ᠹᠧᠩᠵᠸᠦ ᠡᠷᠲᠡᠨ ᠤ ᠬᠤᠲᠠ ᠶᠢᠨ ᠮᠦᠽᠧᠢ ᠬᠥᠬᠡᠬᠤᠲᠠ ᠶᠢᠨ ᠵᠡᠭᠦᠨ ᠲᠡᠭᠦᠷᠭᠡ ᠳᠤ ᠪᠠᠶᠢᠷᠢᠯᠠᠵᠤ᠂ ᠹᠧᠩᠵᠸᠦ ᠡᠷᠲᠡᠨ ᠤ ᠬᠤᠲᠠ ᠶᠢᠨ ᠪᠠᠷᠠᠭᠤᠨ | ᠬᠤᠶᠢᠲᠤ ᠥᠨᠴᠥᠭ ᠲᠤ ᠪᠠᠶᠢᠭᠤᠯᠪᠠ᠂100 ᠮᠦ ᠭᠠᠵᠠᠷ ᠡᠵᠡᠯᠡᠵᠦ᠂ ᠲᠡᠦᠬᠡ ᠶᠢᠨ ᠳᠤᠷᠠᠰᠬᠠᠯᠲᠤ ᠵᠦᠢᠯᠡᠰ ᠢ ᠬᠠᠮᠠᠭᠠᠯᠠᠬᠤ᠂ ᠰᠤᠳᠤᠯᠬᠤ᠂ ᠳᠡᠯᠭᠡᠨ | ᠦᠵᠡᠭᠦᠯᠬᠦ ᠪᠠ ᠨᠡᠶᠢᠭᠡᠮ ᠤᠨ ᠬᠥᠮᠦᠵᠢᠯ ᠢ ᠨᠢᠭᠡ ᠴᠣᠭᠴᠠᠵᠢᠭᠤᠯᠤᠭᠰᠠᠨ ᠶᠡᠷᠦᠩᠬᠡᠶᠢᠯᠡᠭᠰᠡᠨ ᠮᠦᠽᠧᠢ ᠪᠣᠯᠣᠨ᠎ᠠ᠃ | ᠮᠦᠽᠧᠢ ᠳᠤ ᠣᠷᠣᠬᠤ ᠠᠴᠠ ᠡᠮᠦᠨ᠎ᠡ᠂ ᠨᠢᠲᠦᠨ ᠤ ᠡᠮᠦᠨ᠎ᠡ ᠰᠦᠨᠳᠡᠷᠯᠡᠨ ᠬᠠᠷᠠᠭᠳᠠᠬᠤ ᠴᠠᠭᠠᠨ ᠰᠤᠪᠤᠷᠭ᠎ᠠ ᠨᠢ ᠬᠦᠮᠦᠰ ᠤᠨ ᠠᠩᠬᠠᠷᠤᠯ ᠢ ᠡᠷᠬᠡ | ᠦᠭᠡᠢ ᠲᠠᠲᠠᠨ᠎ᠠ᠃ ᠡᠨᠡᠬᠦ ᠴᠠᠭᠠᠨ ᠰᠤᠪᠤᠷᠭ᠎ᠠ ᠶᠢᠨ ᠪᠦᠬᠦᠯᠢ ᠨᠡᠷ᠎ᠡ ᠶᠢ ᠲᠦᠮᠡᠨ ᠪᠣᠳᠢ ᠴᠡᠴᠡᠭ ᠤᠨ ᠴᠢᠮᠡᠭᠲᠦ ᠰᠣᠳᠣᠷ ᠤᠨ ᠰᠣᠪᠤᠷᠭ᠎ᠠ ᠭᠡᠳᠡᠭ᠂ ᠯᠢᠶᠣᠤ | ᠤᠯᠤᠰ ᠤᠨ ᠱᠸᠡᠭᠽᠦ᠋ᠡᠭ ᠬᠠᠭᠠᠨ ᠤ ᠦᠶ᠎ᠡ ︵ᠨᠡᠶᠢᠲᠡ ᠶᠢᠨ ᠣᠨ ᠲᠣᠭᠠᠯᠠᠯ ᠤᠨ 1044 ᠣᠨ ᠠᠴᠠ ᠨᠡᠶᠢᠲᠡ ᠶᠢᠨ ᠣᠨ ᠲᠣᠭᠠᠯᠠᠯ ᠤᠨ 1064 ᠣᠨ ᠤ | ᠬᠤᠭᠤᠷᠣᠨᠳᠤ︶ ᠳᠤ ᠪᠠᠶᠢᠭᠤᠯᠤᠭᠳᠠᠵᠠᠢ᠃ ᠲᠡᠭᠦᠨ ᠤ ᠭᠠᠳᠠᠷ ᠲᠠᠯ᠎ᠠ ᠳᠤᠨᠢ ᠨᠢᠭᠡ ᠳᠠᠪᠬᠤᠷ ᠴᠠᠷᠳᠠ ᠶᠢᠨ ᠰᠢᠷᠣᠢ ᠳᠦᠷᠭᠢᠵᠦ᠂ ᠨᠡᠷᠡᠨ ᠤ ᠭᠡᠷᠡᠯ ᠳᠤ ᠭᠢᠯᠠᠯᠵᠠᠨ | ᠭᠡᠷᠡᠯᠲᠦᠳᠡᠭ ᠪᠣᠯᠬᠤᠷ ᠬᠥᠮᠥᠰ ᠲᠡᠭᠦᠨ ᠢ ᠪᠠᠰᠠ ︽ᠴᠠᠭᠠᠨ ᠰᠤᠪᠤᠷᠭ᠎ᠠ︾ ᠭᠡᠳᠡᠭ᠃ ᠰᠤᠪᠤᠷᠭ᠎ᠠ ᠶᠢᠨ ᠳᠣᠲᠣᠷᠠᠬᠢ ᠪᠢᠴᠢᠭᠡᠰᠦ ᠲᠡᠮᠳᠡᠭᠯᠡᠯ ᠠᠴᠠ ᠮᠡᠳᠡᠭᠰᠡᠨ | ᠢᠶᠠᠷ᠂ 1297 ᠣᠨ ᠳᠤ ᠶᠤᠸᠠᠨ ᠤᠯᠤᠰ ᠤᠨ ᠴᠧᠩᠽᠦ᠋ᠩ ᠬᠠᠭᠠᠨ ᠤ ᠦᠶ᠎ᠡ ᠳᠤ ᠨᠢᠭᠡᠨᠲᠡ ᠴᠠᠭᠠᠨ ᠰᠤᠪᠤᠷᠭ᠎ᠠ ᠬᠡᠮᠡᠬᠦ ᠨᠡᠷᠡᠶᠢᠳᠦᠯ ᠲᠠᠢ ᠪᠣᠯᠵᠠᠢ᠃ | ᠡᠨᠡᠬᠦ ᠰᠣᠪᠤᠷᠭ᠎ᠠ ᠨᠢ ᠬᠥᠬᠡᠬᠤᠲᠠ ᠣᠷᠣᠨ ᠤ ᠣᠲᠣ ᠦᠯᠡᠳᠡᠭᠳᠡᠵᠦ ᠪᠠᠶᠢᠭ᠎ᠠ ᠬᠠᠮᠤᠭ ᠤᠨ ᠤᠳᠠᠭᠠᠨ ᠲᠡᠥᠬᠡ ᠲᠠᠢ ᠡᠷᠲᠡᠨ ᠤ ᠪᠠᠷᠢᠯᠭ᠎ᠠ ᠪᠣᠯᠣᠨ᠎ᠠ᠂ ︽ | ᠴᠠᠭᠠᠨ ᠰᠤᠪᠤᠷᠭ᠎ᠠ ᠶᠢᠨ ᠰᠦᠨᠳᠡᠷ ᠭᠢᠯᠪᠠᠭ᠎ᠠ︾ ᠬᠡᠮᠡᠬᠦ ᠰᠠᠶᠢᠬᠠᠨ ᠨᠡᠷ᠎ᠡ ᠲᠠᠢ ᠪᠣᠯᠬᠤᠷ ᠬᠠᠭᠤᠴᠢᠨ ᠬᠥᠬᠡᠬᠤᠲᠠ ᠶᠢᠨ ᠨᠠᠢᠮᠠᠨ ᠦᠵᠡᠮᠵᠢ ᠶᠢᠨ ᠨᠢᠭᠡ ᠪᠠᠷ | ᠵᠢᠭᠰᠠᠭᠠᠭᠳᠠᠵᠠᠢ᠃ ᠮᠢᠩᠭᠠᠨ ᠣᠨ ᠤ ᠲᠡᠷᠲᠡᠭᠡ ᠠᠴᠠ ᠡᠳᠦᠭᠡ ᠳᠤ ᠬᠦᠷᠴᠦ ᠢᠷᠡᠬᠦ ᠳᠤ᠂ ᠪᠢᠳᠡ ︽ᠴᠠᠭᠠᠨ ᠰᠤᠪᠤᠷᠭ᠎ᠠ ᠶᠢᠨ ᠰᠦᠨᠳᠡᠷ ᠬᠢᠯᠪᠠᠭ᠎ᠠ︾ ᠶᠢᠨ | ᠰᠦᠷᠯᠢᠭ ᠭᠤᠶᠢᠳᠠ ᠦᠵᠡᠮᠵᠢ ᠶᠢ ᠮᠦᠨ ᠣᠯᠵᠤ ᠬᠠᠷᠠᠭᠰᠠᠭᠠᠷ ᠪᠠᠶᠢᠭ᠎ᠠ ᠨᠢ ᠥᠨᠡᠬᠡᠷ ᠴᠤ ᠤᠴᠢᠷᠯᠠᠨ ᠶᠠᠷᠢᠮᠠᠷ ᠥᠨᠡᠲᠦ ᠥᠪ ᠶᠤᠮ ᠳ᠋ᠠ᠃ | | | | | | ᠢᠷᠡᠯᠲᠡ᠄ ᠬᠦᠬᠡᠬᠤᠲᠠ ᠶᠢᠨ ᠣᠷᠣᠢ ᠶᠢᠨ ᠰᠣᠨᠢᠨ | ᠵᠢᠷᠤᠭ ᠢ ᠰᠦᠯᠵᠢᠶ᠎ᠡ ᠠᠴᠠ ᠪᠠᠭᠤᠯᠭᠠᠪᠠ | | |