ᠬᠥᠬᠡᠬᠤᠲᠠ ᠶᠢᠨ ᠨᠢᠰᠬᠡᠯ ᠤᠨ ᠪᠠᠭᠤᠳᠠᠯ ᠤᠨ ᠠᠶᠠᠨᠴᠢᠳ ᠤᠨ ᠵᠦᠭᠡᠭᠡᠪᠦᠷᠢ ᠶᠢᠨ ᠬᠡᠮᠵᠢᠶ᠎ᠡ ᠠᠩᠬ᠎ᠠ ᠤᠳᠠᠭ᠎ᠠ ᠡᠳᠦᠷ ᠲᠤ 5 ᠲᠦᠮᠡᠨ ᠬᠥᠮᠥᠨ ︵ᠤᠳᠠᠭ᠎ᠠ︶ ᠶᠢ ᠳᠠᠪᠠᠵᠤ ᠲᠡᠦᠬᠡᠨ ᠲᠡᠮᠳᠡᠭᠯᠡᠯ ᠢ ᠰᠢᠨᠡᠳᠬᠡᠯ᠎ᠡ
ᠨᠡᠶᠢᠲᠡᠯᠡᠭᠰᠡᠨ ᠴᠠᠭ᠄
2023/8/17
      ᠥᠪᠥᠷ ᠮᠣᠩᠭᠤᠯ ᠤᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠭᠴᠢ ᠦᠨᠢᠷ︶ ᠬᠥᠬᠡᠬᠤᠲᠠ ᠶᠢᠨ ᠨᠢᠰᠬᠡᠯ ᠤᠨ ᠪᠠᠭᠤᠳᠠᠯ ᠲᠡᠭᠡᠭᠡᠪᠦᠷᠢ ᠶᠢᠨ ᠬᠦᠴᠦᠨ ᠤ ᠬᠠᠩᠭᠠᠯᠭ᠎ᠠ ᠪᠣᠯᠣᠨ ᠠᠶᠠᠨᠴᠢᠳ ᠤᠨ ᠢᠷᠡᠯᠲᠡ ᠶᠢᠨ ᠬᠡᠷᠡᠭᠴᠡᠭᠡ ᠳᠤ ᠵᠡᠷᠭᠡ ᠪᠠᠷ ᠰᠢᠪᠲᠤᠯᠤᠯᠲᠠ ᠭᠠᠷᠭᠠᠵᠤ᠂ ᠡᠭᠡᠯᠵᠢ ᠶᠢᠨ ᠨᠢᠰᠬᠡᠯ ᠤᠨ ᠬᠡᠮᠵᠢᠶ᠎ᠡ ᠶᠢ ᠨᠡᠮᠡᠭᠳᠡᠭᠦᠯᠦᠨ᠂ ᠠᠶᠠᠨᠴᠢᠳ ᠤᠨ ᠢᠷᠡᠯᠲᠡ ᠶᠢᠨ ᠵᠠᠮ ᠢ ᠪᠠᠶᠠᠯᠢᠭᠵᠢᠭᠤᠯᠵᠤ᠂ 7 ᠰᠠᠷ᠎ᠠ ᠶᠢᠨ ᠠᠶᠠᠨᠴᠢᠨ ᠤ ᠵᠥᠭᠡᠭᠡᠪᠦᠷᠢ ᠶᠢᠨ ᠬᠡᠮᠵᠢᠶ᠎ᠡ ᠨᠢ 136.3 ᠲᠦᠮᠡᠨ ᠬᠦᠮᠦᠨ ︵ᠤᠳᠠᠭ᠎ᠠ︶ ᠳᠤ ᠬᠦᠷᠪᠠ᠃ 8 ᠰᠠᠷ᠎ᠠ ᠶᠢᠨ 1 ᠤ ᠡᠳᠦᠷ ᠲᠤ ᠨᠢᠰᠴᠦ ᠪᠠᠭᠤᠭᠰᠠᠨ ᠨᠢᠰᠬᠡᠯ ᠤᠨ ᠲᠤᠭ᠎ᠠ ᠠᠩᠬ᠎ᠠ ᠤᠳᠠᠭ᠎ᠠ 400 ᠤᠳᠠᠭ᠎ᠠ ᠶᠢ ᠳᠠᠪᠠᠵᠤ᠂ ᠠᠶᠠᠨᠴᠢᠳ ᠤᠨ  ᠵᠦᠭᠡᠭᠡᠪᠦᠷᠢ ᠶᠢᠨ ᠬᠡᠮᠵᠢᠶ᠎ᠡ ᠠᠩᠬ᠎ᠠ ᠤᠳᠠᠭ᠎ᠠ 5 ᠲᠦᠮᠡᠨ ᠬᠥᠮᠥᠨ ︵ᠤᠳᠠᠭ᠎ᠠ︶ ᠶᠢ ᠳᠠᠪᠠᠵᠤ᠂ ᠬᠥᠬᠡᠬᠤᠲᠠ ᠶᠢᠨ ᠨᠢᠰᠬᠡᠯ ᠤᠨ ᠪᠠᠭᠤᠳᠠᠯ ᠤᠨ ᠠᠰᠢᠭᠯᠠᠯᠲᠠ ᠳᠤ ᠣᠷᠣᠭᠰᠠᠨ ᠠᠴᠠ ᠨᠠᠭᠠᠰᠢᠬᠢ ᠲᠡᠦᠬᠡᠨ ᠲᠡᠮᠳᠡᠭᠯᠡᠯ ᠢ ᠰᠢᠨᠡᠳᠬᠡᠨ᠂ ᠡᠭᠡᠯᠵᠢ ᠶᠢᠨ ᠨᠢᠰᠬᠡᠯ ᠪᠠ ᠠᠶᠠᠨᠴᠢᠳ ᠤᠨ ᠵᠥᠭᠡᠭᠡᠪᠦᠷᠢ ᠶᠢᠨ ᠬᠡᠮᠵᠢᠶ᠎ᠡ ᠶᠢᠨ ᠰᠢᠨ᠎ᠡ ᠲᠡᠮᠳᠡᠭᠯᠡᠯ ᠢ ᠡᠭᠦᠳᠴᠡᠢ᠃      ᠬᠥᠬᠡᠬᠤᠲᠠ ᠶᠢᠨ ᠨᠢᠰᠬᠡᠯ ᠤᠨ ᠪᠠᠭᠤᠳᠠᠯ ᠬᠥᠭᠵᠢᠶᠡᠨᠲᠤ ᠤᠯᠠᠷᠢᠯ ᠤᠨ ᠰᠠᠶᠢᠨ ᠰᠠᠶᠢᠬᠠᠨ ᠬᠥᠭᠵᠢᠯᠲᠡ ᠶᠢᠨ ᠬᠠᠨᠳᠤᠰᠢ ᠶᠢ ᠦᠷᠭᠦᠯᠵᠢᠯᠡᠭᠦᠯᠬᠦ ᠶᠢᠨ ᠲᠥᠯᠥᠭᠡ᠂ ᠡᠭᠡᠯᠵᠢ ᠶᠢᠨ ᠨᠢᠰᠬᠡᠯ ᠤᠨ ᠬᠡᠮᠵᠢᠶ᠎ᠡ ᠶᠢ ᠨᠡᠮᠡᠭᠳᠡᠬᠦᠯᠬᠦ ᠠᠷᠭ᠎ᠠ ᠬᠡᠮᠵᠢᠶ᠎ᠡ ᠶᠢ ᠢᠳᠡᠪᠬᠢᠲᠡᠢ ᠰᠦᠪᠡᠭᠴᠢᠯᠡᠪᠡ᠃ ᠡᠭᠡᠯᠵᠢ ᠶᠢᠨ ᠨᠢᠰᠬᠡᠯ ᠢ ᠬᠠᠪᠰᠤᠷᠤᠨ ᠲᠣᠬᠢᠷᠠᠭᠤᠯᠬᠤ ᠦᠶ᠎ᠡ  ᠳᠤ ᠡᠭᠡᠯᠵᠢ ᠶᠢᠨ ᠨᠢᠰᠬᠡᠯ ᠤᠨ ᠬᠡᠷᠡᠭᠵᠢᠭᠦᠯᠦᠯᠲᠡ ᠪᠠ ᠴᠠᠭ ᠬᠤᠭᠤᠴᠠᠭᠠᠨ ᠤ ᠠᠰᠢᠭᠯᠠᠯᠲᠠ ᠶᠢᠨ ᠪᠠᠶᠢᠳᠠᠯ ᠢ ᠰᠠᠨᠠᠭᠠᠴᠢᠯᠠᠭ᠎ᠠ ᠠᠴᠠ ᠪᠠᠨ ᠬᠢᠨᠠᠨ ᠡᠵᠡᠮᠳᠡᠵᠦ᠂ ᠠᠭᠠᠷ ᠤᠨ ᠠᠶᠠᠯᠠᠯ ᠤᠨ ᠺᠤᠮᠫᠠᠨᠢ ᠶᠢᠨ ᠬᠤᠭᠤᠷᠣᠨᠳᠣᠬᠢ ᠴᠠᠭ ᠬᠤᠭᠤᠴᠠᠭᠠᠨ ᠤ ᠲᠣᠬᠢᠷᠠᠭᠤᠯᠤᠯᠲᠠ ᠪᠠ ᠰᠣᠯᠢᠭᠳᠠᠯ ᠢ ᠢᠳᠡᠪᠬᠢᠲᠡᠢ ᠵᠣᠬᠢᠴᠠᠭᠤᠯᠤᠨ᠂ 7 — 8 ᠰᠠᠷ᠎ᠠ ᠳᠤ ᠠᠭᠠᠷ ᠤᠨ ᠠᠶᠠᠯᠠᠯ ᠤᠨ ᠱᠤᠭᠤᠮ ᠢ 5 ᠵᠤᠷᠪᠤᠰ ᠨᠡᠮᠡᠭᠳᠡᠭᠦᠯᠵᠦ᠂ ᠡᠳᠦᠷ ᠳᠤᠮᠳᠠᠴᠢ ᠪᠠᠷ 10 ᠤᠳᠠᠭ᠎ᠠ ᠨᠡᠮᠡᠭᠳᠡᠭᠦᠯᠪᠠ︔ ᠥᠷᠭᠡᠨ ᠪᠡᠶᠡᠲᠦ ᠨᠢᠰᠬᠡᠯ ᠤᠨ ᠵᠥᠭᠡᠭᠡᠪᠦᠷᠢ ᠶᠢᠨ ᠬᠦᠴᠦᠨ ᠤ ᠬᠡᠪᠴᠢᠶ᠎ᠡ ᠶᠢ ᠥᠷᠭᠡᠳᠬᠡᠵᠦ᠂ ᠬᠥᠬᠡᠬᠤᠲᠠ — ᠭᠦᠢᠶᠠᠩ — ᠬᠠᠶᠢᠺᠧᠦ  ᠶᠢᠨ ᠠᠭᠠᠷ ᠤᠨ ᠠᠶᠠᠯᠠᠯ ᠤᠨ ᠱᠤᠭᠤᠮ ᠢ ᠬᠥᠲᠥᠯᠥᠨ ᠵᠢᠯᠤᠭᠤᠳᠴᠤ ᠪᠠᠶᠢᠭᠠᠳ ᠥᠷᠭᠡᠨ ᠪᠡᠶᠡᠲᠦ ᠨᠢᠰᠬᠡᠯ ᠢᠶᠠᠷ ᠰᠣᠯᠢᠵᠤ᠂ 8 ᠰᠠᠷ᠎ᠠ ᠳᠤ ᠥᠷᠭᠡᠨ ᠪᠡᠶᠡᠲᠦ ᠨᠢᠰᠬᠡᠯ ᠤᠨ ᠵᠥᠭᠡᠭᠡᠪᠦᠷᠢ ᠶᠢᠨ ᠬᠦᠴᠦᠨ ᠢ ᠬᠠᠮᠤᠭ ᠤᠨ ᠥᠨᠳᠥᠷ ᠲᠡᠭᠡᠨ 4 ᠡᠬᠡᠯᠵᠢ ᠶᠢᠨ ᠨᠢᠰᠬᠡᠯ ᠳᠤ ᠬᠦᠷᠬᠡᠪᠡ︔ ᠠᠵᠢᠯᠯᠠᠭᠠᠨ ᠤ ᠰᠠᠯᠠᠭ᠎ᠠ ᠮᠥᠴᠢᠷ ᠢ ᠬᠠᠮᠵᠢᠨ ᠡᠭᠡᠯᠵᠢ ᠶᠢᠨ ᠨᠢᠰᠬᠡᠯ ᠤᠨ ᠨᠢᠰᠬᠦ ︽ᠲᠦᠭᠵᠢᠷᠡᠯ︾ ᠢ ᠪᠦᠲᠦᠮᠵᠢᠲᠡᠶ ᠨᠠᠮᠳᠠᠭᠤᠯᠵᠤ᠂ ᠡᠭᠡᠯᠵᠢ ᠶᠢᠨ ᠨᠢᠰᠬᠡᠯ ᠤᠨ ᠨᠢᠰᠬᠦ ᠦᠷ᠎ᠡ ᠪᠦᠲᠦᠮᠵᠢ ᠶᠢ ᠳᠡᠭᠡᠭᠰᠢᠯᠡᠭᠦᠯᠦᠭᠰᠡᠨ ᠪᠠᠶᠢᠨ᠎ᠠ᠃
ᠢᠷᠡᠯᠲᠡ᠄ ᠦᠪᠦᠷ ᠮᠤᠩᠭᠤᠯ ᠤᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ