ᠮᠠᠷᠳᠠᠵᠤ ᠪᠤᠯᠤᠰᠢ ᠦᠭᠡᠢ ᠲᠡᠦᠭᠡ · ᠬᠤᠪᠢᠰᠬᠠᠯᠴᠢᠳ ᠤᠨ ᠴᠠᠳᠢᠭ —ᠯᠢᠦ ᠬᠤᠨᠭ᠌ ᠰᠢᠶᠦ᠋ᠩ
ᠨᠡᠶᠢᠲᠡᠯᠡᠭᠰᠡᠨ ᠴᠠᠭ᠄
2023/2/13
      ᠯᠢᠦ ᠬᠤᠨᠭ᠌ ᠰᠢᠶᠦ᠋ᠩ ︵1907-1940︶᠂ ᠬᠡᠷᠡᠭᠯᠡᠵᠦ ᠦᠩᠭᠡᠷᠡᠭᠰᠡᠨ ᠨᠡᠷ᠎ᠡ ᠨᠢ ᠯᠢᠦ ᠳ᠋ᠢᠶᠠᠨ᠂ ᠡᠷᠡᠭᠳᠡᠢ᠂ ᠬᠢᠲᠠᠳ ᠦᠨᠳᠦᠰᠦᠳᠡᠨ᠂ ᠦᠪᠦᠷ ᠮᠤᠩᠭᠤᠯ ᠤᠨ ᠬᠦᠬᠡᠬᠤᠲᠠ ᠶᠢᠨ ᠲᠡᠭᠦᠷᠭᠡ ᠶᠢᠨ ᠲᠧᠩ ᠵᠢᠶᠠ ᠶᠢᠩ ᠲᠤᠰᠬᠤᠨ ᠤ ᠬᠦᠮᠦᠨ᠂ ᠶᠠᠳᠠᠭᠤ ᠲᠠᠷᠢᠶᠠᠴᠢᠨ ᠤ ᠭᠡᠷ ᠪᠦᠯᠢ ᠳᠤ ᠲᠦᠷᠦᠵᠡᠢ᠃      ᠯᠢᠦ ᠬᠤᠨᠭ᠌ ᠰᠢᠶᠦ᠋ᠩ1919 ᠣᠨ ᠳᠤ ᠬᠦᠢ ᠰᠦᠢ ᠶᠢᠨ ᠦᠨᠳᠦᠷ ᠵᠡᠷᠭᠡ ᠶᠢᠨ ᠪᠠᠭ᠎ᠠ ᠰᠤᠷᠭᠠᠭᠤᠯᠢ ᠳᠤ ᠰᠤᠷᠤᠯᠴᠠᠵᠠᠢ᠃ ᠲᠡᠷᠡ ᠬᠥᠬᠡᠬᠤᠲᠠ ᠶᠢᠨ ᠰᠤᠷᠤᠭᠴᠢᠳ ᠤᠨ ᠶᠠᠫᠤᠨ ᠤ ᠪᠡᠯᠡ ᠤᠷᠤᠭᠤᠯᠤᠭᠰᠠᠨ ᠴᠠᠬᠢᠯᠭᠠᠨ ᠳ᠋ᠧᠩ ᠤᠨ ᠺᠤᠮᠫᠠᠨᠢ ᠶᠢ ᠪᠠᠯᠪᠠᠴᠢᠬᠤ ᠪᠠ ︽ᠱᠧᠩ ᠵᠢᠢ︾ ᠭᠠᠳᠠᠭᠠᠳᠤ ᠶᠢᠨ ᠬᠤᠳᠠᠯᠳᠤᠭ᠎ᠠ ᠳᠤ ᠴᠤᠬᠢᠯᠲᠠ ᠦᠭᠬᠦ ᠵᠡᠷᠭᠡ ᠡᠵᠡᠷᠭᠡᠭ ᠲᠦᠷᠢᠮᠡᠬᠡᠶᠢᠲᠡᠨ ᠢ ᠡᠰᠡᠷᠭᠦᠴᠡᠵᠦ ᠤᠯᠤᠰ ᠢᠶᠠᠨ ᠠᠪᠤᠷᠠᠬᠤ ᠬᠦᠳᠡᠯᠭᠡᠭᠡᠨ ᠳᠤ ᠤᠷᠤᠯᠴᠠᠵᠤ ᠦᠩᠭᠡᠷᠡᠪᠡ᠃      1924 ᠣᠨ ᠳᠤ᠂ ᠯᠢᠦ ᠬᠤᠩ ᠰᠢᠶᠦ᠋ᠩ ᠱᠠᠨ ᠰᠢ ᠮᠤᠵᠢ ᠶᠢᠨ ᠲᠠᠶᠢᠶᠤᠸᠠᠨ ᠤ ᠢᠷᠭᠡᠨ ᠤᠯᠤᠰ ᠤᠨ  ᠪᠠᠭᠰᠢ ᠶᠢᠨ ᠰᠤᠷᠭᠠᠭᠤᠯᠢ ᠳᠤ ᠰᠢᠯᠭᠠᠨ ᠤᠷᠤᠪᠠ᠃ ᠠᠳᠡ ᠲᠡᠷᠡ ᠮᠠᠷᠺᠧᠰ ᠯᠧᠨᠢᠨ ᠤ ᠦᠵᠡᠯ ᠲᠠᠢ ᠣᠶᠢᠷᠠᠳᠤᠵᠤ᠂ ᠲᠠᠪᠰᠢᠯᠳᠠ ᠶᠢᠨ ᠬᠦᠳᠡᠯᠭᠡᠭᠡᠨ ᠳᠤ ᠤᠷᠤᠯᠴᠠᠵᠠᠢ᠃      1926 ᠣᠨ ᠤ ᠵᠤᠨ᠂ ᠯᠢᠦ ᠬᠤᠩ ᠰᠢᠶᠦ᠋ᠩ ᠲᠠᠶᠢᠶᠤᠸᠠᠨ ᠳᠤ ᠦᠩᠭᠡ ᠭᠡᠷᠡᠯ ᠲᠠᠢ ᠪᠠᠷ ᠲᠤᠮᠳᠠᠳᠤ ᠤᠯᠤᠰ ᠤᠨ ᠡᠪ ᠬᠠᠮᠳᠤ ᠨᠠᠮ ᠳᠤ ᠤᠷᠤᠪᠠ᠃      1927 ᠣᠨ ᠳᠤ ᠲᠤᠮᠳᠠᠳᠤ ᠤᠯᠤᠰ ᠤᠨ ᠶᠡᠭᠡ ᠬᠤᠪᠢᠰᠬᠠᠯ ᠢᠯᠠᠭᠳᠠᠭᠰᠠᠨ ᠤ ᠲᠠᠷᠠᠭ᠎ᠠ᠂ ᠨᠠᠮ ᠤᠨ ᠵᠤᠬᠢᠶᠠᠨ ᠪᠠᠶᠢᠭᠤᠯᠤᠯᠳᠠ ᠠᠴᠠ ᠯᠢᠦ ᠬᠤᠩ ᠰᠢᠶᠦ᠋ᠩ ᠢ ᠪᠡᠭᠡᠵᠢᠩ ᠤᠨ ᠮᠧᠨ ᠲᠸᠦ ᠭᠸᠦ ᠨᠡᠭᠦᠷᠡᠰᠦᠨ ᠠᠭᠤᠷᠬᠠᠢ ᠳᠤ ᠠᠭᠤᠷᠬᠠᠢ ᠶᠢᠨ ᠠᠵᠢᠯᠴᠢᠨ ᠢᠶᠠᠷ ᠲᠤᠮᠢᠯᠠᠪᠠ᠃      1932 ᠤᠨ ᠳᠤ᠂ ᠨᠠᠮ ᠤᠨ ᠲᠤᠮᠢᠯᠠᠯᠲᠠ ᠪᠠᠷ ᠯᠢᠦ ᠬᠤᠩ ᠰᠢᠶᠦ᠋ᠩ ᠵᠡᠭᠦᠨ ᠬᠤᠶᠢᠳᠤ ᠶᠢᠨ ᠶᠠᠫᠤᠨ ᠢ ᠡᠰᠡᠷᠭᠦᠴᠡᠬᠦ ᠵᠢᠷᠤᠮ ᠤᠨ ᠴᠡᠷᠢᠭ ᠤᠨ ᠭᠤᠷᠪᠠᠳᠤᠭᠠᠷ ᠵᠠᠮ ᠤᠨ ᠨᠢᠭᠡᠨ ᠳ᠋ᠢᠸᠢᠽᠢ ᠳᠤ ᠴᠢᠮᠡᠭᠡ ᠬᠤᠯᠪᠤᠭᠠᠨ ᠤ ᠶᠡᠭᠡ ᠠᠩᠭᠢ ᠶᠢᠨ ᠠᠩᠭᠢ ᠶᠢᠨ ᠲᠠᠷᠤᠭ᠎ᠠ ᠪᠠ ᠰᠠᠯᠪᠤᠷᠢ ᠠᠩᠭᠢ ᠶᠢᠨ ᠲᠠᠷᠤᠭ᠎ᠠ ᠪᠠᠷ ᠠᠵᠢᠯᠯᠠᠵᠤ᠂ ᠨᠢᠭᠤᠴᠠ ᠠᠵᠢᠯ ᠬᠢᠵᠡᠢ᠃      1933 ᠣᠨ ᠤ 5 ᠳ᠋ᠤᠭᠠᠷ ᠰᠠᠷ᠎ᠠ ᠳᠤ᠂ ᠨᠠᠮ ᠠᠴᠠ ᠲᠠᠬᠢᠨ ᠯᠢᠦ ᠬᠤᠩ ᠰᠢᠶᠦ᠋ᠩ ᠢ ᠴᠠᠬᠠᠷ ᠤᠨ ᠠᠷᠠᠳ ᠣᠯᠠᠨ ᠤ ᠶᠠᠫᠤᠨ ᠢ ᠡᠰᠡᠷᠭᠦᠴᠡᠬᠦ ᠬᠤᠯᠪᠤᠭᠠᠳᠠᠨ ᠴᠡᠷᠢᠭ ᠲᠤ ᠠᠵᠢᠯᠯᠠᠭᠤᠯᠬᠤ ᠪᠠᠷ ᠲᠤᠮᠢᠯᠠᠵᠤ᠂ ᠲᠡᠷᠡ ᠪᠦᠯᠬᠦᠮ ᠤᠨ ᠲᠠᠷᠤᠭ᠎ᠠ ᠪᠠᠷ ᠠᠵᠢᠯᠯᠠᠵᠠᠢ᠃ ᠴᠠᠬᠠᠷ ᠤ ᠠᠷᠠᠳ ᠤᠯᠠᠨ ᠤ ᠶᠠᠫᠤᠨ ᠢ ᠡᠰᠡᠷᠭᠦᠴᠡᠬᠦ ᠬᠤᠯᠪᠤᠭᠠᠳᠠᠨ ᠴᠡᠷᠢᠭ ᠢᠯᠠᠭᠳᠠᠭᠰᠠᠨ ᠤ ᠲᠠᠷᠠᠭ᠎ᠠ᠂ ᠲᠡᠷᠡ ᠬᠦᠬᠡᠬᠤᠲᠠ ᠳᠤ ᠪᠠᠨ ᠪᠤᠴᠠᠵᠤ᠂ ᠨᠢᠭᠤᠴᠠ ᠠᠵᠢᠯ ᠬᠢᠪᠡ᠃      1934 ᠣᠨ ᠤ ᠬᠠᠪᠤᠷ᠂ ᠯᠢᠦ ᠬᠤᠩ ᠰᠢᠶᠦ᠋ᠩ ᠭᠦᠢ ᠰᠦᠢ ᠰᠢᠶᠠᠨ ᠤ ᠪᠤᠷᠤᠬᠤᠰᠢᠭᠤ ᠶᠢᠨ ᠬᠤᠪᠢ ᠬᠦᠮᠦᠨ ᠡᠷᠬᠢᠯᠡᠭᠰᠡᠨ ᠮᠢᠩ ᠶᠠᠨ ᠪᠠᠭ᠎ᠠ ᠰᠤᠷᠭᠠᠭᠤᠯᠢ ᠳᠤ ᠪᠠᠭᠰᠢ ᠪᠠᠷ ᠤᠷᠢᠭᠳᠠᠵᠤ ᠠᠵᠢᠯᠯᠠᠪᠠ᠃ ᠲᠡᠷᠡ ᠮᠢᠩ ᠶᠠᠨ ᠪᠠᠭ᠎ᠠ ᠰᠤᠷᠭᠠᠭᠤᠯᠢ ᠪᠠᠷ ᠰᠠᠭᠤᠷᠢᠨ ᠪᠣᠯᠭᠠᠵᠤ᠂ ᠰᠤᠷᠤᠭᠴᠢᠳ ᠤᠨ ᠳᠤᠮᠳᠠ ᠬᠤᠪᠢᠰᠬᠠᠯ ᠤᠨ ᠦᠷ᠎ᠡ ᠶᠢ ᠰᠠᠴᠤᠵᠤ᠂ ᠲᠠᠷᠢᠶᠠᠴᠢᠨ ᠤ ᠤᠷᠤᠢ ᠶᠢᠨ ᠰᠤᠷᠭᠠᠭᠤᠯᠢ ᠶᠢ ᠡᠷᠬᠢᠯᠡᠨ᠂ ᠶᠠᠫᠤᠨ ᠢ ᠡᠰᠡᠷᠬᠦᠴᠡᠬᠦ ᠶᠢ ᠤᠬᠠᠭᠤᠯᠵᠤ ᠪᠠᠶᠢᠪᠠ᠃      1937ᠣᠨ ᠤ ︽ᠲᠤᠯᠤᠭᠠᠨ ᠰᠠᠷ᠎ᠠ ᠶᠢᠨ ᠲᠤᠯᠤᠭᠠᠨ︾ ᠤ ᠭᠡᠷᠡᠭ ᠬᠤᠪᠢᠰᠤᠯ ᠤᠨ ᠲᠠᠷᠠᠭ᠎ᠠ᠂ ᠯᠢᠦ ᠬᠤᠩ ᠰᠢᠶᠦ᠋ᠩ ᠶᠠᠩ ᡁᠢ ᠯᠢᠨ᠂ ᠭᠤᠤ ᠹᠧᠩ ᠶᠢᠩ ᠲᠠᠢ ᠢᠳᠡᠪᠬᠢᠲᠡᠢ ᠠᠷᠭ᠎ᠠ ᠪᠤᠲᠤᠵᠤ ᠶᠠᠫᠤᠨ ᠢ ᠡᠰᠡᠷᠭᠦᠴᠡᠬᠦ  ᠵᠡᠪᠰᠡᠭᠲᠦ ᠬᠦᠴᠦᠨ ᠢ ᠵᠤᠬᠢᠶᠠᠨ ᠪᠠᠶᠢᠭᠤᠯᠤᠨ᠂ ᠵᠡᠪᠰᠡᠭᠲᠦ ᠬᠦᠴᠦᠨ ᠢᠶᠠᠷ ᠶᠠᠫᠤᠨ ᠢ ᠡᠰᠡᠷᠬᠦᠴᠡᠬᠦ ᠲᠡᠮᠡᠴᠡᠯ ᠦᠷᠨᠢᠬᠦᠯᠵᠡᠢ᠃      1938 ᠣᠨ ᠤ 3᠂ 4 ᠳ᠋ᠤᠭᠡᠷ ᠰᠠᠷ᠎ᠠ ᠳᠤ᠂ ᠯᠢᠦ ᠬᠤᠩ ᠰᠢᠶᠦ᠋ᠩ ᠱᠠᠨ ᠰᠢ ᠶᠢᠨ ᠪᠠᠷᠠᠭᠤᠨ ᠬᠤᠶᠢᠳᠤ ᠶᠢᠨ ᠨᠠᠢᠮᠠᠳᠤᠭᠠᠷ ᠵᠠᠮ ᠤᠨ ᠴᠡᠷᠢᠭ ᠤᠨ120 ᠳ᠋ᠤᠭᠠᠷ ᠳ᠋ᠢᠸᠢᠽᠢ ᠳᠤ ᠰᠦᠢ ᠶᠤᠸᠠᠨ ᠤ ᠲᠠᠶᠢᠰᠤᠨ ᠳᠤ ᠡᠵᠡᠯᠡᠭᠳᠡᠭᠰᠡᠨ ᠤᠷᠤᠨ ᠤ ᠪᠠᠶᠢᠳᠠᠯ ᠢ ᠬᠠᠷᠢᠭᠤ ᠮᠡᠳᠡᠬᠦᠯᠬᠦ ᠶᠢᠨ ᠬᠠᠮᠳᠤ ᠨᠠᠢᠮᠠᠳᠤᠭᠠᠷ ᠵᠠᠮ ᠤᠨ ᠴᠡᠷᠢᠭ ᠲᠤ ᠰᠦᠢ ᠶᠤᠸᠠᠨ ᠤ ᠳᠠᠶᠢᠰᠤᠨ ᠳᠤ ᠡᠵᠡᠯᠡᠭᠳᠡᠭᠰᠡᠨ ᠤᠷᠤᠨ ᠳᠤ ᠤᠷᠤᠵᠤ ᠶᠠᠫᠤᠨ ᠢ ᠡᠰᠡᠷᠬᠦᠴᠡᠬᠦ ᠵᠡᠪᠰᠡᠭᠲᠦ ᠲᠡᠮᠡᠴᠡᠯ ᠦᠷᠨᠢᠬᠦᠯᠬᠦ ᠶᠢ ᠭᠤᠶᠤᠵᠠᠢ᠃ 8 ᠳ᠋ᠤᠭᠠᠷ ᠰᠠᠷ᠎ᠠ ᠳᠤ᠂ ᠯᠢᠦ ᠬᠤᠩ ᠰᠢᠶᠦ᠋ᠩ ᠨᠠᠢᠮᠠᠳᠤᠭᠠᠷ ᠵᠠᠮ ᠤᠨ ᠴᠡᠷᠢᠭ ᠤᠨ ᠲᠠᠯᠠᠨ ᠬᠠᠷ᠎ᠠ ᠠᠭᠤᠯᠠ ᠶᠢᠨ ᠰᠠᠯᠪᠤᠷᠢ ᠠᠩᠭᠢ ᠶᠢᠨ ᠬᠢᠨ  ᠲᠠᠢ ᠬᠠᠮᠳᠤ ᠰᠦᠢ ᠶᠤᠸᠠᠨ ᠳᠤ  ᠪᠤᠴᠠᠪᠠ᠃ ᠡᠪᠦᠯ ᠨᠢ᠂ ᠯᠢᠦ ᠬᠤᠩ ᠰᠢᠶᠦ᠋ᠩ ᠬᠦᠬᠡᠬᠤᠲᠠ ᠳᠤ ᠤᠷᠤᠵᠤ᠂ ᠬᠠᠭᠤᠷᠮᠠᠭ ᠡᠪᠯᠡᠷᠡᠭᠦᠯᠦᠨ ᠠᠷᠠᠳ ᠢ ᠠᠮᠤᠷᠵᠢᠭᠤᠯᠵᠤ ᠤᠯᠤᠰ ᠢ ᠠᠪᠤᠷᠠᠬᠤ ᠴᠡᠷᠢᠭ ᠠᠩᠭᠢ ᠶᠢᠨ ᠪᠠᠷᠢᠭᠠᠳᠠ ᠶᠢᠨ ᠲᠠᠷᠤᠭ᠎ᠠ ᠪᠣᠯᠵᠤ᠂ ᠲᠠᠷᠠᠭ᠎ᠠ ᠪᠠᠷ ᠨᠢ ᠬᠦᠬᠡᠬᠤᠲᠠ ᠶᠢᠨ ᠶᠠᠫᠤᠨ ᠤ ᠰᠢᠶᠠᠨᠪᠢᠩ ᠴᠡᠷᠢᠭ ᠠᠩᠭᠢ ᠳᠤ ᠵᠦᠪᠯᠡᠭᠴᠢ ᠪᠣᠯᠵᠠᠢ᠃ ᠲᠡᠷᠡ ᠡᠳᠡᠭᠡᠷ ᠢᠯᠡ ᠠᠵᠢᠯ ᠢᠶᠠᠷ ᠬᠠᠤᠯᠢ ᠶᠤᠰᠤᠨ ᠤ ᠪᠡᠶ᠎ᠡ ᠤᠨ ᠭᠠᠷᠤᠯ ᠪᠣᠯᠭᠠᠵᠤ᠂ ᠨᠢᠭᠤᠴᠠ ᠲᠡᠮᠡᠴᠡᠯ ᠥᠷᠨᠢᠬᠦᠯᠵᠦ ᠪᠠᠶᠢᠪᠠ᠃      1939 ᠣᠨ ᠤ 5 ᠳ᠋ᠤᠭᠠᠷ ᠰᠠᠷ᠎ᠠ ᠳᠤ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠰᠦᠢ ᠶᠤᠸᠠᠨ ᠮᠤᠵᠢ ᠳᠠᠬᠢ ᠬᠤᠷᠢᠶ᠎ᠠ ᠤᠨ ᠲᠤᠮᠢᠯᠠᠯᠲᠠ ᠪᠠᠷ ᠨᠢᠩ ᠳ᠋ᠧ ᠴᠢᠩ᠂ ᠯᠢᠦ ᠸᠧᠢ ᠬᠦᠬᠡᠬᠤᠲᠠ ᠳᠤ ᠤᠷᠤᠵᠤ᠂  ᠯᠢᠦ ᠬᠤᠩ ᠰᠢᠶᠦ᠋ᠩ ᠲᠠᠢ ᠬᠠᠮᠳᠤ ᠪᠠᠷ ᠨᠢᠭᠤᠴᠠ ᠠᠵᠢᠯ ᠬᠢᠵᠦ᠂ ︽ᠰᠦᠢ ᠶᠤᠸᠠᠨ ᠮᠣᠩᠭᠤᠯ ᠤᠨ ᠡᠯ᠎ᠡ ᠡᠳᠡᠭᠡᠳ ᠤᠨ ᠶᠠᠫᠤᠨ ᠢ ᠡᠰᠡᠷᠭᠦᠴᠡᠵᠦ ᠤᠯᠤᠰ ᠢᠶᠠᠨ ᠠᠪᠤᠷᠠᠬᠤ ᠬᠤᠷᠠᠯ︾ ᠢ ᠵᠣᠬᠢᠶᠠᠨ ᠪᠠᠶᠢᠭᠤᠯᠪᠠ᠃      1940 ᠣᠨ ᠤ ᠡᠬᠢ ᠪᠠᠷ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠭᠦᠢ ᠰᠦᠢ ᠶᠢᠨ  ᠠᠵᠢᠯᠯᠠᠬᠤ ᠬᠤᠷᠢᠶ᠎ᠠ ᠪᠠᠶᠢᠭᠤᠯᠤᠭᠳᠠᠵᠤ᠂ ᠨᠢᠩ ᠳ᠋ᠧ ᠴᠢᠩ ᠱᠦᠵᠢ  ᠶᠢᠨ ᠲᠤᠰᠢᠶᠠᠯ ᠢ ᠬᠠᠷᠢᠭᠤᠴᠠᠵᠤ᠂ ᠯᠢᠦ ᠬᠤᠩ ᠰᠢᠶᠦ᠋ᠩ ᠵᠤᠬᠢᠶᠠᠨ ᠪᠠᠶᠢᠭᠤᠯᠬᠤ ᠬᠡᠯᠲᠡᠰ ᠤᠨ ᠲᠠᠷᠤᠭ᠎ᠠ᠂ ᠯᠢᠦ ᠸᠧᠢ ᠤᠬᠠᠭᠤᠯᠬᠤ ᠬᠡᠯᠲᠡᠰ ᠤᠨ ᠲᠠᠷᠤᠭ᠎ᠠ ᠶᠢᠨ ᠲᠤᠰᠢᠶᠠᠯ ᠢ ᠲᠤᠰ ᠲᠤᠰ ᠬᠠᠷᠢᠭᠤᠴᠠᠪᠠ᠃ 7 ᠳ᠋ᠤᠭᠠᠷ ᠰᠠᠷ᠎ᠠ ᠳᠤ᠂ ︽ᠰᠦᠢ ᠶᠤᠸᠠᠨ ᠮᠤᠩᠭᠤᠯ ᠤᠨ ᠶᠠᠫᠤᠨ ᠢ ᠡᠰᠡᠷᠭᠦᠴᠡᠵᠦ ᠤᠯᠤᠰ ᠢᠶᠠᠨ ᠠᠪᠤᠷᠠᠬᠤ ᠬᠤᠷᠠᠯ︾  ᠡᠪᠳᠡᠭᠳᠡᠨ᠂ ᠯᠢᠦ ᠬᠤᠩ ᠰᠢᠶᠦ᠋ᠩ ᠪᠠᠷᠢᠭᠳᠠᠵᠤ ᠬᠢᠨᠳᠠᠨ ᠳᠤ ᠤᠷᠤᠪᠠ᠃      ᠯᠢᠦ ᠬᠤᠩ ᠰᠢᠶᠦ᠋ᠩ ᠬᠢᠨᠳᠠᠨ ᠲᠤᠳᠤᠷ᠎ᠠ ᠬᠠᠳᠠᠨ ᠪᠠᠲᠤ ᠰᠥᠰᠥ ᠵᠣᠷᠢᠭ ᠢᠶᠠᠷ ᠬᠠᠳᠠᠭᠤᠵᠢᠯᠳᠠᠢ ᠲᠡᠮᠡᠴᠡᠯ ᠶᠠᠪᠤᠭᠤᠯᠪᠠ᠃ ᠲᠡᠷᠡ ᠬᠠᠮᠳᠤ ᠬᠤᠷᠢᠭᠳᠠᠵᠤ ᠪᠠᠶᠢᠭᠰᠠᠨ ᠨᠦᠬᠦᠳ ᠲᠡᠭᠡᠨ ︽ᠦᠵᠡᠯ ᠰᠠᠨᠠᠭᠠᠨ ᠤ ᠪᠡᠯᠡᠳᠭᠡᠯ ᠲᠠᠢ ᠪᠠᠶᠢᠵᠤ᠂ ᠯᠢ ᠳ᠋ᠠ ᠵᠤᠤ ᠰᠢᠭ᠋ ᠬᠤᠪᠢᠰᠬᠠᠯ ᠤᠨ ᠲᠦᠯᠦᠭᠡ ᠪᠡᠶ᠎ᠡ ᠦᠷᠡᠭᠳᠡᠬᠦ ᠠᠴᠠ ᠠᠶᠤᠬᠤ ᠦᠭᠡᠢ ᠪᠠᠶᠢᠬᠤ ᠬᠡᠷᠡᠭᠳᠡᠢ᠃ ᠪᠢᠳᠡ ᠲᠠᠶᠢᠰᠤᠨ ᠳᠤ ᠨᠢᠭᠤᠴᠠ ᠪᠠᠷ ᠠᠯᠠᠭᠳᠠᠬᠤ ᠪᠣᠯᠤᠯᠴᠠᠭ᠎ᠠ ᠶᠡᠭᠡ ᠪᠠᠶᠢᠨ᠎ᠠ᠂ ᠲᠡᠭᠡᠪᠡᠯ ᠪᠢᠳᠡ ᠨᠡᠷ᠎ᠡ ᠦᠭᠡᠢ ᠪᠠᠭᠠᠲᠤᠷ ᠪᠤᠯᠤᠶ᠎ᠠ︾ ᠭᠡᠵᠦ ᠵᠤᠷᠢᠭᠵᠢᠭᠤᠯᠵᠤ ᠪᠠᠶᠢᠯ᠎ᠠ᠃ 8 ᠳ᠋ᠤᠭᠠᠷ ᠰᠠᠷ᠎ᠠ ᠶᠢᠨ 28 ᠤ ᠰᠦᠨᠢ᠂ ᠡᠨᠡᠬᠦ ᠭᠤᠴᠢᠨ ᠭᠤᠷᠪᠠᠭ᠋ᠠᠨ ᠨᠠᠰᠤᠳᠠᠢ ᠡᠪ ᠬᠠᠮᠳᠤ ᠨᠠᠮ ᠤᠨ ᠭᠡᠰᠢᠭᠦᠨ ᠲᠤᠮᠳᠠᠳᠤ ᠶᠢᠨ ᠦᠨᠳᠦᠰᠦᠳᠡᠨ ᠤ ᠴᠢᠯᠦᠭᠡᠯᠡᠯᠲᠡ᠂ ᠡᠪ ᠬᠠᠮᠳᠤ ᠶᠤᠰᠤᠨ ᠤ ᠠᠤᠭ᠎ᠠ ᠦᠢᠯᠡᠰ ᠤᠨ ᠲᠦᠯᠦᠭᠡ ᠪᠠᠭᠠᠳᠤᠷᠯᠢᠭ ᠢᠶᠠᠷ ᠪᠡᠶ᠎ᠡ ᠦᠷᠡᠭᠳᠡᠵᠡᠢ᠃           ᠢᠷᠡᠯᠲᠡ᠄ ︽ᠬᠦᠬᠡᠬᠤᠲᠠ ᠶᠢᠨ ᠬᠤᠪᠢᠰᠬᠠᠯ ᠤᠨ ᠲᠡᠦᠭᠡ︾ ︵ᠦᠪᠦᠷ ᠮᠤᠩᠭᠤᠯ ᠤᠨ ᠶᠡᠭᠡ  ᠰᠤᠷᠭᠠᠭᠤᠯᠢ ᠶᠢᠨ ᠬᠡᠪᠯᠡᠯ ᠤᠨ ᠬᠤᠷᠢᠶ᠎ᠠ᠂1999 ᠣᠨ ᠤ ᠬᠡᠪᠯᠡᠯ︶ ᠠᠴᠠ ᠤᠷᠴᠢᠭᠤᠯᠪᠠ
ᠢᠷᠡᠯᠲᠡ᠄ ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ