ᠮᠥᠩᠬᠡ ᠤᠯᠠᠮᠵᠢᠯᠠᠭᠳᠠᠭᠰᠠᠨ ᠦᠨᠡᠨᠴᠢ ᠬᠠᠶᠢᠷ᠎ᠠ ᠶᠢᠨ ᠨᠢᠭᠡᠨ ᠦᠯᠢᠭᠡᠷ — ᠵᠠᠩᠵᠤᠨ ᠤ ᠶᠠᠮᠤᠨ ᠤ ᠭᠤᠤᠯᠳᠤ ᠪᠤᠷᠤ
ᠨᠡᠶᠢᠲᠡᠯᠡᠭᠰᠡᠨ ᠴᠠᠭ᠄
2023/5/10
ᠵᠢᠷᠤᠭ / ᠵᠤᠬᠢᠶᠠᠯ᠄ ᠥᠪᠥᠷ ᠮᠣᠩᠭᠤᠯ ᠤᠨ ᠡᠳᠦᠷ ᠤᠨ ᠰᠤᠨᠢᠨ ᠤ ᠰᠤᠷᠪᠤᠯᠵᠢᠯᠠᠬᠴᠢ ᠪᠢᠯᠢᠭᠲᠦ
       ᠵᠢᠯ ᠪᠦᠷᠢ ᠬᠠᠪᠤᠷ ᠬᠤᠭᠤᠰᠯᠠᠵᠦ᠂ ᠵᠤᠨ ᠰᠠᠭᠠᠳᠠᠬᠤ ᠠᠴᠠ ᠡᠮᠦᠨ᠎ᠡ ᠬᠦᠬᠡᠬᠤᠳᠠ ᠶᠢᠨ ᠵᠠᠩᠵᠤᠨ ᠤ ᠶᠠᠮᠤᠨ ᠤ ᠭᠤᠤᠯᠳᠤ ᠪᠤᠷᠤ ᠴᠡᠴᠡᠭ ᠲᠡᠯᠭᠡᠷᠡᠨ᠂ ᠪᠤᠯᠪᠠᠷᠠᠢ ᠶᠠᠭᠠᠨ᠂ ᠤᠭᠤᠷᠠᠭ ᠰᠢᠷᠭᠠᠯ᠂ ᠰᠦᠨ ᠴᠠᠭᠠᠨ᠂ ᠬᠠᠰᠢ ᠶᠢᠨ ᠪᠤᠷᠤ ᠦᠩᠭᠡᠳᠡᠢ ᠭᠤᠤᠯᠳᠤ ᠪᠤᠷᠤ ᠶᠢᠨ ᠴᠡᠴᠡᠭᠡᠰ ᠢᠴᠢᠭᠰᠡᠨ ᠭᠡᠦᠭᠡᠨ ᠤ ᠴᠢᠷᠠᠢ ᠰᠢᠬ ᠡᠩᠬᠦᠷᠡᠶᠢᠬᠡᠨ ᠲᠡᠯᠭᠡᠷᠡᠭᠡᠳ ᠬᠦᠬᠡᠬᠤᠳᠠ ᠶᠢᠨ ᠬᠦᠮᠦᠰ ᠤᠨ ᠰᠡᠳᠬᠢᠯ ᠢ ᠰᠤᠷᠢᠨᠵᠢᠳᠠᠵᠦ ᠪᠠᠶᠢᠳᠠᠭ᠃       ︽ᠭᠤᠪᠢ ᠶᠢᠨ ᠡᠮᠦᠨᠡᠬᠢ ᠨᠢᠭᠡᠳᠦᠭᠡᠷ ᠶᠠᠮᠤᠨ︾ ᠭᠡᠮᠡᠭᠳᠡᠭᠰᠡᠨ ᠵᠠᠩᠵᠤᠨ ᠤ ᠶᠠᠮᠤᠨ ᠢ ᠲᠡᠭᠷᠢ ᠲᠡᠳᠬᠦᠭᠴᠢ ᠶᠢᠨ ᠬᠤᠶᠠᠳᠤᠭᠠᠷ ᠤᠨ ︵1737 ᠤᠨ︶ ᠠᠴᠠ ᠡᠬᠢᠯᠡᠨ ᠪᠠᠶᠢᠭᠤᠯᠵᠤ᠂ ᠲᠡᠭᠷᠢ ᠲᠡᠳᠬᠦᠭᠴᠢ ᠶᠢᠨ ᠲᠦᠷᠪᠡᠳᠦᠭᠡᠷ ᠤᠨ ᠳᠤ ᠪᠠᠶᠢᠭᠤᠯᠤᠨ ᠲᠠᠭᠤᠰᠬᠠᠵᠦ᠂ ᠰᠦᠢᠶᠦᠸᠠᠨ ᠬᠤᠳᠠ ᠭᠡᠵᠦ ᠨᠡᠷᠡᠶᠢᠳᠴᠡᠢ᠃ ᠲᠤᠰ ᠶᠠᠮᠤᠨ ᠳᠤ ᠲᠠᠯᠠᠨ ᠨᠠᠢᠮᠠᠨ ᠵᠠᠩᠵᠤᠨ ᠲᠤᠰᠢᠶᠠᠯ ᠬᠠᠷᠢᠭᠤᠴᠠᠵᠦ᠂ ᠲᠤᠬᠠᠢ ᠶᠢᠨ ᠦᠶ᠎ᠡ ᠶᠢᠨ ᠤᠮᠠᠷᠠᠳᠤ ᠤᠷᠤᠨ᠂ ᠪᠠᠷᠠᠭᠤᠨ ᠬᠤᠶᠢᠲᠤ ᠤᠷᠤᠨ ᠤ ᠠᠮᠤᠷ ᠲᠦᠪᠰᠢᠨ ᠢ ᠶᠡᠷᠦᠩᠬᠡᠶᠢᠯᠡᠨ  ᠬᠠᠮᠢᠶᠠᠷᠴᠦ ᠪᠠᠶᠢᠪᠠ᠃ ᠤᠳᠤ ᠵᠠᠩᠵᠤᠨ ᠤ ᠶᠠᠮᠤᠨ ᠢ ᠵᠠᠰᠠᠨ ᠰᠢᠨᠡᠳᠭᠡᠭᠡᠳ ︽ᠵᠠᠩᠵᠤᠨ ᠤ ᠶᠠᠮᠤᠨ ᠤ ᠮᠦᠽᠸᠢ︾ ᠪᠤᠯᠭᠠᠨ᠂ ᠬᠦᠬᠡᠬᠤᠳᠠ ᠶᠢᠨ ᠰᠤᠶᠤᠯ ᠵᠢᠭᠤᠯᠴᠢᠯᠠᠯ ᠤᠨ ᠨᠢᠭᠡᠨ ᠦᠵᠡᠮᠵᠢ ᠶᠢᠨ ᠤᠷᠤᠨ ᠪᠤᠯᠭᠠᠨ᠂ ᠨᠠᠢᠮᠠᠨ ᠵᠦᠭ ᠤᠨ ᠵᠢᠭᠤᠯᠴᠢᠯᠠᠭᠰᠠᠳ ᠢ ᠬᠦᠯᠢᠶᠡᠨ ᠠᠪᠴᠤ ᠪᠣᠢ᠃      ᠵᠠᠩᠵᠤᠨ ᠤ ᠶᠠᠮᠤᠨ ᠤ ᠮᠦᠽᠧᠢ ᠶᠢᠨ ᠬᠦᠷᠢᠶᠡᠨ ᠳᠤ ᠬᠤᠶᠠᠷ ᠵᠠᠭᠤ ᠰᠢᠬᠠᠮ ᠵᠢᠯ ᠪᠤᠯᠤᠭᠰᠠᠨ ᠲᠦᠷᠪᠡᠨ ᠰᠠᠭᠤᠷᠢ ᠭᠤᠤᠯᠳᠤ ᠪᠤᠷᠤ ᠪᠠᠶᠢᠳᠠᠭ᠃ ᠡᠨᠡ ᠬᠦ ᠲᠦᠷᠪᠡᠨ ᠰᠠᠭᠤᠷᠢ ᠭᠤᠤᠯᠳᠤ ᠪᠤᠷᠤ ᠲᠤᠷᠠᠯᠠᠯ ᠬᠠᠶᠢᠷ᠎ᠠ ᠶᠢᠨ ᠦᠯᠢᠭᠡᠷ ᠢ ᠬᠠᠭᠤᠴᠢᠯᠠᠭᠠᠳ ᠬᠦᠬᠡᠬᠤᠳᠠ ᠳᠤ ᠬᠤᠶᠠᠷ ᠵᠠᠭᠤ ᠰᠢᠬᠠᠮ ᠵᠢᠯ ᠲᠡᠯᠭᠡᠷᠡᠵᠦ ᠪᠤᠢ᠃ ᠤᠯᠠᠮᠵᠢᠯᠠᠯ ᠶᠠᠷᠢᠶᠠᠨ ᠳᠤ᠂ ᠤᠤᠯ ᠨᠢ ᠬᠦᠬᠡᠬᠤᠳᠠ ᠳᠤ ᠭᠤᠤᠯᠳᠤ ᠪᠤᠷᠤ ᠪᠠᠶᠢᠭᠰᠠᠨ ᠦᠭᠡᠢ ᠭᠡᠨ᠎ᠡ᠃ ᠵᠠᠩᠵᠤᠨ ᠤ ᠶᠠᠮᠤᠨ ᠤ ᠲᠦᠴᠢᠨ ᠨᠠᠢᠮᠠᠳᠡᠬᠢ ᠲᠤᠰᠢᠶᠠᠯ ᠬᠠᠷᠢᠭᠤᠴᠠᠭᠰᠠᠨ ᠶᠡᠭᠡ ᠵᠠᠩᠵᠤᠨ ᠭᠤᠨᠴᠤᠭᠰᠤᠷᠡᠩ ᠤᠨ ᠬᠠᠶᠢᠷᠠᠲᠠᠢ ᠬᠠᠳᠤᠨ ᠨᠢ ᠬᠦᠨᠳᠤ ᠡᠪᠡᠳᠴᠢᠯᠡᠭᠡᠳ ᠡᠳᠡᠭᠡᠷᠡᠵᠦ ᠳᠡᠶᠢᠯᠬᠦ ᠦᠭᠡᠢ ᠭᠡᠪᠳᠡᠷᠢ ᠳᠤ ᠤᠷᠤᠭᠰᠠᠨ ᠳᠤ ᠭᠤᠨᠴᠤᠭᠰᠤᠷᠡᠩ ᠵᠠᠩᠵᠤᠨ ᠬᠠᠳᠤᠨ ᠤ ᠪᠠᠨ ᠡᠪᠡᠳᠴᠢᠨ ᠢ ᠡᠳᠡᠭᠡᠷᠡᠬᠦᠯᠬᠦ ᠪᠠᠷ ᠥᠪᠡᠷ ᠤᠨ ᠢᠶᠠᠨ ᠡᠷᠬᠡ ᠵᠡᠷᠭᠡ᠂ ᠭᠠᠪᠢᠶ᠎ᠠ ᠵᠢᠳᠬᠦᠯ ᠠᠯᠢᠪᠠ ᠪᠠᠨ ᠤᠭᠤᠷᠴᠦ ᠲᠦᠷᠦ ᠭᠡᠷᠡᠯᠳᠤ ᠶᠢᠨ ᠠᠷᠪᠠᠨ ᠨᠠᠢᠮᠠᠨ ᠤᠨ ︵1838 ᠤᠨ︶ ᠤ ᠬᠠᠪᠤᠷ ᠪᠡᠭᠡᠵᠢᠩ ᠬᠤᠳᠠ ᠶᠢᠨ ᠢ ᠾᠧ ᠶᠤᠸᠠᠨ ᠠᠴᠠ ᠲᠦᠷᠪᠡᠨ ᠰᠠᠭᠤᠷᠢ ᠭᠤᠤᠯᠳᠤ ᠪᠤᠷᠤ ᠶᠢ ᠠᠪᠴᠢᠷᠠᠵᠦ᠂ ᠵᠠᠩᠵᠤᠨ ᠤ ᠤ ᠶᠠᠮᠤᠨ ᠤ ᠬᠦᠷᠢᠶᠡᠨ ᠳᠤ ᠵᠠᠶᠢᠯᠠᠵᠤ ᠲᠠᠯᠪᠢᠵᠠᠢ᠃ ᠲᠦᠷᠪᠡᠨ ᠰᠠᠷ᠎ᠠ ᠶᠢᠨ ᠰᠡᠬᠦᠯᠴᠢ ᠲᠠᠪᠤᠨ ᠰᠠᠷ᠎ᠠ ᠶᠢᠨ ᠡᠬᠢ ᠪᠠᠷ ᠭᠤᠤᠯᠳᠤ ᠪᠤᠷᠤ ᠴᠡᠴᠡᠭ ᠲᠡᠯᠭᠡᠷᠡᠨ᠂ ᠠᠩᠬᠢᠯᠤᠮ᠎ᠠ ᠦᠨᠦᠷ ᠨᠢ ᠬᠦᠷᠢᠶ᠎ᠡ ᠲᠦᠬᠦᠷᠡᠩ ᠰᠡᠩᠬᠢᠨᠡᠬᠦ ᠳᠤ ᠬᠠᠶᠢᠷᠠᠲᠠᠢ ᠬᠠᠳᠤᠨ ᠤ ᠬᠢᠨᠢ ᠡᠪᠡᠳᠴᠢᠨ ᠡᠳᠡᠭᠡᠷᠡᠭᠰᠡᠨ ᠭᠡᠳᠡᠭ᠃ ᠲᠠᠭᠠᠷᠢᠭᠰᠠᠨ ᠵᠦᠭ ᠲᠡᠭᠡᠨ ᠳᠠᠶᠢᠰᠤᠨ ᠦᠭᠡᠢ ᠵᠠᠩᠵᠤᠨ ᠡᠷ᠎ᠡ ᠶᠢᠨ ᠦᠨᠡᠨᠴᠢ ᠬᠠᠶᠢᠷ᠎ᠠ ᠢᠩᠬᠢᠵᠦ ᠦᠶ᠎ᠡ ᠦᠶ᠎ᠡ ᠤᠯᠠᠮᠵᠢᠯᠠᠭᠳᠠᠨ ᠶᠠᠷᠢᠭᠳᠠᠵᠦ᠂ ᠵᠠᠩᠵᠤᠨ ᠤ ᠶᠠᠮᠤᠨ ᠤ ᠪᠠᠨ ᠲᠦᠷᠪᠡᠨ ᠰᠠᠭᠤᠷᠢ ᠭᠤᠯᠳᠤ ᠪᠤᠷᠤ ᠲᠠᠢ ᠪᠠᠨ ᠠᠳᠠᠯᠢ ᠵᠠᠭᠤ ᠵᠠᠭᠤᠨ ᠵᠢᠯ ᠢᠶᠠᠷ ᠪᠠᠳᠠᠷᠠᠨ ᠳᠡᠯᠭᠡᠷᠡᠵᠦ ᠪᠠᠶᠢᠨᠠᠮ᠃      ᠵᠠᠩᠵᠤᠨ ᠤ ᠶᠠᠮᠤᠨ ᠤ ᠬᠦᠬᠡ ᠸᠠᠭᠠᠷ᠂ ᠦᠩᠭᠡᠳᠦ ᠰᠠᠷᠠᠪᠴᠢ᠂ ᠰᠢᠷᠭᠠᠯ ᠳ᠋ᠧᠩᠯᠦ᠂ ᠦᠭᠡᠷ ᠫᠤᠤ᠂ ᠨᠤᠮ ᠰᠠᠭᠠᠳᠠᠭ᠂ ᠴᠢᠯᠠᠭᠤᠨ ᠬᠥᠰᠢᠶ᠎ᠡ ᠁ ᠶᠠᠭᠤ ᠪᠦᠬᠦᠨ ᠬᠠᠭᠤᠴᠢᠨ ᠬᠡᠪ ᠢᠶᠠᠷ ᠣᠨ ᠵᠢᠯ ᠤᠨ ᠤᠯᠠᠷᠢᠯ ᠢ ᠲᠡᠮᠳᠡᠭᠯᠡᠨ ᠲᠦᠩᠰᠣᠶᠢᠪᠠᠴᠤ᠂ ᠵᠢᠯ ᠵᠢᠯ ᠢᠶᠠᠷ ᠠᠩᠬᠢᠯᠤᠨ ᠳᠡᠯᠭᠡᠷᠡᠳᠡᠭ ᠭᠤᠤᠯᠳᠤ ᠪᠤᠷᠤ ᠴᠡᠴᠡᠭ ᠤᠨ ᠢᠶᠠᠨ ᠥᠩᠭᠡᠨ ᠳᠤ ᠰᠤᠭᠳᠤᠭᠤᠷᠠᠨ᠂ ᠡᠭᠡ ᠤᠯᠤᠰ ᠤᠨ ᠤᠮᠠᠷᠠᠳᠤ ᠬᠢᠯᠢ ᠶᠢᠨ ᠬᠦᠭᠵᠢᠯᠳᠡ ᠲᠤᠭᠳᠠᠭᠤᠨ ᠤ ᠪᠣᠳᠠᠲᠤ ᠭᠡᠷᠡᠴᠢ ᠪᠣᠯᠵᠤ ᠰᠢᠨ᠎ᠡ ᠡᠷᠡᠨ ᠢᠶᠠᠨ ᠤᠭᠲᠤᠨ ᠪᠠᠶᠢᠨ᠎ᠠ᠃      ᠭᠤᠤᠯᠳᠤ ᠪᠤᠷᠤ ᠤᠳᠤ ᠬᠦᠬᠡᠬᠤᠳᠠ ᠶᠢᠨ ᠬᠤᠳᠠ ᠶᠢᠨ ᠲᠦᠯᠦᠭᠡᠯᠡᠬᠦ ᠴᠡᠴᠡᠭ ᠪᠤᠯᠵᠦ᠂ ᠬᠦᠬᠡᠬᠤᠳᠠ ᠳᠤ ᠬᠠᠮᠢᠭ᠎ᠠ ᠪᠤᠯᠭᠠᠨ ᠲᠡᠯᠭᠡᠷᠡᠨ᠂ ᠬᠠᠪᠤᠷ ᠤᠨ ᠰᠡᠬᠦᠯᠴᠢ ᠶᠢᠨ ᠬᠠᠮᠤᠭ ᠤᠨ ᠭᠤᠶᠢᠳᠠ ᠰᠠᠶᠢᠬᠠᠨ ᠦᠵᠡᠮᠵᠢ ᠶᠢᠨ ᠨᠢᠭᠡ ᠪᠤᠯᠤᠭᠰᠠᠨ ᠪᠠᠶᠢᠪᠠ᠃ 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ