡᠳᠬᠢᠯ ᠳᠡᠭᠡᠨ᠂ ᠠᠮᠢᠳᠤᠷᠠᠯ ᠳᠠᠭᠠᠨ ᠰᠢᠩᠭᠡᠭᠡᠬᠦ ᠭᠡᠰᠡᠨ ᠰᠢᠭ ᠨᠠᠪᠴᠢᠰ ᠳᠣᠭᠤᠴᠠᠨ ᠡᠷᠬᠡᠯᠡᠨ᠎ᠡ᠃ 
ZF111802001.png
ZF111802002.png
           ᠭᠦᠭᠡᠬᠤᠳᠠ ᠶᠢᠨ ᠠᠮᠢ ᠠᠬᠤᠢ ᠣᠷᠴᠢᠨ ᠲᠣᠭᠤᠷᠢᠨ ᠰᠠᠶᠢᠵᠢᠷᠠᠨ ᠴᠡᠴᠡᠷᠯᠢᠭᠵᠢᠭᠰᠡᠨ ᠬᠡᠮᠵᠢᠶ᠎ᠡ ᠨᠡᠮᠡᠭᠳᠡᠬᠦ ᠶᠢ ᠳᠠᠭᠠᠯᠳᠤᠨ ᠨᠠᠮᠤᠷ ᠤᠨ ᠦᠵᠡᠮᠵᠢ ᠨᠢ ᠴᠦ ᠭᠤᠶᠢᠳᠠᠬᠠᠨ ᠪᠣᠯᠵᠠᠢ᠃ ᠤᠨᠵᠢᠭᠢᠷ ᠤᠳᠠ ᠰᠢᠷᠭᠠᠯ ᠨᠠᠪᠴᠢᠰ ᠢᠶᠠᠷ ᠢᠶᠠᠨ ᠲᠣᠯᠢᠨ ᠨᠠᠭᠤᠷ ᠢᠶᠠᠨ ᠦᠭᠦᠭᠡᠷᠳᠦᠵᠦ᠂ ᠡᠯᠢᠭᠡ ᠪᠠᠨ ᠵᠢᠩᠳᠡᠭᠡᠭᠰᠡᠨ ᠨᠡᠭᠦᠳᠡᠯ ᠤᠨ ᠰᠢᠪᠠᠭᠤᠳ ᠨᠠᠭᠤᠷ ᠤᠨ ᠤᠰᠤᠨ ᠳᠠᠭᠠᠨ ᠬᠤᠷᠭᠤᠳᠠᠨ᠂ ᠨᠡᠭᠦᠵᠦ ᠶᠠᠳᠠᠨ ᠭᠠᠩᠭᠠᠨᠠᠯᠳᠤᠨ᠎ᠠ᠃ ᠡᠬᠡ ᠭᠠᠵᠠᠷ ᠢ ᠴᠢᠮᠡᠭᠰᠡᠨ ᠰᠢᠷᠭᠠᠯ ᠨᠠᠪᠴᠢᠰ ᠬᠥᠯ ᠤᠨ ᠴᠢᠮᠡᠭᠡᠨ ᠳᠤ ᠠᠶᠠᠯᠤᠨ᠂ ᠰᠡᠭᠦᠷᠡᠰᠦ ᠰᠢᠭ᠂ ᠤᠶᠢᠳᠬᠠᠷ ᠰᠢᠭ᠂ ᠨᠡᠭᠦᠳᠡᠯ ᠰᠢᠭ᠃
ZF111802003.png
ZF111802004.jpg
           ᠮᠢᠩᠭ᠎ᠠ ᠭᠠᠷᠤᠢ ᠴᠡᠴᠡᠷᠯᠢᠭ ᠲᠠᠢ᠂ ᠬᠡᠳᠦᠨ ᠵᠠᠭᠤᠭᠠᠳ ᠵᠣᠬᠢᠶᠠᠮᠠᠯ ᠨᠠᠭᠤᠷ ᠲᠠᠢ᠂ ᠶᠡᠭᠡ ᠲᠦᠷᠭᠡᠨ ᠭᠤᠣᠯ᠂ ᠪᠠᠭ᠎ᠠ ᠲᠦᠷᠭᠡᠨ ᠭᠤᠣᠯ ᠤᠨ ᠳᠥᠯᠭᠡᠨ ᠤᠷᠤᠰᠬᠠᠯ ᠲᠠᠢ ᠭᠦᠭᠡᠬᠤᠳᠠ ᠶᠢᠨ ᠬᠤᠳᠠ ᠶᠢᠨ ᠲᠣᠭᠤᠷᠢᠭ ᠣᠷᠣᠰᠢᠨ ᠰᠠᠭᠤᠷᠢᠰᠢᠬᠤ ᠳᠤ ᠤᠯᠠᠮ ᠲᠠᠭᠠᠲᠠᠢ ᠪᠣᠯᠵᠤ᠂ ᠵᠢᠭᠤᠯᠴᠢᠯᠠᠬᠰᠠᠳ ᠣᠯᠠᠰᠢᠷᠠᠨ᠂ ᠨᠡᠭᠦᠳᠡᠯ ᠤᠨ ᠰᠢᠪᠠᠭᠤᠳ ᠣᠯᠠᠰᠢᠷᠠᠨ᠂ ᠮᠠᠭᠲᠠᠭᠠᠯ ᠰᠠᠶᠢᠰᠢᠶᠠᠯ ᠣᠯᠠᠰᠢᠷᠠᠪᠠ᠃ ᠬᠥᠮᠥᠨ ᠪᠠᠶᠢᠭᠠᠯᠢ ᠡᠶ᠎ᠡ ᠵᠣᠬᠢᠴᠠᠭᠰᠠᠨ ᠡᠨᠡ ᠰᠠᠶᠢᠬᠠᠨ ᠦᠵᠡᠮᠵᠢ ᠭᠦᠭᠡᠬᠤᠳᠠ  ᠶᠢᠨ ᠠᠮᠢ ᠠᠬᠤᠢ ᠶᠢᠨ ᠰᠠᠶᠢᠵᠢᠷᠠᠯ ᠤᠨ ᠦᠯᠢᠭᠡᠷ ᠢ ᠬᠦᠦᠷᠨᠢᠨ ᠪᠠᠶᠢᠭ᠎ᠠ ᠪᠢᠰᠢᠦ︕ 
ZF111802005.png
   
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ