︵ᠰᠤᠷᠪᠤᠯᠵᠢᠯᠠᠭᠴᠢ ᠭᠧᠩ ᠰᠢᠨ︶ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠶᠢᠨ ᠡᠭᠦᠷᠭᠡ ᠬᠠᠷᠢᠭᠤᠴᠠᠯᠭ᠎ᠠ ᠶᠢ ᠨᠡᠩ | ᠰᠠᠶᠢᠲᠤᠷ ᠭᠦᠢᠴᠡᠳᠬᠡᠵᠦ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠶᠢᠨ ᠬᠢᠨᠠᠯᠲᠠ ᠲᠠᠯᠪᠢᠬᠤ ᠡᠭᠦᠷᠭᠡ ᠲᠤᠰᠢᠶᠠᠯ ᠤᠨ | ᠦᠢᠯᠡᠳᠦᠯ ᠢ ᠭᠦᠢᠴᠡᠳ ᠪᠠᠳᠠᠷᠠᠭᠤᠯᠬᠤ ᠶᠢᠨ ᠲᠥᠯᠥᠭᠡ᠂ 9 ᠳ᠋ᠦ᠋ᠭᠡᠷ ᠰᠠᠷ᠎ᠠ ᠶᠢᠨ 8 ᠤ ᠡᠳᠦᠷ᠂ ᠬᠤᠳᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ | ᠬᠤᠷᠠᠯ ᠤᠨ ᠪᠠᠶᠢᠩᠭᠤ ᠶᠢᠨ ᠬᠤᠷᠢᠶ᠎ᠠ ᠠᠴᠠ ᠥᠪᠡᠷᠲᠡᠭᠡᠨ ᠵᠠᠰᠠᠬᠤ ᠣᠷᠣᠨ᠂ ᠬᠤᠳᠠ ᠬᠤᠶᠠᠷ ᠱᠠᠲᠤᠨ ᠤ ᠠᠷᠠᠳ ᠤᠨ ᠲᠥᠯᠥᠭᠡᠯᠡᠭᠴᠢᠳ ᠤᠨ ᠶᠡᠭᠡ | ᠬᠤᠷᠠᠯ ᠤᠨ ᠲᠥᠯᠥᠭᠡᠯᠡᠭᠴᠢ ᠶᠢ ᠵᠣᠬᠢᠶᠠᠨ ᠪᠠᠶᠢᠭᠤᠯᠵᠤ ᠵᠦᠩ ᠬᠤᠸᠠᠨ ᠠᠵᠤ ᠦᠢᠯᠡᠰ ᠤᠨ ᠬᠦᠷᠢᠶᠡᠯᠡᠩ ᠳᠤ ᠬᠦᠷᠴᠦ ᠬᠠᠮᠲᠤ ᠪᠠᠷ ᠰᠢᠨᠵᠢᠯᠡᠨ ᠪᠠᠶᠢᠴᠠᠭᠠᠵᠤ᠂ | ᠮᠠᠨ ᠤ ᠬᠤᠳᠠ ᠶᠢᠨ ᠴᠢᠨᠠᠷ ᠰᠠᠶᠢᠲᠠᠢ ᠬᠥᠭᠵᠢᠯᠲᠡ ᠶᠢᠨ ᠥᠷᠨᠢᠭᠦᠨ ᠬᠦᠴᠦᠨ ᠢ ᠲᠤᠬᠠᠢ ᠶᠢᠨ ᠭᠠᠵᠠᠷ ᠲᠤᠨᠢ ᠣᠶᠢᠯᠠᠭᠠᠪᠠ᠃ | ᠵᠥᠩ ᠬᠤᠸᠠᠨ ᠠᠵᠤ ᠦᠢᠯᠡᠰ ᠤᠨ ᠬᠦᠷᠢᠶᠡᠯᠡᠩ ᠳᠤ᠂ ᠲᠥᠯᠥᠭᠡᠯᠡᠭᠴᠢᠳ ᠲᠤᠬᠠᠢ ᠶᠢᠨ ᠲᠠᠯᠠᠪᠠᠢ ᠳᠤ ᠶᠡᠷᠦᠩᠬᠡᠢ ᠱᠦᠵᠢ ᠰᠢ ᠶᠢᠨ ᠫᠢᠩ ᠤᠨ ᠵᠦᠩ | ᠬᠤᠸᠠᠨ ᠠᠵᠤ ᠦᠢᠯᠡᠰ ᠤᠨ ᠬᠦᠷᠢᠶᠡᠯᠡᠩ ᠳᠤ ᠰᠢᠨᠵᠢᠯᠡᠨ ᠪᠠᠶᠢᠴᠠᠭᠠᠬᠤ ᠦᠶ᠎ᠡ ᠶᠢᠨ ᠸᠢᠳᠢᠤ᠋ ᠮᠠᠲ᠋ᠧᠷᠢᠶᠠᠯ ᠢ ᠦᠵᠡᠵᠦ᠂ ᠬᠤᠯᠪᠣᠭᠳᠠᠯ ᠪᠦᠬᠦᠢ | ᠬᠠᠷᠢᠭᠤᠴᠠᠯᠭᠠᠲᠠᠨ ᠤ ᠵᠦᠩ ᠬᠤᠸᠠᠨ ᠠᠵᠤ ᠦᠢᠯᠡᠰ ᠤᠨ ᠬᠦᠷᠢᠶᠡᠯᠡᠩ ᠤᠨ ᠬᠥᠭᠵᠢᠯᠲᠡ ᠶᠢᠨ ᠶᠠᠪᠤᠴᠠ᠂ ᠠᠵᠤ ᠦᠢᠯᠡᠰ ᠤᠨ ᠬᠡᠯᠬᠢᠶ᠎ᠡ ᠶᠢᠨ | ᠪᠠᠶᠢᠷᠢᠰᠢᠭᠤᠯᠤᠯᠲᠠ᠂ ᠦᠢᠯᠡᠳᠪᠦᠷᠢᠯᠡᠯ ᠤᠨ ᠤᠷᠠᠯᠠᠯ᠂ ᠬᠠᠭᠠᠰ ᠳᠠᠮᠵᠢᠭᠤᠯᠤᠭᠴᠢ ᠪᠣᠯᠣᠨ ᠭᠡᠷᠡᠯ ᠴᠡᠨᠡᠭ ᠤᠨ ᠮᠠᠲ᠋ᠧᠷᠢᠶᠠᠯ ᠤᠨ ᠪᠦᠲᠦᠭᠡᠭᠳᠡᠬᠦᠨ ᠢ ᠰᠤᠳᠤᠯᠤᠨ | ᠨᠡᠭᠡᠭᠡᠵᠦ ᠦᠢᠯᠡᠳᠪᠦᠷᠢᠯᠡᠭᠰᠡᠨ ᠵᠡᠷᠭᠡ ᠪᠠᠶᠢᠳᠠᠯ ᠤᠨ ᠲᠤᠬᠠᠢ ᠲᠠᠨᠢᠯᠴᠠᠭᠤᠯᠭ᠎ᠠ ᠶᠢ ᠨᠠᠷᠢᠨ ᠬᠢᠨᠠᠮᠠᠭᠠᠢ ᠰᠣᠨᠣᠰᠴᠤ᠂ ᠲᠠᠯᠠᠰᠲᠤ ᠲᠠᠪᠤᠳᠤᠭᠠᠷ ᠬᠤᠭᠤᠴᠠᠭᠠᠨ ᠤ | ᠦᠢᠯᠡᠳᠪᠦᠷᠢ᠂ ᠬᠠᠭᠠᠰ ᠳᠠᠮᠵᠢᠭᠤᠯᠤᠭᠴᠢ ᠶᠢᠨ ᠬᠤᠶᠠᠳᠤᠭᠠᠷ ᠬᠤᠭᠤᠴᠠᠭᠠᠨ ᠤ ᠦᠢᠯᠡᠳᠪᠦᠷᠢ᠂ ᠲᠠᠯᠠᠰᠲᠤ ᠢᠯᠲᠠᠰᠤ ᠶᠢᠨ ᠦᠢᠯᠡᠳᠪᠦᠷᠢ ᠶᠢ ᠲᠣᠭᠤᠷᠢᠨ | ᠦᠵᠡᠪᠡ᠃ | ᠰᠢᠨᠵᠢᠯᠡᠨ ᠪᠠᠶᠢᠴᠠᠭᠠᠯᠲᠠ ᠶᠢᠨ ᠳᠠᠷᠠᠭ᠎ᠠ᠂ ᠲᠥᠯᠥᠭᠡᠯᠡᠭᠴᠢᠳ ᠵᠦᠩ ᠬᠤᠸᠠᠨ ᠠᠵᠤ ᠦᠢᠯᠡᠰ ᠤᠨ ᠬᠦᠷᠢᠶᠡᠯᠡᠩ ᠤᠨ ᠰᠢᠨ᠎ᠡ ᠬᠥᠭᠵᠢᠯᠲᠡ ᠶᠢᠨ | ᠣᠶᠢᠯᠠᠭᠠᠭᠳᠠᠬᠤᠨ ᠢ ᠲᠤᠭᠤᠰᠢᠯᠠᠭᠤᠯᠵᠤ᠂ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠳᠤᠮᠳᠠ ᠣᠯᠣᠭᠰᠠᠨ ᠡᠯᠪᠡᠭ ᠪᠠᠶᠠᠯᠢᠭ ᠦᠷ᠎ᠡ ᠪᠦᠲᠦᠭᠡᠯ ᠢ ᠳᠡᠭᠡᠳᠦ | ᠬᠡᠮᠵᠢᠶ᠎ᠡ ᠪᠠᠷ ᠨᠤᠲᠠᠯᠠᠵᠤ᠂ ᠬᠤᠶᠢᠰᠢᠳᠠ ᠴᠠᠭ ᠢᠮᠠᠭᠲᠠ ︽ᠬᠤᠶᠠᠷ ᠢ ᠲᠣᠭᠲᠠᠭᠠᠭᠰᠠᠨ︾ ᠢ ᠬᠦᠷᠢᠶᠡᠯᠡᠵᠦ᠂ ︽ᠬᠤᠶᠠᠷ ᠢ ᠬᠠᠮᠠᠭᠠᠯᠠᠬᠤ︾ ᠶᠢ ᠪᠡᠶᠡᠯᠡᠭᠦᠯᠬᠦ | ᠥᠨᠳᠥᠷ ᠲᠤ ᠵᠣᠭᠰᠣᠵᠤ᠂ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠶᠠᠷᠢᠶᠠᠨ ᠤ ᠪᠠᠶᠠᠯᠢᠭ ᠠᠭᠤᠯᠤᠭᠳᠠᠬᠤᠨ ᠪᠠ ᠦᠢᠯᠡᠳᠦᠯᠭᠡ ᠶᠢᠨ ᠱᠠᠭᠠᠷᠳᠠᠯᠭ᠎ᠠ ᠶᠢ | ᠭᠦᠨᠵᠡᠭᠡᠢ ᠣᠶᠢᠯᠠᠭᠠᠵᠤ᠂ ︽ᠠᠵᠤ ᠦᠢᠯᠡᠰ ᠤᠨ ᠪᠦᠲᠦᠴᠡ ᠶᠢ ᠲᠦᠷᠭᠡᠳᠬᠡᠨ ᠰᠢᠯᠢᠳᠡᠭᠵᠢᠭᠦᠯᠬᠦ︾ ᠴᠢᠬᠤᠯᠠ ᠱᠠᠭᠠᠷᠳᠠᠯᠭ᠎ᠠ ᠶᠢ ᠣᠨᠣᠪᠴᠢᠲᠠᠶ ᠡᠵᠡᠮᠰᠢᠵᠦ᠂ | ᠠᠵᠤ ᠠᠬᠤᠢ ᠨᠡᠶᠢᠭᠡᠮ ᠤᠨ ᠰᠢᠨ᠎ᠡ ᠬᠥᠭᠵᠢᠯᠲᠡ ᠰᠢᠨ᠎ᠡ ᠬᠤᠪᠢᠷᠠᠯᠲᠠ ᠳᠤ ᠰᠠᠨᠠᠭᠠᠴᠢᠯᠠᠭ᠎ᠠ ᠠᠴᠠ ᠪᠠᠨ ᠵᠣᠬᠢᠴᠠᠵᠤ᠂ ᠭᠤᠣᠯᠳᠠᠯᠭ᠎ᠠ ᠲᠠᠢ ᠬᠦᠷᠢᠶ᠎ᠡ ᠴᠠᠷᠠᠭ᠎ᠠ᠂ | ᠰᠢᠨ᠎ᠡ ᠪᠠᠷ ᠮᠠᠨᠳᠤᠭᠰᠠᠨ ᠬᠦᠷᠢᠶ᠎ᠡ ᠴᠠᠷᠠᠭ᠎ᠠ ᠳᠤ ᠠᠩᠬᠠᠷᠤᠯ ᠢᠶᠠᠨ ᠲᠥᠪᠯᠡᠷᠡᠭᠦᠯᠵᠦ᠂ ᠪᠦᠬᠦ ᠲᠥᠯᠥᠭᠡᠯᠡᠭᠴᠢᠳ ᠤᠨ ᠤᠶᠤᠨ ᠤᠬᠠᠭᠠᠨ ᠪᠠ ᠬᠦᠴᠦᠨ ᠴᠢᠳᠠᠯ ᠢ | ᠲᠥᠪᠯᠡᠷᠡᠭᠦᠯᠵᠦ᠂ ᠣᠷᠣᠨ ᠤ ᠲᠥᠪ ᠤᠨ ᠣᠳᠣᠬᠢᠴᠢᠯᠠᠭᠰᠠᠨ ᠣᠷᠣᠨ ᠪᠦᠰᠡ ᠶᠢᠨ ᠲᠥᠪ ᠬᠤᠳᠠ ᠶᠢ ᠲᠦᠷᠭᠡᠨ ᠪᠦᠲᠦᠭᠡᠨ ᠪᠠᠶᠢᠭᠤᠯᠬᠤ ᠳᠤ ᠨᠡᠩ ᠤᠯᠠᠨ | ᠰᠢᠨᠵᠢᠯᠡᠬᠦ ᠤᠬᠠᠭᠠᠨᠴᠢ ᠰᠢᠢᠳᠪᠦᠷᠢᠲᠦ ᠪᠣᠳᠣᠯᠭ᠎ᠠ᠂ ᠠᠰᠠᠭᠤᠳᠠᠯ ᠢ ᠰᠢᠢᠳᠪᠦᠷᠢᠯᠡᠬᠦ ᠳᠤ ᠲᠤᠰᠠᠲᠠᠢ᠂ ᠬᠥᠭᠵᠢᠯᠲᠡ ᠶᠢ ᠪᠦᠲᠦᠮᠵᠢᠲᠡᠢ ᠠᠬᠢᠭᠤᠯᠬᠤ ᠡᠭᠦᠷᠭᠡ | ᠬᠠᠷᠢᠭᠤᠴᠠᠯᠭ᠎ᠠ ᠪᠠᠨ ᠭᠦᠢᠴᠡᠳᠬᠡᠭᠰᠡᠨ ᠦᠷ᠎ᠡ ᠪᠦᠲᠦᠭᠡᠯ ᠢ ᠳᠤᠷᠠᠳᠴᠤ᠂ ᠣᠷᠣᠨ ᠤ ᠲᠥᠪ ᠤᠨ ᠴᠢᠨᠠᠷ ᠰᠠᠶᠢᠲᠠᠢ ᠬᠥᠭᠵᠢᠯᠲᠡ ᠳᠤ ᠰᠢᠨ᠎ᠡ ᠦᠷ᠎ᠡ ᠪᠦᠲᠦᠮᠵᠢ | ᠣᠯᠬᠤ ᠶᠢ ᠪᠦᠬᠦ ᠬᠦᠴᠦᠨ ᠢᠶᠠᠷ ᠢᠶᠠᠨ ᠠᠬᠢᠭᠤᠯᠤᠨ᠎ᠠ ᠭᠡᠵᠦ ᠢᠯᠡᠷᠬᠡᠶᠢᠯᠡᠵᠡᠭᠡᠪᠡ᠃ |