ᠲᠠᠪᠤᠨ ᠰᠤᠪᠤᠷᠭᠠᠲᠤ ᠰᠦᠮ᠎ᠡ ᠶᠢᠨ ᠮᠦᠽᠧᠢ᠄ 300 ᠵᠢᠯ ᠤᠨ ᠡᠮᠦᠨᠡᠬᠢ ᠡᠷᠳᠡᠨᠢ ᠶᠢᠨ ᠰᠤᠪᠤᠷᠭ᠎ᠠ ᠪᠠᠷ ᠢᠶᠠᠨ ᠠᠯᠳᠠᠷᠰᠢᠪᠠ
ᠨᠡᠶᠢᠲᠡᠯᠡᠭᠰᠡᠨ ᠴᠠᠭ᠄
2023/5/25
      ᠲᠠᠪᠤᠨ ᠰᠤᠪᠤᠷᠭᠠᠲᠤ ᠰᠦᠮ᠎ᠡ ᠶᠢᠨ ᠤᠤᠯ ᠨᠡᠷ᠎ᠡ ᠨᠢ ᠽᠧ ᠳ᠋ᠧᠩ ᠰᠧ ᠰᠦᠮ᠎ᠡ ᠭᠡᠳᠡᠭ᠂ ᠨᠡᠶᠢᠲᠡ ᠶᠢᠨ ᠣᠨ ᠲᠣᠭᠠᠯᠠᠯ ᠤᠨ 1727 ᠣᠨ ᠳᠤ ᠪᠠᠶᠢᠭᠤᠯᠤᠭᠳᠠᠵᠠᠢ᠂ ᠲᠡᠷᠡ ᠨᠢ ᠭᠦᠢ ᠬᠤᠸᠠ ᠬᠤᠲᠠ ᠶᠢᠨ ᠵᠡᠭᠦᠨ ᠡᠮᠦᠨ᠎ᠡ ᠬᠡᠰᠡᠭ᠂ ᠰᠦᠢᠶᠤᠸᠠᠨ ᠬᠤᠲᠠ ᠶᠢᠨ ᠪᠠᠷᠠᠭᠤᠨ ᠡᠮᠦᠨ᠎ᠡ ᠬᠡᠰᠡᠭ ᠲᠤ ᠪᠤᠶ᠃ ᠰᠦᠮ᠎ᠡ ᠶᠢᠨ ᠬᠤᠶᠢᠲᠤ ᠲᠠᠯ᠎ᠠ ᠳᠤ ᠸᠠᠴᠢᠷ ᠰᠠᠭᠤᠳᠠᠯᠲᠤ ᠱᠠᠷᠢᠯ ᠤᠨ ᠡᠷᠳᠡᠨᠢ ᠶᠢᠨ ᠰᠤᠪᠤᠷᠭ᠎ᠠ ᠪᠠᠶᠢᠳᠠᠭ ᠢᠶᠠᠷ ᠢᠶᠠᠨ ᠲᠠᠪᠤᠨ ᠰᠤᠪᠤᠷᠭᠠᠲᠤ ᠰᠦᠮ᠎ᠡ ᠭᠡᠳᠡᠭ ᠨᠡᠷ᠎ᠡ  ᠲᠠᠢ ᠪᠣᠯᠵᠠᠢ᠃ ᠸᠠᠴᠢᠷ ᠰᠠᠭᠤᠳᠠᠯᠲᠤ ᠱᠠᠷᠢᠯ ᠤᠨ ᠡᠷᠳᠡᠨᠢ ᠶᠢᠨ ᠰᠤᠪᠤᠷᠭ᠎ᠠ ᠨᠢ 300 ᠰᠢᠬᠠᠮ ᠵᠢᠯ ᠤᠨ ᠲᠡᠦᠬᠡ ᠲᠠᠢ᠂ ᠡᠨᠡ ᠰᠣᠪᠤᠷᠭ᠎ᠠ ᠨᠢ 16.5 ᠮᠧᠲᠷ ᠥᠨᠳᠥᠷ ᠪᠠᠶᠢᠵᠤ᠂ ᠭᠤᠷᠪᠠᠨ ᠬᠡᠰᠡᠭ ᠠᠴᠠ ᠪᠦᠷᠢᠯᠳᠦᠪᠡ᠂ ᠬᠠᠮᠤᠭ ᠳᠣᠣᠷ᠎ᠠ ᠲᠠᠯ᠎ᠠ ᠳᠤ ᠨᠢ ᠰᠦᠮᠢᠷ ᠰᠠᠭᠤᠳᠠᠯ᠂ ᠳᠤᠮᠳᠠ ᠨᠢ ᠸᠠᠴᠢᠷᠲᠤ ᠰᠠᠭᠤᠳᠠᠯ᠂ ᠬᠠᠮᠤᠭ ᠳᠡᠭᠡᠷ᠎ᠡ ᠲᠠᠯ᠎ᠠ ᠳᠤ ᠨᠢ ᠲᠠᠪᠤᠨ ᠵᠢᠵᠢᠭ ᠰᠤᠪᠤᠷᠭ᠎ᠠ ᠶᠢ ᠰᠡᠶᠢᠯᠦᠵᠦ ᠱᠤᠭᠤᠭᠰᠠᠨ ᠪᠠᠶᠢᠳᠠᠭ᠃      ᠲᠠᠨᠢᠯᠴᠠᠭᠤᠯᠤᠭᠰᠠᠨ ᠢᠶᠠᠷ᠂ ᠸᠠᠴᠢᠷ ᠰᠠᠭᠤᠳᠠᠯᠲᠤ ᠱᠠᠷᠢᠯ ᠤᠨ ᠡᠷᠳᠡᠨᠢ ᠶᠢᠨ ᠰᠤᠪᠤᠷᠭ᠎ᠠ ᠣᠣᠯ ᠨᠢ ᠥᠩᠭᠡᠲᠦ ᠵᠢᠷᠤᠭ ᠪᠠ ᠠᠯᠲᠠ ᠪᠠᠷ ᠦᠩᠭᠡᠯᠡᠭᠰᠡᠨ ᠪᠠᠶᠢᠳᠠᠯ ᠢᠶᠠᠨ ᠬᠠᠳᠠᠭᠠᠯᠠᠵᠤ ᠪᠠᠶᠢᠭᠰᠠᠨ ᠦᠶ᠎ᠡ ᠳᠤ ᠨᠡᠷᠡᠨ ᠤ ᠬᠡᠷᠡᠯ ᠳᠤ ᠭᠢᠯᠪᠠᠭ᠎ᠠ ᠰᠠᠴᠤᠷᠠᠭᠠᠳ ᠲᠤᠶᠢᠯ ᠤᠨ ᠭᠤᠶᠢᠳᠠ ᠰᠠᠶᠢᠬᠠᠨ ᠬᠠᠷᠠᠭᠳᠠᠳᠠᠭ ᠭᠡᠨ᠎ᠡ᠃
1811077j7hdc7ohdhbhscu.jpg
499113042.jpg
res16_attpic_brief.jpg
ᠢᠷᠡᠯᠲᠡ᠄ ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ