ᠪᠥᠵᠢᠭᠲᠦ ᠵᠦᠴᠦᠭᠡ ︽ᠵᠤᠤ ᠵᠢᠶᠦ᠋ᠨ︾  ᠤ ᠲᠣᠭᠤᠷᠢᠨ ᠲᠣᠭᠯᠠᠯᠲᠠ ᠴᠦᠩᠴᠢᠩ ᠳᠤ ᠶᠠᠪᠤᠭᠳᠠᠯ᠎ᠠ
ᠨᠡᠶᠢᠲᠡᠯᠡᠭᠰᠡᠨ ᠴᠠᠭ᠄
2023/9/14
     94221be9-9d76-496c-b629-96081c2340fd.jpg
      9 ᠳ᠋ᠤᠭᠡᠷ ᠰᠠᠷ᠎ᠠ ᠶᠢᠨ 12  ᠤᠨ ᠣᠷᠣᠢ᠂ ᠬᠤᠳᠠ ᠶᠢᠨ ᠰᠣᠶᠣᠯ ᠵᠢᠭᠤᠯᠴᠢᠯᠠᠯ ᠤᠨ ᠪᠡᠯᠡ ᠣᠷᠣᠭᠤᠯᠤᠯᠲᠠ ᠶᠢᠨ ᠪᠦᠯᠦᠭᠯᠡᠯ ᠤᠨ ᠬᠢᠵᠠᠭᠠᠷᠲᠤ ᠺᠣᠮᠫᠠᠨᠢ ᠠᠴᠠ ᠦᠢᠯᠡᠳᠴᠦ᠂ ᠬᠤᠳᠠ ᠶᠢᠨ ᠳᠠᠭᠤᠯᠠᠯᠳᠤ ᠵᠦᠴᠦᠭᠡ ᠪᠥᠵᠢᠭᠲᠦ ᠵᠦᠴᠦᠭᠡ ᠶᠢᠨ ᠬᠦᠷᠢᠶᠡᠯᠡᠩ ᠤᠨ ᠬᠢᠵᠠᠭᠠᠷᠲᠤ ᠺᠣᠮᠫᠠᠨᠢ ᠶᠢᠨ ᠲᠤᠭᠯᠠᠭᠴᠢᠳ ᠤᠨ ᠲᠣᠭᠯᠠᠭᠰᠠᠨ ᠪᠥᠵᠢᠭᠲᠦ ᠵᠦᠴᠦᠭᠡ ︽ᠵᠤᠤ ᠵᠢᠶᠦ᠋ᠨ︾  ᠤ ᠲᠣᠭᠤᠷᠢᠨ ᠲᠣᠭᠯᠠᠯᠲᠠ ᠴᠦᠩᠴᠢᠩ ᠤᠨ ᠲᠠᠢ ᠤᠷᠠᠯᠢᠭ ᠤᠨ ᠲᠥᠪ ᠲᠤ ᠥᠨᠳᠥᠷᠯᠡᠪᠡ᠃      ᠪᠥᠵᠢᠭᠲᠦ ᠵᠦᠴᠦᠭᠡ ︽ᠵᠣᠣ ᠵᠢᠶᠦ᠋ᠨ︾ ᠨᠢ ᠤᠯᠠᠮᠵᠢᠯᠠᠯᠲᠤ ᠰᠣᠶᠣᠯ  ᠢ ᠤᠯᠠᠮᠵᠢᠯᠠᠬᠤ ᠪᠠᠷ ᠡᠭᠦᠷᠭᠡ ᠪᠠᠨ ᠪᠣᠯᠭᠠᠵᠤ᠂ ᠪᠥᠵᠢᠭ ᠤᠨ ᠤᠷᠠᠯᠢᠭ ᠢᠶᠠᠷ ᠮᠢᠩᠭᠠᠨ ᠵᠢᠯ ᠤᠨ ᠡᠮᠦᠨᠡᠬᠢ ᠵᠣᠣ ᠵᠢᠶᠦ᠋ᠨ  ᠤ ᠥᠯᠢᠭᠡᠷ ᠢ ᠬᠥᠥᠷᠨᠢᠵᠦ᠂ ᠵᠣᠣ ᠵᠢᠶᠦ᠋ᠨ ᠤ ᠦᠨᠳᠦᠰᠦᠲᠡᠨ ᠤ ᠪᠦᠯᠬᠦᠮᠳᠡᠯ ᠤᠨ ᠲᠤᠤᠯᠢᠰ  ᠢ ᠣᠯᠠᠨ ᠳᠤ ᠰᠣᠨᠣᠰᠬᠠᠵᠤ᠂ ᠮᠢᠩᠭᠠᠨ ᠵᠢᠯ ᠤᠯᠠᠮᠵᠢᠯᠠᠭᠳᠠᠭᠰᠠᠨ ᠰᠡᠳᠬᠢᠯ ᠬᠥᠳᠡᠯᠭᠡᠮ᠎ᠡ ᠬᠠᠭᠤᠳᠠᠰᠤ  ᠶᠢ ᠳᠠᠬᠢᠨ ᠢᠯᠡᠷᠡᠭᠦᠯᠵᠦ᠂ ᠦᠨᠳᠦᠰᠦᠲᠡᠨ ᠨᠦᠭᠦᠳ ᠤᠨ ᠡᠷᠬᠡ ᠲᠡᠭᠰᠢ ᠪᠦᠯᠬᠦᠮᠳᠡᠯ ᠲᠠᠢ ᠬᠠᠷᠢᠯᠴᠠᠨ ᠬᠠᠪᠰᠤᠷᠤᠯᠴᠠᠵᠤ ᠡᠶ᠎ᠡ ᠵᠣᠬᠢᠴᠠᠯ ᠲᠠᠢ ᠪᠠᠶᠢᠬᠤ ᠰᠠᠶᠢᠨ ᠰᠠᠶᠢᠬᠠᠨ ᠬᠦᠰᠡᠯ ᠡᠷᠡᠮᠡᠯᠵᠡᠯ  ᠢ ᠳᠡᠯᠭᠡᠨ ᠦᠵᠡᠭᠦᠯᠦᠭᠰᠡᠨ ᠪᠠᠶᠢᠨ᠎ᠠ᠃ ᠰᠤᠷᠪᠤᠯᠵᠢᠯᠠᠭᠴᠢ ᠮᠢᠶᠣᠣ ᠴᠢᠩ ᠰᠡᠭᠦᠳᠡᠷᠯᠡᠪᠡ       ᠢᠷᠡᠯᠲᠡ᠄ ᠬᠦᠬᠡᠬᠤᠲᠠ ᠶᠢᠨ ᠡᠳᠦᠷ ᠤᠨ ᠰᠣᠨᠢᠨ
ᠢᠷᠡᠯᠲᠡ᠄ ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ