ᠪᠥᠬᠦ ᠬᠤᠲᠠ ᠳᠤ ᠳᠤᠮᠳᠠ ᠠᠴᠠ ᠶᠡᠭᠡ ᠴᠠᠰᠤ ᠣᠷᠤᠨ᠎ᠠ
ᠨᠡᠶᠢᠲᠡᠯᠡᠭᠰᠡᠨ ᠴᠠᠭ᠄
2023/2/8
      ︵ᠰᠤᠷᠪᠤᠯᠵᠢᠯᠠᠭᠴᠢ ᠮᠢᠶᠣᠣ ᠴᠢᠩ︶ 2 ᠳ᠋ᠤᠭᠠᠷ ᠰᠠᠷ᠎ᠠ ᠶᠢᠨ 6 ᠤ ᠡᠳᠦᠷ᠂ ᠬᠤᠲᠠ ᠶᠢᠨ ᠴᠠᠭ ᠠᠭᠤᠷ ᠤᠨ ᠲᠣᠪᠴᠢᠶ᠎ᠠ ᠠᠴᠠ ᠴᠠᠭ ᠠᠭᠤᠷ ᠤᠨ ᠤᠷᠢᠳᠴᠢᠯᠠᠭᠰᠠᠨ ᠮᠡᠳᠡᠭᠡ ᠨᠡᠶᠢᠲᠡᠯᠡᠵᠦ᠂  2 ᠳ᠋ᠤᠭᠠᠷ ᠰᠠᠷ᠎ᠠ ᠶᠢᠨ 8 ᠤ ᠡᠳᠦᠷ ᠤᠨ ᠰᠥᠨᠢ ᠠᠴᠠ 9 ᠤ ᠡᠳᠦᠷ ᠪᠣᠯᠲᠠᠯ᠎ᠠ ᠮᠠᠨ ᠤ ᠬᠤᠲᠠ ᠳᠤ ᠳᠤᠮᠳᠠ ᠠᠴᠠ ᠶᠡᠭᠡ ᠴᠠᠰᠤ ᠣᠷᠤᠨ᠎ᠠ᠂ ᠴᠠᠭ ᠠᠭᠤᠷ ᠤᠨ ᠰᠠᠯᠠᠭ᠎ᠠ ᠮᠥᠴᠢᠷ ᠠᠴᠠ ᠬᠥᠮᠥᠨ ᠤ ᠬᠦᠴᠦ ᠪᠠᠷ ᠴᠠᠰᠤ ᠨᠡᠮᠡᠬᠦ ᠠᠵᠢᠯ ᠢ ᠢᠳᠡᠪᠬᠢᠲᠡᠢ ᠥᠷᠨᠢᠭᠦᠯᠵᠦ᠂ ᠣᠶ ᠰᠢᠭᠤᠢ ᠨᠤᠲᠤᠭ ᠪᠡᠯᠴᠢᠭᠡᠷ ᠤᠨ ᠭᠠᠯ ᠰᠡᠷᠭᠡᠶᠢᠯᠡᠬᠦ ᠳᠠᠷᠤᠭᠠᠰᠤ ᠶᠢ ᠬᠥᠩᠭᠡᠷᠡᠭᠦᠯᠬᠦ ᠳᠤ ᠬᠦᠴᠦ ᠨᠡᠮᠡᠷᠢᠯᠡᠨ᠎ᠡ ᠭᠡᠵᠡᠢ᠃      ᠴᠠᠰᠤ ᠨᠢ 8 ᠤ ᠡᠳᠦᠷ ᠤᠨ ᠰᠥᠨᠢ ᠡᠮᠦᠨ᠎ᠡ ᠠᠴᠠ ᠤᠮᠠᠷᠠᠰᠢ ᠡᠬᠢᠯᠡᠵᠦ᠂ ᠤᠮᠠᠷᠠᠲᠤ ᠬᠡᠰᠡᠭ ᠲᠤ ᠴᠠᠰᠤ ᠪᠠᠷ ᠭᠤᠣᠯᠯᠠᠵᠤ᠂ ᠳᠤᠮᠳᠠ ᠬᠡᠰᠡᠭ ᠪᠠ ᠡᠮᠦᠨᠡᠲᠦ ᠬᠡᠰᠡᠭ ᠲᠤ ᠰᠥᠨᠢ ᠴᠠᠰᠤ ᠣᠷᠣᠵᠤ᠂ ᠡᠳᠦᠷ ᠨᠢ ᠠᠭᠠᠵᠢᠮ ᠢᠶᠠᠷ ᠴᠠᠰᠤ ᠪᠣᠷᠣᠭᠠᠨ ᠬᠤᠯᠢᠯᠳᠤᠨ ᠣᠷᠣᠨ᠎ᠠ᠃ ᠶᠡᠬᠡᠩᠬᠢ ᠭᠠᠵᠠᠷ ᠤᠨ ᠴᠠᠰᠤᠨ ᠤ ᠬᠡᠮᠵᠢᠶ᠎ᠡ ᠨᠢ 3-5mm ᠬᠦᠷᠴᠦ᠂ ᠳᠤᠮᠳᠠ ᠡᠮᠦᠨᠡᠲᠦ ᠬᠡᠰᠡᠭ ᠤᠨ ᠬᠡᠰᠡᠭ ᠭᠠᠵᠠᠷ ᠤᠨ ᠴᠠᠰᠤᠨ ᠤ ᠬᠡᠮᠵᠢᠶ᠎ᠡ ᠨᠢ 5mm ᠢ ᠳᠠᠪᠠᠨ᠎ᠠ᠃ 9 ᠤ ᠣᠷᠣᠢ ᠴᠠᠰᠤ ᠵᠣᠭᠰᠣᠵᠤ᠂ ᠳᠠᠷᠠᠭ᠎ᠠ ᠨᠢ ᠠᠭᠠᠷ ᠤᠨ ᠳᠤᠯᠠᠭᠠᠨ ᠵᠢᠭᠠᠬᠠᠨ ᠪᠠᠭᠤᠷᠠᠵᠤ᠂ 10 ᠤ ᠡᠳᠦᠷ ᠤᠨ ᠥᠷᠯᠥᠭᠡ ᠦᠴᠦᠸᠠᠨ ᠰᠢᠶᠠᠨ ᠵᠢᠴᠢ ᠠᠭᠤᠯᠠᠷᠬᠠᠭ ᠣᠷᠣᠨ ᠳᠤ -12℃ ᠣᠷᠴᠢᠮ᠂ ᠪᠤᠰᠤᠳ ᠭᠠᠵᠠᠷ ᠲᠤ -9℃ ᠣᠷᠴᠢᠮ ᠬᠦᠷᠦᠨ᠎ᠡ᠃      ᠲᠣᠰ ᠤᠳᠠᠭᠠᠨ ᠤ ᠴᠠᠰᠤ ᠨᠢ ᠵᠠᠰᠠᠮᠠᠯ ᠵᠠᠮ ᠤᠨ ᠵᠠᠮ ᠬᠠᠷᠢᠯᠴᠠᠭ᠎ᠠ ᠳᠤ ᠨᠡᠯᠢᠶᠡᠳ ᠶᠡᠭᠡ ᠨᠥᠯᠥᠭᠡ ᠲᠠᠢ ᠪᠣᠯᠬᠤᠷ ᠵᠠᠮ ᠬᠠᠷᠢᠯᠴᠠᠭᠠᠨ ᠤ ᠬᠠᠮᠢᠶᠠᠷᠤᠯᠲᠠ᠂ ᠬᠤᠲᠠ ᠶᠢᠨ ᠬᠠᠮᠢᠶᠠᠷᠤᠯᠲᠠ᠂ ᠣᠷᠴᠢᠨ ᠲᠣᠭᠤᠷᠢᠨ ᠤ  ᠠᠷᠢᠭᠤᠨ ᠴᠡᠪᠡᠷ ᠤᠨ ᠰᠠᠯᠠᠭ᠎ᠠ ᠮᠥᠴᠢᠷ ᠲᠤ ᠵᠠᠮ ᠬᠠᠷᠢᠯᠴᠠᠭᠠᠨ ᠤ ᠬᠠᠮᠢᠶᠠᠷᠤᠯᠲᠠ ᠵᠢᠴᠢ ᠴᠠᠰᠤ ᠴᠡᠪᠡᠷᠯᠡᠬᠦ ᠠᠵᠢᠯ ᠢ ᠤᠷᠢᠳᠴᠢᠯᠠᠨ ᠪᠠᠶᠢᠷᠢᠯᠠᠭᠤᠯᠬᠤ ᠶᠢ ᠰᠠᠨᠠᠭᠤᠯᠵᠤ ᠪᠠᠶᠢᠨ᠎ᠠ᠃
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ