ᠤᠮᠠᠷᠠᠲᠤ ᠬᠢᠯᠢ ᠶᠢᠨ ᠤᠯᠠ ᠮᠥᠷ — ᠳᠤᠮᠳᠠᠳᠤ ᠶᠢᠨ ᠪᠣᠯᠪᠠᠰᠤᠨ ᠤ ᠳᠣᠪᠣᠶᠢᠮ᠎ᠠ ᠥᠪᠡᠷᠮᠢᠴᠡ ᠴᠢᠨᠠᠷ ᠤᠨ ᠦᠵᠡᠭᠦᠯᠭᠡ
ᠨᠡᠶᠢᠲᠡᠯᠡᠭᠰᠡᠨ ᠴᠠᠭ᠄
2024/1/2
20240102.jpg
      ︵ᠥᠪᠥᠷ ᠮᠣᠩᠭᠤᠯ ᠤᠨ ᠡᠳᠦᠷ ᠤᠨ ᠰᠣᠨᠢᠨ ᠤ ᠮᠡᠳᠡᠭᠡ︶ 1 ᠰᠠᠷ᠎ᠠ ᠶᠢᠨ 1 ᠤ ᠡᠳᠤᠷ᠂ ︽ᠤᠮᠠᠷᠠᠲᠤ ᠬᠢᠯᠢ ᠶᠢᠨ ᠤᠯᠠ ᠮᠥᠷ — ᠳᠤᠮᠳᠠᠳᠤ ᠶᠢᠨ ᠪᠣᠯᠪᠠᠰᠤᠨ ᠤ ᠳᠣᠪᠣᠶᠢᠮ᠎ᠠ ᠥᠪᠡᠷᠮᠢᠴᠡ ᠴᠢᠨᠠᠷ ᠤᠨ ᠦᠵᠡᠭᠦᠯᠭᠡ︾ ᠥᠪᠥᠷ ᠮᠣᠩᠭᠤᠯ ᠮᠦᠽᠧᠢ ᠳᠤ ᠡᠬᠢᠯᠡᠵᠤ᠂ 2 ᠰᠠᠷ᠎ᠠ ᠶᠢᠨ ᠬᠤᠭᠤᠴᠠᠭ᠎ᠠ ᠲᠠᠢ ᠶᠠᠪᠤᠭᠳᠠᠬᠤ ᠪᠣᠯᠣᠨ᠎ᠠ᠃ ᠦᠵᠡᠭᠦᠯᠭᠡ ᠨᠢ ᠬᠠᠲᠤᠨ ᠭᠤᠣᠯ ᠤᠨ ᠰᠠᠪᠠ ᠭᠠᠵᠠᠷ᠂ ᠪᠠᠷᠠᠭᠤᠨ ᠯᠢᠶᠣᠤᠾᠧ ᠭᠤᠣᠯ ᠤᠨ ᠰᠠᠪᠠ ᠭᠠᠵᠠᠷ᠂ ᠤᠷᠲᠤ ᠴᠠᠭᠠᠨ ᠬᠡᠷᠡᠮ ᠳᠠᠭᠠᠤ ᠶᠢᠨ ᠲᠡᠦᠬᠡ ᠶᠢᠨ ᠦᠯᠡᠳᠡᠭᠳᠡᠯ ᠪᠠ ᠲᠡᠦᠬᠡ ᠶᠢᠨ ᠳᠤᠷᠠᠰᠬᠠᠯᠲᠤ ᠦᠢᠯᠡᠰ ᠤᠨ ᠡᠬᠢ ᠪᠠᠶᠠᠯᠢᠭ ᠲᠤ ᠠᠩᠬᠠᠷᠤᠯ ᠢᠶᠠᠨ ᠲᠥᠪᠯᠡᠷᠡᠭᠦᠯᠵᠦ᠂ ᠣᠷᠣᠨ ᠤ ᠳᠣᠲᠣᠨ᠎ᠠ ᠭᠠᠳᠠᠨᠠᠬᠢ 12 ᠰᠣᠶᠣᠯ ᠦᠵᠡᠰᠬᠦᠯᠡᠩ ᠤᠨ ᠨᠢᠭᠡᠴᠢ ᠶᠢᠨ 374 ᠲᠡᠦᠬᠡ ᠶᠢᠨ ᠳᠤᠷᠠᠰᠬᠠᠯᠲᠤ ᠵᠦᠢᠯᠡᠰ ᠢ ᠴᠤᠭᠯᠠᠷᠠᠭᠤᠯᠤᠨ᠂ ᠠᠷᠠᠳ ᠣᠯᠠᠨ ᠳᠤ ᠡᠯᠪᠡᠭ ᠪᠠᠶᠠᠯᠢᠭ ᠠᠭᠤᠯᠭ᠎ᠠ ᠪᠦᠬᠦᠢ ᠰᠢᠨ᠎ᠡ ᠵᠢᠯ ᠪᠡᠯᠡᠭ ᠬᠦᠷᠭᠡᠭᠰᠡᠨ ᠪᠠᠶᠢᠨ᠎ᠠ᠃ ᠵᠢᠷᠤᠭ ᠪᠤᠯ 1 ᠰᠠᠷ᠎ᠠ ᠶᠢᠨ 1 ᠤ ᠡᠳᠦᠷ᠂ ᠦᠵᠡᠭᠴᠢᠳ ᠥᠪᠥᠷ ᠮᠣᠩᠭᠤᠯ ᠮᠦᠽᠧᠢ ᠳᠤ ︽ᠤᠮᠠᠷᠠᠲᠤ ᠬᠢᠯᠢ ᠶᠢᠨ ᠤᠯᠠ ᠮᠥᠷ — ᠳᠤᠮᠳᠠᠳᠤ ᠶᠢᠨ ᠪᠣᠯᠪᠠᠰᠤᠨ ᠤ ᠳᠣᠪᠣᠶᠢᠮ᠎ᠠ ᠥᠪᠡᠷᠮᠢᠴᠡ ᠴᠢᠨᠠᠷ ᠤᠨ ᠦᠵᠡᠭᠦᠯᠭᠡ︾ ᠶᠢ ᠲᠣᠭᠤᠷᠢᠨ ᠦᠵᠡᠵᠦ ᠪᠠᠶᠢᠭ᠎ᠠ ᠨᠢ᠃ ᠰᠤᠷᠪᠤᠯᠵᠢᠯᠠᠭᠴᠢ ᠸᠠᠩ ᠯᠧᠢ ᠰᠡᠭᠦᠳᠡᠷᠯᠡᠪᠡ
ᠢᠷᠡᠯᠲᠡ᠄ ᠦᠪᠦᠷ ᠮᠤᠩᠭᠤᠯ ᠤᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ