| | | ᠵᠡᠪᠰᠡᠭᠲᠦ ᠴᠠᠭᠳᠠᠭ᠎ᠠ ᠶᠢᠨ ᠳᠠᠷᠤᠭ᠎ᠠ ᠪᠠᠶᠢᠯᠳᠤᠭᠴᠢᠳ ᠤᠨ ᠤᠶᠤᠨ ᠰᠠᠨᠠᠭ᠎ᠠ ᠰᠣᠶᠣᠯ ᠤᠨ ᠠᠮᠢᠳᠤᠷᠠᠯ ᠢ | ᠪᠠᠶᠠᠯᠢᠭᠵᠢᠭᠤᠯᠵᠤ᠂ ᠪᠦᠬᠦ ᠠᠷᠠᠳ ᠤᠨ ᠨᠣᠮ ᠤᠩᠰᠢᠬᠤ ᠠᠵᠢᠯᠯᠠᠭ᠎ᠠ ᠶᠢ ᠥᠷᠭᠡᠨ ᠭᠦᠨᠵᠡᠭᠡᠢ ᠥᠷᠨᠢᠭᠦᠯᠬᠦ ᠶᠢᠨ ᠲᠥᠯᠥᠭᠡ᠂ | ᠢᠦᠢ ᠴᠢᠤᠸᠠᠨ ᠲᠣᠭᠤᠷᠢᠭ ᠤᠨ ᠨᠣᠮ ᠤᠨ ᠰᠠᠩ ᠣᠶᠢᠷ᠎ᠠ ᠶᠢᠨ ᠡᠳᠦᠷ ᠤᠳ ᠲᠤ ᠲᠣᠭᠤᠷᠢᠭ ᠲᠤ ᠰᠠᠭᠤᠭ᠎ᠠ ᠴᠡᠷᠢᠭ | ᠠᠩᠭᠢ ᠳᠤ ᠬᠦᠷᠴᠦ᠂ ︽ᠨᠡᠭᠦᠳᠡᠯ ᠨᠣᠮ ᠪᠢᠴᠢᠭ ᠴᠡᠷᠢᠭ ᠤᠨ ᠬᠤᠸᠠᠷᠠᠨ ᠳᠤ ᠣᠷᠣᠬᠤ︾ ᠰᠣᠶᠣᠯ ᠢᠶᠠᠷ ᠴᠡᠷᠢᠭ ᠢᠶᠠᠨ | ᠬᠦᠷᠢᠶᠡᠯᠡᠬᠦ ᠠᠵᠢᠯᠯᠠᠭ᠎ᠠ ᠥᠷᠨᠢᠭᠦᠯᠵᠡᠢ᠃ | ᠲᠤᠰ ᠤᠳᠠᠭ᠎ᠠ ᠶᠢᠨ ᠠᠵᠢᠯᠯᠠᠭ᠎ᠠ ᠪᠠᠷ ᠲᠣᠭᠤᠷᠢᠭ ᠲᠤ ᠰᠠᠭᠤᠭ᠎ᠠ ᠴᠡᠷᠢᠭ ᠠᠩᠭᠢ ᠶᠢᠨ ᠳᠠᠷᠤᠭ᠎ᠠ | ᠪᠠᠶᠢᠯᠳᠤᠭᠴᠢᠳ ᠲᠤ 2000 ᠭᠠᠷᠤᠢ ᠳᠡᠪᠲᠡᠷ ᠨᠣᠮ ᠪᠢᠴᠢᠭ ᠬᠦᠷᠭᠡᠵᠦ᠂ ᠠᠭᠤᠯᠭ᠎ᠠ ᠨᠢ ᠤᠯᠤᠰ ᠲᠦᠷᠦ᠂ ᠴᠡᠷᠢᠭ ᠤᠨ | ᠶᠠᠪᠤᠳᠠᠯ᠂ ᠤᠳᠬ᠎ᠠ ᠵᠣᠬᠢᠶᠠᠯ᠂ ᠤᠷᠠᠯᠢᠭ᠂ ᠲᠡᠦᠬᠡ ᠵᠡᠷᠭᠡ ᠶᠢ ᠪᠠᠭᠲᠠᠭᠠᠵᠤ᠂ ᠢᠦᠢ ᠴᠢᠦᠸᠠᠨ ᠲᠣᠭᠤᠷᠢᠭ ᠤᠨ ᠨᠣᠮ ᠤᠨ | ᠰᠠᠩ ᠲᠣᠭᠲᠠᠮᠠᠯ ᠪᠤᠰᠤ ᠬᠤᠭᠤᠴᠠᠭ᠎ᠠ ᠲᠠᠢ ᠪᠠᠷ ᠡᠭᠦᠳᠡᠨ ᠳᠤᠨᠢ ᠬᠦᠷᠭᠡᠬᠦ᠂ ᠨᠣᠮ ᠪᠢᠴᠢᠭ ᠰᠣᠯᠢᠬᠤ ᠬᠡᠯᠪᠡᠷᠢ ᠪᠠᠷ ᠳᠠᠷᠤᠭ᠎ᠠ | ᠪᠠᠶᠢᠯᠳᠤᠭᠴᠢᠳ ᠲᠤ ᠤᠩᠰᠢᠯᠭ᠎ᠠ ᠶᠢᠨ ᠦᠢᠯᠡᠴᠢᠯᠡᠭᠡ ᠬᠠᠩᠭᠠᠵᠤ᠂ ᠲᠡᠳᠡᠨ ᠳᠤ ᠪᠠᠴᠢᠮ ᠶᠠᠭᠠᠷᠠᠯᠲᠠᠢ ᠠᠵᠢᠯᠯᠠᠵᠤ | ᠪᠣᠯᠪᠠᠰᠤᠷᠠᠬᠤ ᠶᠢᠨ ᠰᠤᠯᠠ ᠴᠢᠯᠦᠭᠡᠨ ᠳᠡᠭᠡᠨ ᠰᠠᠶᠢᠨ ᠨᠣᠮ ᠤᠩᠰᠢᠵᠤ᠂ ᠴᠡᠷᠢᠭ ᠤᠨ ᠬᠤᠸᠠᠷᠠᠨ ᠠᠴᠠ ᠭᠠᠷᠬᠤ ᠦᠭᠡᠢ ᠪᠠᠷ | ᠰᠣᠶᠣᠯ ᠤᠨ ᠲᠠᠩᠰᠤᠭ ᠢ ᠡᠳ᠋ᠯᠡᠵᠦ ᠳᠡᠶᠢᠯᠬᠦ ᠪᠣᠯᠭᠠᠪᠠ᠃ ᠰᠤᠷᠪᠤᠯᠵᠢᠯᠠᠭᠴᠢ ᠠᠷᠢᠭᠤᠨ᠎ᠠ ᠰᠡᠭᠦᠳᠡᠷᠯᠡᠪᠡ |