︽ᠬᠠᠭᠤᠴᠢᠨ ᠵᠡᠭᠡᠯᠢ ᠤᠷᠢᠳᠤ ᠶᠢᠨ ᠦᠢᠯᠡᠰ —ᠤᠮᠠᠷᠠᠲᠤ ᠬᠢᠯᠢ ᠶᠢᠨ ᠲᠡᠦᠬᠡ ᠰᠣᠶᠣᠯ ᠤᠨ ᠨᠡᠷᠡᠲᠦ ᠬᠤᠲᠠ ᠶᠢᠨ ᠬᠥᠬᠡᠬᠤᠲᠠ ᠶᠢᠨ ᠢᠮ ᠲᠠᠮᠠᠭ᠎ᠠ︾ ᠰᠢᠨ᠎ᠡ ᠨᠣᠮ ᠨᠡᠶᠢᠲᠡᠯᠡᠬᠦ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2024/10/15
      ︵ᠰᠤᠷᠪᠤᠯᠵᠢᠯᠠᠭᠴᠢ ᠸᠠᠩ ᠵᠦᠩ ᠵᠸᠦ︶ 10 ᠳ᠋ᠤᠭᠠᠷ ᠰᠠᠷ᠎ᠠ ᠶᠢᠨ 12 ᠤᠨ ᠡᠳᠦᠷ ᠤᠨ ᠦᠳᠡ ᠶᠢᠨ ᠡᠮᠦᠨ᠎ᠡ᠂ ᠬᠥᠬᠡᠬᠤᠲᠠ ᠶᠢᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠠᠴᠠ ᠭᠤᠤᠯᠯᠠᠨ ᠡᠷᠭᠢᠯᠡᠵᠦ᠂ ᠬᠤᠲᠠ ᠶᠢᠨ ᠠᠷᠠᠳ ᠤᠨ ᠤᠳᠬ᠎ᠠ ᠤᠷᠠᠯᠢᠭᠴᠢᠳ ᠤᠨ ᠨᠡᠶᠢᠭᠡᠮᠯᠢᠭ ᠠᠴᠠ ᠳᠠᠭᠠᠭᠠᠴᠢᠯᠠᠨ ᠡᠷᠭᠢᠯᠡᠵᠦ᠂ ᠬᠤᠲᠠ ᠶᠢᠨ ᠨᠣᠮ ᠤᠨ ᠰᠠᠩ ᠠᠴᠠ ᠬᠠᠮᠵᠢᠨ ᠡᠷᠭᠢᠯᠡᠭᠰᠡᠨ ︽ᠬᠠᠭᠤᠴᠢᠨ ᠵᠡᠭᠡᠯᠢ ᠤᠷᠢᠳᠤ ᠶᠢᠨ ᠦᠢᠯᠡᠰ — ᠤᠮᠠᠷᠠᠲᠤ ᠬᠢᠯᠢ ᠶᠢᠨ ᠲᠡᠦᠬᠡ ᠰᠣᠶᠣᠯ ᠤᠨ ᠨᠠᠷᠠᠲᠤ ᠬᠤᠲᠠ ᠶᠢᠨ ᠬᠥᠬᠡᠬᠤᠲᠠ ᠶᠢᠨ ᠢᠮ ᠲᠠᠮᠠᠭ᠎ᠠ︾ ᠰᠢᠨ᠎ᠡ ᠨᠣᠮ ᠨᠡᠶᠢᠲᠡᠯᠡᠬᠦ ᠬᠤᠷᠠᠯ ᠬᠥᠬᠡᠬᠤᠲᠠ ᠶᠢᠨ ᠨᠣᠮ ᠤᠨ ᠰᠠᠩ ᠤᠨ ᠣᠯᠠᠨ ᠴᠢᠳᠠᠮᠵᠢᠳᠤ ᠲᠢᠩᠬᠢᠮ ᠳᠤ ᠶᠠᠪᠤᠭᠳᠠᠪᠠ᠃      ᠲᠤᠰ ᠨᠣᠮ ᠪᠣᠯ ᠬᠥᠬᠡᠬᠤᠲᠠ ᠶᠢᠨ ᠵᠠᠭᠤ ᠰᠢᠬᠠᠮ ᠵᠢᠯ ᠤᠨ ᠲᠤᠷᠰᠢᠬᠢ ᠬᠠᠭᠤᠴᠢᠨ ᠵᠡᠭᠡᠯᠢ ᠭᠤᠳᠤᠮᠵᠢ᠂ ᠬᠠᠭᠤᠴᠢᠨ ᠠᠵᠢᠯ ᠲᠥᠷᠥᠯ ᠵᠢᠴᠢ ᠲᠡᠭᠦᠨ ᠤ ᠳᠣᠲᠣᠷ᠎ᠠ ᠠᠴᠢᠶᠠᠯᠠᠭᠰᠠᠨ ᠠᠷᠠᠳ ᠤᠨ ᠵᠠᠩ ᠦᠢᠯᠡ᠂ ᠠᠯᠳᠠᠷᠲᠤ ᠦᠵᠡᠮᠵᠢ ᠡᠷᠲᠡᠨ ᠤ ᠦᠯᠡᠳᠡᠭᠳᠡᠯ᠂ ᠠᠮᠲᠠᠲᠤ ᠢᠳᠡᠭᠡᠨ ᠨᠡᠷᠡᠲᠦ ᠳᠡᠯᠭᠡᠭᠦᠷ ᠵᠡᠷᠭᠡ ᠡᠯᠪᠡᠭ ᠪᠠᠶᠠᠯᠢᠭ ᠠᠭᠤᠯᠭ᠎ᠠ ᠶᠢ ᠲᠤᠰᠬᠠᠢ ᠲᠡᠮᠲᠡᠭᠯᠡᠭᠰᠡᠨ ᠲᠡᠦᠬᠡ ᠰᠣᠶᠣᠯ ᠤᠨ ᠴᠢᠯᠦᠭᠡᠲᠦ ᠵᠤᠬᠢᠶᠠᠯ ᠪᠠᠶᠢᠵᠤ᠂ ᠳᠡᠭᠡᠳᠦ ᠳᠤᠤᠷᠠᠳᠤ ᠬᠤᠶᠠᠷ ᠬᠠᠭᠤᠳᠠᠰᠤ ᠬᠤᠪᠢᠶᠡᠵᠠᠢ᠃      ᠰᠣᠨᠢᠨ ᠮᠡᠳᠡᠭᠡ ᠨᠡᠶᠢᠲᠡᠯᠡᠬᠦ ᠬᠤᠷᠠᠯ ᠳᠡᠭᠡᠷ᠎ᠡ᠂ ᠲᠤᠰᠬᠠᠶ ᠮᠡᠷᠭᠡᠵᠢᠯᠲᠡᠨ ᠡᠷᠳᠡᠮᠲᠡᠳ ᠠᠴᠠ ᠲᠣᠰ ᠨᠣᠮ ᠨᠢ ᠬᠥᠬᠡᠬᠤᠲᠠ ᠶᠢᠨ ᠲᠡᠦᠬᠡ ᠰᠣᠶᠣᠯ ᠤᠨ ᠰᠤᠳᠠᠰᠤ᠂ ᠪᠣᠳᠠᠰ ᠤᠨ ᠪᠤᠰᠤ ᠰᠣᠶᠣᠯ ᠤᠨ ᠥᠪ ᠤᠨ ᠰᠤᠳᠤᠯᠭᠠᠨ ᠵᠢᠴᠢ ᠬᠤᠯᠪᠣᠭᠳᠠᠯ ᠪᠥᠬᠦᠶ ᠰᠤᠳᠤᠯᠭᠠᠨ ᠳᠤ ᠶᠡᠭᠡ ᠬᠡᠮᠵᠢᠶᠡᠨ ᠤ ᠮᠠᠲ᠋ᠧᠷᠢᠶᠠᠯ ᠬᠠᠩᠭᠠᠵᠤ᠂ ᠴᠢᠬᠤᠯᠠ ᠯᠠᠪᠯᠠᠯᠲᠠ ᠶᠢᠨ ᠦᠨ᠎ᠡ ᠥᠷᠲᠡᠭ ᠲᠠᠢ ᠪᠠᠶᠢᠵᠤ᠂ ᠬᠥᠬᠡᠬᠤᠲᠠ ᠶᠢᠨ ᠢᠳᠡᠷ ᠨᠠᠰᠤᠲᠠᠶᠢᠴᠤᠳ ᠤᠨ ᠬᠠᠭᠤᠴᠢᠨ ᠬᠤᠲᠠ ᠶᠢᠨ ᠲᠣᠭᠤᠷᠢᠭ ᠤᠨ ᠦᠨᠢᠲᠡ ᠶᠢᠨ ᠳᠤᠷᠠᠰᠤᠮᠵᠢ ᠶᠢ ᠰᠡᠷᠭᠦᠭᠡᠵᠦ᠂ ᠵᠠᠯᠠᠭᠤᠴᠤᠳ ᠤᠨ ᠡᠨᠡ ᠬᠦ ᠬᠠᠭᠤᠴᠢᠨ ᠬᠤᠲᠠ ᠶᠢᠨ ᠥᠩᠭᠡᠷᠡᠭᠰᠡᠨ ᠢ ᠨᠡᠬᠡᠮᠵᠢᠯᠡᠨ ᠰᠠᠨᠠᠭᠠᠯᠵᠠᠵᠤ᠂ ᠬᠥᠬᠡᠬᠤᠲᠠ ᠳᠤ ᠢᠷᠡᠭᠰᠡᠨ ᠵᠢᠭᠤᠯᠴᠢᠯᠠᠭᠰᠠᠳ ᠲᠤ ᠡᠨᠡ ᠬᠦ ᠲᠡᠦᠬᠡ ᠰᠣᠶᠣᠯ ᠤᠨ ᠨᠠᠷᠠᠲᠤ ᠬᠤᠲᠠ ᠶᠢᠨ ᠭᠦᠨ ᠵᠤᠵᠠᠭᠠᠨ ᠠᠭᠤᠯᠬᠤᠨ ᠢ ᠭᠦᠨᠵᠡᠭᠡᠶ ᠣᠶᠢᠯᠠᠭᠠᠭᠤᠯᠬᠤ ᠪᠤᠯᠤᠨ᠎ᠠ ᠭᠡᠵᠦ ᠦᠵᠡᠵᠡᠭᠡᠪᠡ᠃   
ᠢᠷᠡᠯᠲᠡ᠄ ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ