ᠪᠤᠷᠠᠮ᠂ ᠭᠠ᠂ ᠴᠢᠪᠠᠭ᠎ᠠ ᠶᠢᠨ ᠱᠦᠯᠦ ᠬᠢᠮᠤᠷᠠᠭ᠎ᠠ ᠬᠠᠨᠢᠶᠠᠳᠦ ᠶᠢ ᠵᠠᠰᠠᠨ᠎ᠠ᠃ ᠪᠤᠷᠠᠮ 30 ᠭᠷᠠᠮ᠂ ᠭᠠ 15 ᠭᠷᠠᠮ᠂ ᠤᠯᠠᠭᠠᠨ ᠴᠢᠪᠠᠭ᠎ᠠ 30 ᠭᠷᠠᠮ᠃ | ᠭᠤᠷᠪᠡᠨ ᠠᠶᠠᠭ᠎ᠠ ᠤᠰᠤ ᠶᠢ ᠬᠠᠭᠠᠰ ᠦᠯᠡᠳᠡᠲᠡᠯ᠎ᠡ ᠴᠢᠨᠠᠵᠤ ᠤᠤᠭᠤᠪᠠᠯ᠂ ᠪᠠᠭ᠋ᠠᠨ ᠬᠦᠯᠦᠷᠡᠭᠰᠡᠨ ᠤ ᠳᠠᠷᠠᠭ᠎ᠠ ᠡᠪᠡᠳᠴᠢᠨ ᠰᠠᠶᠢᠨ ᠪᠣᠯᠳᠠᠭ᠃ | ᠰᠢᠶᠠᠩᠼᠠᠢ ᠶᠢᠨ ᠱᠦᠯᠦ ᠬᠢᠮᠤᠷᠠᠭ᠎ᠠ ᠠᠴᠠ ᠪᠤᠯᠤᠭᠰᠠᠨ ᠬᠠᠨᠢᠶᠠᠳᠦ ᠶᠢ ᠳᠠᠷᠤᠨ᠎ᠠ᠃ ᠰᠢᠶᠠᠩᠼᠠᠢ 30 ᠭᠷᠠᠮ᠂ ᠰᠢᠬᠢᠷ 30 ᠭᠷᠠᠮ᠂ ᠳᠣᠲᠣᠷᠭ᠎ᠠ 100 | ᠭᠷᠠᠮ᠃ ᠳᠤᠲᠤᠷᠭ᠎ᠠ ᠪᠠᠨ ᠰᠠᠶᠢᠲᠤᠷ ᠤᠬᠢᠶᠠᠨ ᠴᠢᠨᠠᠵᠤ᠂ ᠳᠤᠲᠣᠷᠭ᠎ᠠ ᠶᠢᠨ ᠰᠦᠮᠦᠰᠦ 3 ᠬᠠᠯᠪᠠᠭ᠎ᠠ ᠳᠡᠭᠡᠷ᠎ᠡ ᠰᠢᠶᠠᠩᠼᠠᠢ᠂ ᠰᠢᠬᠢᠷ ᠢᠶᠠᠨ ᠬᠢᠵᠤ 10 | ᠮᠢᠨᠦ᠋ᠲ ᠵᠢᠩᠨᠡᠨ᠎ᠡ᠃ ᠬᠠᠯᠠᠭᠤᠨ ᠢᠶᠠᠷ ᠨᠢ ᠤᠤᠭᠤᠪᠠᠯ ᠬᠢᠮᠤᠷᠠᠭ᠎ᠠ ᠠᠴᠠ ᠪᠣᠯᠣᠭᠰᠠᠨ ᠬᠠᠨᠢᠶᠠᠳᠤ ᠶᠢ ᠵᠠᠰᠠᠨ᠎ᠠ᠃ | ᠴᠠᠭᠠᠨ ᠯᠤᠤᠪᠠᠩ ᠪᠠᠯ ᠬᠦᠢᠳᠡᠨ ᠬᠠᠨᠢᠶᠠᠳᠦ ᠶᠢ ᠵᠠᠰᠠᠨ᠎ᠠ᠃ ᠴᠠᠭᠠᠨ ᠯᠤᠤᠪᠠᠩ 1᠂ ᠪᠠᠯ 30 ᠭᠷᠠᠮ᠂ ᠴᠠᠭᠠᠨ ᠬᠤᠤᠵᠤᠤ 5 ᠮᠦᠬᠦᠯᠢᠭ᠂ ᠵᠡᠭᠡᠷᠭᠡᠨ᠎ᠡ | 2 ᠭᠷᠠᠮ᠃ ᠯᠤᠤᠪᠠᠩ ᠢᠶᠠᠨ ᠤᠬᠢᠶᠠᠵᠤ ᠬᠡᠷᠴᠢᠭᠡᠳ ᠠᠶᠠᠭᠠᠨ ᠳᠤ ᠬᠢᠵᠤ᠂ ᠪᠠᠯ᠂ ᠴᠠᠭᠠᠨ ᠬᠤᠤᠵᠤᠤ᠂ ᠵᠡᠭᠡᠷᠭᠡᠨ᠎ᠡ ᠲᠠᠢ ᠬᠠᠭᠠᠰ ᠴᠠᠭ ᠵᠢᠩᠨᠡᠭᠡᠳ | ᠬᠠᠯᠠᠭᠤᠨ ᠢᠶᠠᠷ ᠨᠢ ᠤᠤᠭᠤᠨ᠎ᠠ᠃ | ᠴᠡᠭᠡ ᠬᠠᠯᠠᠭᠤᠨ ᠢ ᠬᠦᠭᠡᠭᠡᠵᠤ ᠬᠠᠨᠢᠶᠠᠳᠦ ᠶᠢ ᠵᠣᠭᠰᠣᠭᠠᠨ᠎ᠠ᠃ ᠴᠡᠭᠡ 300 ᠮᠢᠯᠢᠯᠢᠲᠷ᠂ ᠴᠠᠭᠠᠨ ᠰᠢᠬᠢᠷ ᠪᠠᠭ᠎ᠠ ᠬᠢᠨ᠎ᠡ᠃ ᠴᠡᠭᠡ ᠪᠠᠨ | ᠪᠤᠴᠠᠯᠭᠠᠭᠰᠠᠨ ᠤ ᠳᠠᠷᠠᠭ᠎ᠠ ᠤᠤᠭᠤᠬᠤ ᠦᠶᠡᠰ ᠴᠠᠭᠠᠨ ᠰᠢᠬᠢᠷ ᠬᠢᠨ᠎ᠡ᠃ ᠴᠡᠭᠡ ᠨᠢ ᠤᠮᠳᠠ ᠲᠠᠶᠢᠯᠵᠤ ᠬᠠᠯᠠᠭᠤᠨ ᠢ ᠬᠦᠭᠡᠭᠡᠬᠦ᠂ ᠴᠢᠰᠦ ᠨᠦᠬᠦᠬᠦ᠂ | ᠬᠠᠨᠢᠶᠠᠳᠦ ᠶᠢ ᠵᠤᠭᠰᠤᠭᠠᠬᠤ ᠦᠢᠯᠡᠳᠦᠯ ᠲᠠᠢ᠃ ᠠᠭᠤᠰᠬᠢᠨ ᠰᠦᠷᠢᠶ᠎ᠡ᠂ ᠬᠠᠨᠢᠶᠠᠳᠦ ᠶᠢ ᠵᠠᠰᠠᠬᠤ ᠪᠠ ᠬᠠᠯᠠᠭᠤᠨ ᠢ ᠰᠡᠷᠭᠡᠶᠢᠯᠡᠬᠦ ᠳᠤ ᠣᠨᠴᠠ ᠶᠢᠨ ᠲᠤᠰᠠᠲᠠᠢ᠃ |