ᠬᠤᠲᠠ ᠶᠢᠨ ᠨᠠᠮ ᠤᠨ ᠬᠤᠷᠢᠶᠠᠨ ᠤ ᠬᠢᠨᠠᠨ ᠪᠣᠳᠣᠬᠤ ᠵᠥᠪᠯᠡᠯ ᠳᠣᠯᠣᠳᠤᠭᠠᠷ ᠤᠳᠠᠭᠠᠨ ᠤ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2023/3/8
ᠪᠣᠣ ᠭᠠᠩ ᠬᠤᠷᠠᠯ ᠢ ᠡᠷᠬᠢᠯᠡᠪᠡ       ︵ᠰᠤᠷᠪᠤᠯᠵᠢᠯᠠᠭᠴᠢ ᠶᠦᠨ ᠵᠢᠩ︶ 3 ᠳ᠋ᠤᠭᠠᠷ ᠰᠠᠷ᠎ᠠ ᠶᠢᠨ 6 ᠤ ᠦᠳᠡ ᠶᠢᠨ ᠬᠤᠶᠢᠨ᠎ᠠ᠂ ᠬᠤᠳᠠ ᠶᠢᠨ ᠨᠠᠮ ᠤᠨ ᠬᠤᠷᠢᠶ᠎ᠠ ᠶᠢᠨ ᠬᠢᠨᠠᠨ ᠪᠤᠳᠤᠬᠤ ᠵᠥᠪᠯᠡᠯ ᠳᠣᠯᠣᠳᠤᠭᠠᠷ ᠤᠳᠠᠭ᠎ᠠ ᠶᠢᠨ ᠬᠤᠷᠠᠯ ᠬᠤᠷᠠᠯᠳᠤᠭᠤᠯᠵᠤ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ ᠬᠤᠳᠠ ᠶᠢᠨ ᠨᠠᠮ ᠤᠨ ᠬᠤᠷᠢᠶ᠎ᠠ ᠶᠢᠨ ᠱᠦᠵᠢ᠂ ᠬᠤᠳᠠ ᠶᠢᠨ ᠨᠠᠮ ᠤᠨ ᠬᠤᠷᠢᠶ᠎ᠠ ᠶᠢᠨ ᠬᠢᠨᠠᠨ ᠪᠤᠳᠤᠬᠤ ᠵᠥᠪᠯᠡᠯ ᠤᠨ ᠡᠷᠬᠢᠯᠡᠭᠴᠢ ᠪᠦᠦ ᠭᠠᠩ ᠬᠤᠷᠠᠯ ᠢ ᠡᠷᠬᠢᠯᠡᠵᠤ ᠶᠠᠷᠢᠶ᠎ᠠ ᠲᠠᠯᠪᠢᠪᠠ᠃      ᠬᠤᠷᠠᠯ ᠠᠴᠠ ᠥᠪᠡᠷᠲᠡᠭᠡᠨ ᠵᠠᠰᠠᠬᠤ ᠣᠷᠣᠨ ᠤ ᠶᠡᠷᠦᠩᠬᠡᠢ ᠱᠦᠵᠢ ᠶᠢᠨ ᠬᠢᠨᠠᠨ ᠪᠤᠳᠤᠬᠤ ᠠᠵᠢᠯ ᠤᠨ ᠲᠤᠬᠠᠢ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ᠂ ᠥᠪᠡᠷᠲᠡᠭᠡᠨ ᠵᠠᠰᠠᠬᠤ ᠣᠷᠣᠨ ᠤ ᠠᠷᠪᠠᠨ ᠨᠢᠭᠡᠳᠦᠭᠡᠷ ᠬᠤᠭᠤᠴᠠᠭᠠᠨ ᠤ ᠨᠠᠮ ᠤᠨ ᠬᠤᠷᠢᠶ᠎ᠠ ᠶᠢᠨ ᠬᠢᠨᠠᠨ ᠪᠤᠳᠤᠬᠤ ᠵᠥᠪᠯᠡᠯ ᠤᠨ ᠬᠤᠶᠠᠳᠤᠭᠠᠷ ᠤᠳᠠᠭ᠎ᠠ ᠶᠢᠨ ᠬᠤᠷᠠᠯ ᠤᠨ ᠵᠣᠷᠢᠭ ᠰᠠᠨᠠᠭ᠎ᠠ ᠶᠢ ᠤᠯᠠᠮᠵᠢᠯᠠᠨ ᠰᠤᠷᠤᠯᠴᠠᠵᠤ᠂ ᠬᠠᠮᠢᠶ᠎ᠠ ᠪᠦᠬᠦᠢ ᠠᠵᠢᠯ ᠤᠨ ᠬᠠᠷᠢᠭᠤ ᠮᠡᠳᠡᠭᠦᠯᠦᠯᠲᠡ ᠶᠢ ᠰᠣᠨᠣᠰᠴᠤ᠂ ᠬᠠᠮᠢᠶ᠎ᠠ ᠪᠦᠬᠦᠢ ᠪᠢᠴᠢᠭ ᠮᠠᠲ᠋ᠧᠷᠢᠶᠠᠯ ᠢ ᠬᠢᠨᠠᠨ ᠵᠥᠪᠯᠡᠪᠡ᠃      ᠬᠤᠷᠠᠯ ᠠᠴᠠ ᠮᠠᠨ ᠤ ᠬᠤᠲᠠ ᠶᠢᠨ ᠬᠢᠨᠠᠨ ᠪᠣᠳᠣᠬᠤ ᠪᠠᠶᠢᠭᠤᠯᠤᠯᠭ᠎ᠠ ᠶᠢᠨ ᠠᠮᠤ ᠪᠤᠳᠠᠭ᠎ᠠ ᠬᠤᠳᠠᠯᠳᠤᠨ ᠠᠪᠬᠤ ᠪᠠ ᠪᠣᠷᠣᠯᠠᠭᠤᠯᠬᠤ ᠬᠦᠷᠢᠶᠡᠨ ᠳᠠᠬᠢ ᠲᠤᠰᠬᠠᠢ ᠴᠡᠭᠴᠡᠯᠡᠨ ᠵᠠᠰᠠᠵᠤ ᠬᠢᠨᠠᠨ ᠪᠣᠳᠣᠵᠤ ᠪᠠᠶᠢᠴᠠᠭᠠᠬᠤ ᠳᠤᠮᠳᠠ ᠣᠯᠣᠭᠰᠠᠨ ᠦᠷ᠎ᠡ ᠪᠦᠲᠦᠮᠵᠢ ᠶᠢ ᠭᠦᠢᠴᠡᠳ ᠨᠤᠲᠠᠯᠠᠵᠤ᠂ ᠡᠨᠡᠬᠦ ᠠᠵᠢᠯ ᠤᠨ ᠬᠠᠨᠳᠤᠰᠢ ᠶᠢ ᠦᠷᠭᠦᠯᠵᠢᠯᠡᠨ ᠪᠠᠲᠤᠯᠠᠵᠤ᠂ ᠬᠢᠨᠠᠨ ᠪᠣᠳᠣᠬᠤ ᠡᠭᠦᠷᠭᠡ ᠬᠠᠷᠢᠭᠤᠴᠠᠯᠭ᠎ᠠ ᠪᠠᠨ ᠢᠳᠡᠪᠬᠢᠲᠡᠢ ᠭᠦᠢᠴᠡᠳᠬᠡᠵᠦ᠂ ᠬᠢᠨᠠᠨ ᠪᠣᠳᠣᠬᠤ ᠠᠵᠢᠯ ᠤᠨ ᠴᠢᠨᠠᠷ ᠴᠢᠨᠰᠠᠭ᠎ᠠ ᠦᠷ᠎ᠡ ᠪᠦᠲᠦᠮᠵᠢ ᠶᠢ ᠪᠦᠬᠦ ᠲᠠᠯ᠎ᠠ ᠪᠠᠷ ᠳᠡᠭᠡᠭᠰᠢᠯᠡᠭᠦᠯᠬᠦ ᠬᠡᠷᠡᠭᠲᠡᠢ ᠭᠡᠵᠦ ᠱᠠᠭᠠᠷᠳᠠᠵᠠᠢ᠃      ᠬᠤᠷᠠᠯ ᠠᠴᠠ ᠱᠠᠭᠠᠷᠳᠠᠭᠰᠠᠨ ᠨᠢ᠂ ᠪᠥᠬᠦ ᠬᠤᠲᠠ ᠶᠢᠨ ᠬᠢᠨᠠᠨ ᠪᠤᠳᠤᠬᠤ ᠪᠠᠶᠢᠭᠤᠯᠤᠯᠭ᠎ᠠ ᠨᠤᠭᠤᠳ ᠬᠢᠨᠠᠨ ᠪᠤᠳᠤᠵᠤ ᠬᠢᠨᠠᠯᠲᠠ ᠲᠠᠯᠪᠢᠬᠤ ︽ᠡᠮᠦᠨ᠎ᠡ ᠬᠠᠷᠠᠭᠤᠯ︾ ᠪᠠ ︽ᠢᠷᠲᠦ ᠮᠡᠰᠡ︾ ᠶᠢᠨ ᠦᠢᠯᠡᠳᠦᠯ ᠢᠶᠠᠨ ᠪᠠᠳᠠᠷᠠᠭᠤᠯᠵᠤ᠂ ᠡᠳ᠋ ᠤᠨ ᠵᠠᠰᠠᠭ ᠤᠨ ᠪᠡᠯᠡ ᠮᠥᠩᠭᠦ ᠶᠢ ᠬᠢᠨᠠᠨ ᠪᠤᠳᠤᠬᠤ ᠡᠷᠴᠢᠮ ᠢᠶᠠᠨ ᠴᠢᠩᠭᠠᠷᠠᠭᠤᠯᠤᠨ᠂ ᠪᠡᠯᠡ ᠮᠥᠩᠭᠦ ᠶᠢ ᠣᠷᠣᠭᠤᠯᠵᠤ ᠭᠠᠷᠭᠠᠬᠤ ᠬᠡᠮᠵᠢᠶ᠎ᠡ ᠪᠠᠷ ᠶᠡᠭᠡ᠂ ᠲᠦᠭᠰᠢᠭᠦᠷᠢ ᠶᠡᠬᠡᠲᠡᠢ ᠬᠦᠷᠢᠶ᠎ᠡ ᠴᠠᠷᠠᠭ᠎ᠠ ᠪᠣᠯᠣᠨ ᠰᠠᠯᠠᠭ᠎ᠠ ᠮᠥᠴᠢᠷ ᠢ ᠬᠢᠨᠠᠨ ᠪᠤᠳᠤᠬᠤ ᠭᠤᠣᠯᠳᠠᠯᠭ᠎ᠠ ᠪᠣᠯᠭᠠᠵᠤ᠂ ᠮᠥᠷᠳᠡᠨ ᠬᠢᠨᠠᠯᠲᠠ ᠲᠠᠯᠪᠢᠬᠤ ᠪᠠᠨ ᠴᠢᠩᠭᠠᠳᠬᠠᠨ᠂ ᠡᠳ᠋ ᠤᠨ ᠵᠠᠰᠠᠭ ᠤᠨ ᠪᠡᠯᠡ ᠮᠥᠩᠭᠦ ᠶᠢ ᠵᠢᠷᠤᠮᠵᠢᠭᠤᠨ ᠪᠥᠭᠡᠳ ᠥᠨᠳᠥᠷ ᠪᠦᠲᠦᠮᠵᠢᠲᠡᠶ ᠠᠶᠤᠯᠭᠦᠢ ᠪᠠᠷ ᠬᠡᠷᠡᠭᠯᠡᠬᠦ ᠶᠢ ᠠᠬᠢᠭᠤᠯᠵᠤ᠂ ︽ᠠᠵᠤ ᠠᠬᠤᠢ ᠶᠢᠨ ᠪᠡᠶ᠎ᠡ ᠶᠢᠨ ᠪᠠᠶᠢᠴᠠᠭᠠᠯᠲᠠ︾ ᠶᠢᠨ ᠦᠢᠯᠡᠳᠦᠯ ᠢ ᠨᠠᠩ ᠰᠠᠶᠢᠨ ᠪᠠᠳᠠᠷᠠᠭᠤᠯᠬᠤ ᠬᠡᠷᠡᠭᠲᠡᠢ᠃ ᠤᠯᠤᠰ ᠤᠨ ᠥᠮᠴᠢᠯᠡᠯ ᠤᠨ ᠠᠵᠤ ᠠᠬᠤᠶᠢᠯᠠᠯ ᠤᠨ ᠪᠡᠯᠡ ᠮᠥᠩᠭᠦ ᠶᠢᠨ ᠬᠡᠷᠡᠭᠯᠡᠯᠲᠡ ᠶᠢᠨ ᠠᠶᠤᠯᠭᠦᠢ ᠳᠤ ᠠᠩᠬᠠᠷᠤᠯ ᠢᠶᠠᠨ ᠲᠥᠪᠯᠡᠷᠡᠭᠦᠯᠵᠦ᠂ ᠴᠢᠬᠤᠯᠠ ᠶᠡᠭᠡ ᠪᠡᠯᠡ ᠣᠷᠣᠭᠤᠯᠤᠯᠲᠠ ᠶᠢᠨ ᠲᠥᠷᠥᠯ ᠵᠦᠢᠯ᠂ ᠭᠤᠣᠯᠳᠠᠯᠭ᠎ᠠ ᠲᠠᠢ ᠲᠤᠰᠬᠠᠢ ᠪᠡᠯᠡ ᠮᠥᠩᠭᠦ ᠶᠢᠨ ᠬᠡᠷᠡᠭᠯᠡᠯᠲᠡ᠂ ᠴᠢᠬᠤᠯᠠ ᠶᠡᠭᠡ ᠡᠳ᠋ ᠤᠨ ᠶᠠᠪᠤᠳᠠᠯ ᠤᠨ ᠬᠡᠪ ᠤᠨ ᠪᠤᠰᠤ ᠪᠠᠶᠢᠳᠠᠯ ᠵᠡᠷᠭᠡ ᠪᠠᠶᠢᠳᠠᠯ ᠢ ᠬᠢᠨᠠᠨ ᠪᠣᠳᠣᠵᠤ ᠪᠠᠶᠢᠴᠠᠭᠠᠬᠤ ᠶᠢ ᠴᠢᠩᠭᠠᠳᠬᠠᠵᠤ᠂ ᠤᠯᠤᠰ ᠤᠨ ᠥᠮᠴᠢᠯᠡᠯ ᠤᠨ ᠡᠳ᠋ ᠬᠥᠷᠥᠩᠭᠡ ᠶᠢᠨ ᠠᠯᠳᠠᠭᠳᠠᠬᠤ ᠶᠢ ᠰᠡᠷᠭᠡᠶᠢᠯᠡᠵᠦ᠂ ᠤᠯᠤᠰ ᠤᠨ ᠥᠮᠴᠢᠯᠡᠯ ᠤᠨ ᠡᠳ᠋ ᠬᠥᠷᠥᠩᠭᠡ ᠦᠨ᠎ᠡ ᠪᠠᠨ ᠬᠠᠳᠠᠭᠠᠯᠠᠵᠤ ᠴᠢᠨᠠᠭᠰᠢ ᠨᠡᠮᠡᠭᠳᠡᠬᠦ ᠶᠢ ᠪᠠᠲᠤᠯᠠᠬᠤ ᠬᠡᠷᠡᠭᠲᠡᠢ᠃ ᠠᠵᠢᠯ ᠣᠯᠭᠤᠯᠲᠠ᠂ ᠰᠤᠷᠭᠠᠨ ᠬᠥᠮᠦᠵᠢᠯ᠂ ᠡᠮ ᠡᠮᠨᠡᠯᠭᠡ᠂ ᠨᠡᠶᠢᠭᠡᠮ ᠤᠨ ᠪᠠᠲᠤᠯᠠᠭ᠎ᠠ᠂ ᠨᠠᠰᠤᠵᠢᠯ ᠤᠨ ᠠᠰᠠᠷᠠᠮᠵᠢ᠂ ᠣᠷᠣᠨ ᠰᠠᠭᠤᠴᠠ ᠵᠡᠷᠭᠡ ᠭᠤᠣᠯᠳᠠᠯᠭ᠎ᠠ ᠲᠠᠢ ᠠᠷᠠᠳ ᠤᠨ ᠠᠮᠢᠳᠤᠷᠠᠯ ᠤᠨ ᠬᠦᠷᠢᠶᠡᠨ ᠳᠠᠬᠢ ᠪᠡᠯᠡ ᠮᠥᠩᠭᠦ ᠪᠠ ᠲᠥᠷᠥᠯ ᠵᠦᠢᠯ ᠢ ᠬᠢᠨᠠᠨ ᠪᠣᠳᠣᠬᠤ ᠪᠠᠨ ᠴᠢᠩᠭᠠᠳᠬᠠᠵᠤ᠂ ᠠᠷᠠᠳ ᠤᠯᠠᠨ ᠤ ᠠᠰᠢᠭ ᠲᠤᠰᠠ ᠶᠢ ᠬᠤᠬᠢᠷᠠᠭᠤᠯᠤᠭᠰᠠᠨ ᠠᠰᠠᠭᠤᠳᠠᠯ ᠢ ᠴᠢᠩᠭ᠎ᠠ ᠪᠠᠶᠢᠴᠠᠭᠠᠨ ᠰᠢᠢᠳᠪᠦᠷᠢᠯᠡᠵᠦ᠂ ᠪᠡᠯᠡ ᠮᠥᠩᠭᠦ ᠶᠢ ᠵᠠᠩᠭᠢᠯᠠᠭ᠎ᠠ ᠶᠢᠨ ᠭᠠᠵᠠᠷ ᠲᠤᠨᠢ ᠬᠡᠷᠡᠭᠯᠡᠬᠦ ᠶᠢ ᠦᠨᠡᠨ ᠬᠦ ᠪᠠᠲᠤᠯᠠᠬᠤ ᠬᠡᠷᠡᠭᠲᠡᠢ᠃ ᠪᠥᠬᠦ ᠬᠤᠲᠠ ᠶᠢᠨ ᠬᠢᠨᠠᠨ ᠪᠤᠳᠤᠬᠤ ᠡᠩᠨᠡᠭᠡ ᠶᠢᠨ ᠪᠠᠶᠢᠭᠤᠯᠤᠯᠲᠠ ᠶᠢ ᠴᠢᠩᠭᠠᠳᠬᠠᠵᠤ᠂ ᠵᠠᠯᠠᠭᠤ ᠺᠠᠳ᠋ᠷᠴᠤᠳ ᠢ ᠬᠥᠮᠥᠵᠢᠭᠦᠯᠬᠦ ᠶᠢ ᠴᠢᠩᠭ᠎ᠠ ᠠᠳᠬᠤᠵᠤ᠂ ᠮᠠᠨ ᠤ ᠬᠤᠲᠠ ᠶᠢᠨ ᠬᠢᠨᠠᠨ ᠪᠤᠳᠤᠬᠤ ᠠᠵᠢᠯ ᠢ ᠰᠢᠨ᠎ᠡ ᠴᠠᠭ ᠦᠶ᠎ᠡ ᠶᠢᠨ ᠰᠢᠨ᠎ᠡ ᠱᠠᠭᠠᠷᠳᠠᠯᠭ᠎ᠠ ᠳᠤ ᠨᠠᠩ ᠰᠠᠶᠢᠲᠤᠷ ᠵᠣᠬᠢᠴᠠᠭᠤᠯᠬᠤ ᠬᠡᠷᠡᠭᠲᠡᠢ᠃ ᠬᠢᠨᠠᠨ ᠪᠣᠳᠣᠯᠲᠠ ᠶᠢᠨ ᠬᠢᠨᠠᠯᠲᠠ ᠶᠢᠨ ︽ᠰᠡᠭᠦᠯ ᠶᠢᠨ ᠬᠠᠭᠠᠰ ᠠᠵᠢᠯ︾ ᠢ ᠰᠠᠶᠢᠲᠤᠷ ᠬᠢᠵᠦ᠂ ᠠᠰᠠᠭᠤᠳᠠᠯ ᠢ ᠴᠡᠭᠴᠡᠯᠡᠨ ᠰᠠᠶᠢᠵᠢᠷᠠᠭᠤᠯᠬᠤ ᠠᠵᠢᠯ ᠢ ᠴᠢᠩᠭ᠎ᠠ ᠪᠣᠳᠠᠲᠠᠢ ᠰᠠᠶᠢᠲᠤᠷ ᠠᠳᠬᠤᠵᠤ᠂ ᠨᠢᠭᠡ ᠠᠴᠠ ᠵᠦᠢᠴᠢᠯᠡᠨ ᠨᠦᠬᠦᠭᠡ ᠶᠢ ᠮᠡᠳᠡᠵᠦ᠂ ᠦᠩᠭᠡᠨ ᠲᠠᠯ᠎ᠠ ᠪᠠ ᠦᠨᠳᠦᠰᠦ ᠠᠴᠠ ᠨᠢ ᠵᠡᠷᠭᠡ ᠪᠠᠷ ᠵᠠᠰᠠᠵᠤ᠂ ᠬᠢᠨᠠᠨ ᠪᠣᠳᠣᠯᠲᠠ ᠶᠢᠨ ᠬᠢᠨᠠᠯᠲᠠ ᠶᠢᠨ ︽ᠡᠪᠡᠳᠴᠢᠯᠡᠭᠰᠡᠨ ᠢ ᠵᠠᠰᠠᠵᠤ᠂ ᠡᠪᠡᠳᠴᠢᠯᠡᠭᠡ ᠦᠭᠡᠢ ᠶᠢ ᠰᠡᠷᠭᠡᠶᠢᠯᠡᠬᠦ︾ ᠦᠢᠯᠡᠳᠦᠯ ᠢ ᠰᠠᠶᠢᠲᠤᠷ ᠪᠠᠳᠠᠷᠠᠭᠤᠯᠬᠤ ᠬᠡᠷᠡᠭᠲᠡᠢ᠃ ᠬᠢᠨᠠᠨ ᠪᠤᠳᠤᠵᠤ ᠬᠢᠨᠠᠯᠲᠠ ᠲᠠᠯᠪᠢᠬᠤ ᠶᠢ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠵᠤ ᠬᠢᠨᠠᠯᠲᠠ ᠲᠠᠯᠪᠢᠬᠤ᠂ ᠴᠠᠭᠳᠠᠨ ᠪᠠᠶᠢᠴᠠᠭᠠᠵᠤ ᠬᠢᠨᠠᠯᠲᠠ ᠲᠠᠯᠪᠢᠬᠤ ᠲᠠᠢ ᠨᠡᠪᠲᠡᠷᠡᠭᠦᠯᠦᠨ ᠬᠠᠮᠲᠤᠷᠠᠯᠴᠠᠭᠤᠯᠵᠤ᠂ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠰᠠᠯᠠᠭ᠎ᠠ ᠮᠥᠴᠢᠷ ᠤᠨ ᠬᠢᠨ ᠴᠠᠭ ᠲᠤᠬᠠᠢ ᠳᠤᠨᠢ ᠮᠥᠷᠳᠡᠨ ᠳᠠᠭᠠᠵᠤ᠂ ᠲᠤᠰᠢᠶᠠᠯ ᠳᠠᠭᠠᠨ ᠣᠰᠣᠯᠳᠠᠵᠤ ᠬᠠᠷᠢᠭᠤᠴᠠᠯᠭ᠎ᠠ ᠪᠠᠨ ᠠᠯᠳᠠᠭᠰᠠᠨ᠂ ᠴᠡᠭᠴᠡᠯᠡᠨ ᠰᠠᠶᠢᠵᠢᠷᠠᠭᠤᠯᠤᠭᠰᠠᠨ ᠨᠢ ᠬᠦᠴᠦᠨ ᠦᠭᠡᠢ᠂ ᠬᠤᠳᠠᠯ ᠬᠡᠯᠡᠵᠦ ᠬᠠᠭᠤᠷᠮᠠᠭ ᠢᠶᠠᠷ ᠦᠢᠯᠡᠳᠦᠭᠰᠡᠨ ᠠᠴᠠ ᠴᠢᠩᠭ᠎ᠠ ᠬᠠᠷᠢᠭᠤᠴᠠᠯᠭ᠎ᠠ ᠨᠡᠬᠡᠮᠵᠢᠯᠡᠵᠦ᠂ ᠬᠢᠨᠠᠨ ᠪᠤᠳᠤᠵᠤ ᠬᠢᠨᠠᠯᠲᠠ ᠲᠠᠯᠪᠢᠬᠤ ᠶᠢᠨ ᠲᠥᠪ ᠴᠢᠩᠭ᠎ᠠ ᠴᠢᠨᠠᠷ ᠡᠷᠬᠡ ᠰᠦᠷᠲᠦ ᠴᠢᠨᠠᠷ ᠢ ᠦᠨᠡᠨᠬᠦ ᠬᠠᠮᠠᠭᠠᠯᠠᠬᠤ ᠬᠡᠷᠡᠭᠲᠡᠢ ᠭᠡᠵᠡᠢ᠃      ᠬᠤᠳᠠ ᠶᠢᠨ ᠤᠳᠤᠷᠢᠳᠤᠯᠭ᠎ᠠ ᠼᠦᠢ ᠵᠧᠨ ᠦ᠋᠂ ᠯᠢᠦ ᠴᠧᠩ ᠮᠢᠨ᠂ ᠯᠢᠦ ᠵᠢᠢ ᠶᠢᠩ᠂ ᠰᠧ ᠰᠢᠶᠣᠣ ᠶᠠᠩ ᠵᠢᠴᠢ ᠬᠠᠮᠢᠶ᠎ᠠ ᠪᠦᠬᠦᠢ ᠰᠠᠯᠠᠭ᠎ᠠ ᠮᠥᠴᠢᠷ ᠤᠨ ᠬᠠᠷᠢᠭᠤᠴᠠᠯᠭᠠᠲᠠᠨ ᠬᠤᠷᠠᠯ ᠳᠤ ᠣᠷᠣᠯᠴᠠᠪᠠ᠃
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ