ᠦᠴᠦᠸᠠᠨ ᠰᠢᠶᠠᠨ ᠤ ᠤᠩᠭᠤᠨ ᠳᠠᠪᠠᠭᠠᠨ ᠣᠷᠣᠢ ᠶᠢᠨ ᠤᠮᠠᠷᠠᠲᠤ ᠸᠧᠢ ᠤᠯᠤᠰ ᠤᠨ ᠲᠠᠭᠢᠯᠭ᠎ᠠ ᠶᠢᠨ ᠪᠠᠷᠢᠯᠭ᠎ᠠ ᠶᠢᠨ ᠪᠠᠭᠤᠷᠢ ︵ᠳᠥᠭᠦᠮᠴᠢᠯᠡᠭᠡᠳ | ᠤᠩᠭᠤᠨ ᠳᠠᠪᠠᠭᠠᠨ ᠣᠷᠣᠢ ᠶᠢᠨ ᠪᠠᠭᠤᠷᠢ ᠭᠡᠳᠡᠭ︶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠦᠭᠡᠬᠤᠲᠠ ᠶᠢᠨ ᠬᠤᠶᠢᠲᠤ ᠬᠡᠰᠡᠭ ᠤᠨ ᠳᠠᠯᠠᠨ | ᠬᠠᠷ᠎ᠠ ᠠᠭᠤᠯᠠ ᠶᠢᠨ ᠤᠩᠭᠤᠨ ᠳᠠᠪᠠᠭᠠᠨ ᠤ ᠣᠷᠣᠢ ᠳᠡᠭᠡᠷ᠎ᠡ ᠪᠠᠶᠢᠵᠤ᠂ 20 ᠳ᠋ᠤᠭᠠᠷ ᠵᠠᠭᠤᠨ ᠤ ᠨᠠᠶᠠᠭᠠᠳ ᠣᠨ ᠤ ᠬᠤᠶᠠᠳᠤᠭᠠᠷ ᠤᠳᠠᠭᠠᠨ ᠤ ᠪᠦᠭᠦ | ᠤᠯᠤᠰ ᠤᠨ ᠲᠡᠦᠬᠡ ᠶᠢᠨ ᠳᠤᠷᠠᠰᠬᠠᠯᠲᠤ ᠵᠦᠢᠯ ᠤᠨ ᠨᠡᠶᠢᠳᠡᠮ ᠪᠠᠶᠢᠴᠠᠭᠠᠯᠲᠠ ᠳᠤ ᠢᠯᠡᠷᠡᠭᠦᠯᠵᠦ᠂ 2019 ᠣᠨ - 2022 ᠣᠨ ᠤ ᠬᠤᠭᠤᠷᠣᠨᠳᠤ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯ ᠬᠠᠭᠤᠴᠢ ᠰᠤᠳᠤᠯᠤᠯ ᠤᠨ ᠬᠦᠷᠢᠶᠡᠯᠡᠩ 4 ᠤᠳᠠᠭ᠎ᠠ ᠮᠠᠯᠲᠠᠨ ᠠᠭᠤᠳᠠᠯᠵᠤ᠂ | ᠤᠩᠭᠤᠨ ᠳᠠᠪᠠᠭᠠᠨ ᠣᠷᠣᠢ ᠶᠢᠨ ᠪᠠᠭᠤᠷᠢ ᠶᠢᠨ ᠦᠨᠡᠨ ᠳᠦᠷᠢ ᠶᠢ ᠨᠢ ᠦᠨᠳᠦᠰᠦᠨ ᠳᠡᠭᠡᠨ ᠢᠯᠡᠷᠡᠭᠦᠯᠦᠭᠰᠡᠨ ᠪᠠᠶᠢᠨ᠎ᠠ᠃ ᠤᠩᠭᠤᠨ ᠳᠠᠪᠠᠭᠠᠨ ᠣᠷᠣᠢ ᠶᠢᠨ | ᠪᠠᠭᠤᠷᠢ ᠴᠢᠬᠤᠯᠠ ᠲᠡᠦᠬᠡ ᠶᠢᠨ ᠳᠤᠷᠠᠰᠬᠠᠯᠲᠤ ᠵᠦᠢᠯ ᠤᠨ ᠦᠨ᠎ᠡ ᠥᠷᠲᠡᠭ ᠲᠠᠢ ᠪᠣᠯᠬᠤᠷ︽2020 ᠣᠨ ᠤ ᠳᠤᠮᠳᠠᠳᠤ ᠤᠯᠤᠰ ᠤᠨ ᠬᠠᠭᠤᠴᠢ | ᠰᠤᠳᠤᠯᠤᠯ ᠤᠨ ᠰᠢᠨ᠎ᠡ ᠢᠯᠡᠷᠡᠭᠦᠯᠦᠯᠲᠡ︾ ᠪᠠ ︽2020 ᠣᠨ ᠤ ᠪᠦᠭᠦ ᠤᠯᠤᠰ ᠤᠨ ᠬᠠᠭᠤᠴᠢ ᠰᠤᠳᠤᠯᠤᠯ ᠤᠨ ᠠᠷᠪᠠᠨ ᠶᠡᠭᠡ ᠰᠢᠨ᠎ᠡ ᠢᠯᠡᠷᠡᠭᠦᠯᠦᠯᠲᠡ︾ ᠳᠤ | ᠵᠢᠭᠰᠠᠭᠠᠭᠳᠠᠪᠠ᠃ | ᠤᠩᠭᠤᠨ ᠳᠠᠪᠠᠭᠠᠨ ᠣᠷᠣᠢ ᠶᠢᠨ ᠪᠠᠭᠤᠷᠢ ᠵᠦᠩᠶᠤᠸᠠᠨ ᠣᠷᠣᠨ ᠤ ᠸᠠᠩᠲᠤ ᠲᠥᠷᠥ ᠶᠢᠨ ᠲᠠᠭᠢᠯᠭ᠎ᠠ ᠶᠢᠨ ᠪᠠᠷᠢᠯᠭ᠎ᠠ ᠶᠢᠨ ᠭᠡᠯᠪᠡᠷᠢ ᠪᠠ ᠤᠮᠠᠷᠠᠲᠤ ᠶᠢᠨ | ᠨᠡᠭᠦᠳᠡᠯᠴᠢᠨ ᠦᠨᠳᠦᠰᠦᠲᠡᠨ ᠤ ᠲᠠᠭᠢᠯᠭ᠎ᠠ ᠶᠢᠨ ᠤᠯᠠᠮᠵᠢᠯᠠᠯ ᠢ ᠶᠡᠷᠦᠩᠬᠡᠶᠢᠯᠡᠨ᠂ ᠣᠨ ᠵᠢᠯ ᠨᠢ ᠰᠢ ᠠᠨ ᠤ ᠰᠦᠢ ᠲᠠᠩ ᠤᠨ ᠶᠤᠸᠠᠨ ᠴᠢᠦ ᠪᠠ ᠪᠡᠭᠡᠵᠢᠩ ᠤᠨ | ᠮᠢᠩ ᠴᠢᠩ ᠤᠨ ᠲᠢᠶᠠᠨ ᠲᠠᠨ ᠠᠴᠠ ᠡᠷᠲᠡ ᠪᠠᠶᠢᠵᠤ᠂ ᠮᠠᠨ ᠤ ᠤᠯᠤᠰ ᠤᠨ ᠡᠷᠲᠡᠨ ᠤ ᠬᠠᠭᠠᠨ ᠤ ᠤᠭᠰᠠᠭᠠᠨ ᠤ ᠲᠡᠭᠷᠢ ᠲᠠᠭᠢᠯᠭ᠎ᠠ ᠶᠢᠨ ᠬᠥᠭᠵᠢᠯᠲᠡ ᠶᠢᠨ | ᠲᠡᠦᠬᠡ᠂ ᠤᠮᠠᠷᠠᠲᠤ ᠸᠧᠢ ᠤᠯᠤᠰ ᠤᠨ ᠲᠡᠭᠷᠢ ᠲᠠᠭᠢᠬᠤ ᠶᠣᠰᠣᠯᠠᠯ ᠤᠨ ᠳᠦᠷᠢᠮ ᠢ ᠰᠤᠳᠤᠯᠬᠤ ᠳᠤ ᠬᠤᠪᠣᠷ ᠨᠠᠨᠳᠢᠨ ᠪᠣᠳᠠᠰ ᠤᠨ ᠭᠡᠷᠡᠴᠢ ᠶᠢ ᠬᠠᠩᠭᠠᠭᠰᠠᠨ | ᠪᠠᠶᠢᠨ᠎ᠠ᠃ | | ᠮᠢᠩᠭᠠᠨ ᠣᠨ ᠤ ᠮᠠᠨᠳᠤᠯ ᠪᠠᠭᠤᠷᠠᠯ ᠢ ᠥᠩᠭᠡᠷᠡᠭᠦᠯᠪᠡ | ᠬᠠᠪᠤᠷ ᠤᠨ ᠡᠬᠢ ᠪᠠᠷ ᠭᠦᠭᠡᠬᠤᠲᠠ ᠶᠢᠨ ᠬᠤᠶᠢᠲᠤ ᠬᠡᠰᠡᠭ ᠢᠶᠠᠷ ᠬᠥᠨᠳᠡᠯᠢᠰᠴᠦ ᠪᠠᠶᠢᠭ᠎ᠠ ᠲᠠᠯᠠᠨ ᠬᠠᠷ᠎ᠠ ᠠᠭᠤᠯᠠ ᠰᠡᠬᠦᠶᠢᠨ ᠰᠦᠨᠳᠡᠷᠯᠡᠵᠦ᠂ ᠠᠭᠤᠯᠠᠨ | ᠣᠷᠣᠢ ᠳᠤ ᠪᠠᠶᠢᠷᠢᠯᠠᠵᠤ ᠪᠠᠶᠢᠭ᠎ᠠ ᠤᠩᠭᠤᠨ ᠳᠠᠪᠠᠭᠠᠨ ᠣᠷᠣᠢ ᠶᠢᠨ ᠪᠠᠭᠤᠷᠢ ᠡᠴᠢᠨ᠎ᠡ ᠨᠢᠭᠤᠴᠠᠭᠠᠢ ᠰᠠᠨᠠᠭᠳᠠᠨ᠎ᠠ᠃ | ᠤᠩᠭᠤᠨ ᠳᠠᠪᠠᠭᠠᠨ ᠣᠷᠣᠢ ᠶᠢᠨ ᠪᠠᠭᠤᠷᠢ ᠭᠦᠭᠡᠬᠤᠲᠠ ᠶᠢᠨ ᠦᠴᠦᠸᠠᠨ ᠰᠢᠶᠠᠨ ᠤ ᠳᠠᠯᠠᠨ ᠬᠠᠷ᠎ᠠ ᠠᠭᠤᠯᠠ ᠶᠢᠨ ᠤᠩᠭᠤᠨ ᠳᠠᠪᠠᠭᠠᠨ ᠣᠷᠣᠢ | ᠲᠣᠰᠬᠤᠨ ᠠᠴᠠ ᠪᠠᠷᠠᠭᠤᠨ ᠡᠮᠦᠨᠡᠰᠢ 1 ᠺᠢᠯᠣᠮᠧᠲᠷ ᠵᠠᠶᠢᠲᠠᠢ ᠪᠠᠶᠢᠭ᠎ᠠ ᠳᠠᠯᠠᠨ ᠬᠠᠷ᠎ᠠ ᠠᠭᠤᠯᠠ ᠶᠢᠨ ᠤᠩᠭᠤᠨ ᠳᠠᠪᠠᠭᠠᠨ ᠤ ᠣᠷᠣᠢ ᠳᠤ ᠪᠠᠶᠢᠨ᠎ᠠ᠃ ᠤᠩᠭᠤᠨ | ᠳᠠᠪᠠᠭ᠎ᠠ ᠶᠢ ᠤᠮᠠᠷᠠᠲᠤ ᠸᠧᠢ ᠤᠯᠤᠰ ᠤᠨ ᠦᠶ᠎ᠡ ᠳᠤ ᠪᠠᠢ ᠳ᠋ᠣᠣ ᠯᠢᠩ ᠳᠠᠪᠠᠭ᠎ᠠ ᠭᠡᠳᠡᠭ᠂ ᠪᠠᠢ ᠳ᠋ᠣᠣ ᠯᠢᠩ ᠳᠠᠪᠠᠭᠠᠨ ᠳᠡᠭᠡᠷ᠎ᠡ ᠪᠠᠢ ᠳ᠋ᠣᠣ ᠵᠠᠮ ᠮᠤᠨᠢ | ᠠᠭᠤᠯᠠ ᠶᠢᠨ ᠡᠮᠦᠨ᠎ᠡ ᠤᠮᠠᠷ᠎ᠠ ᠶᠢ ᠨᠡᠪᠲᠡᠯᠵᠦ᠂ ᠬᠠᠭᠠᠨ ᠮᠤᠨᠢ ᠠᠭᠤᠯᠠ ᠪᠠᠷ ᠶᠠᠪᠤᠬᠤ ᠳᠠᠭᠠᠨ ᠣᠯᠠᠨᠲᠠ ᠲᠤᠰ ᠵᠠᠮ ᠢᠶᠠᠷ ᠶᠠᠪᠤᠭᠰᠠᠨ ᠪᠠᠶᠢᠳᠠᠭ᠃︽ᠸᠧᠢ | ᠤᠯᠤᠰ ᠤᠨ ᠪᠢᠴᠢᠭ·ᠭᠤᠣᠽᠤ ᠶᠢᠨ ᠲᠡᠮᠳᠡᠭᠯᠡᠯ︾ ᠳᠤ᠂ ᠲᠠᠢ ᠾᠧ ᠶᠢᠨ ᠠᠷᠪᠠᠨ ᠨᠠᠢᠮᠠᠳᠤᠭᠠᠷ ᠣᠨ︵ᠣᠨ ᠲᠣᠭᠠᠯᠠᠯ ᠤᠨ 494 ᠣᠨ︶ ᠳᠤ ᠰᠢᠶᠣᠣ ᠸᠧᠨ ᠳ᠋ᠢ | ᠬᠠᠭᠠᠨ ᠲᠣᠪᠠ ᠬᠤᠩ ᠨᠡᠶᠢᠰᠯᠡᠯ ᠢᠶᠠᠨ ᠫᠢᠩᠴᠧᠩ︵ᠣᠳᠣ ᠶᠢᠨ ᠱᠠᠨ ᠰᠢ ᠮᠤᠵᠢ ᠶᠢᠨ ᠳ᠋ᠠᠲ᠋ᠦ᠋ᠩ ᠬᠤᠲᠠ︶ ᠠᠴᠠ ᠯᠦᠧᠧᠶᠠᠩ ᠳᠤ ᠨᠡᠭᠦᠯᠭᠡᠬᠦ ᠠᠴᠠ ᠡᠮᠦᠨ᠎ᠡ᠂ | ᠳᠣᠯᠤᠭ᠎ᠠ᠂ ᠨᠠᠢᠮᠠᠳᠤᠭᠠᠷ ᠰᠠᠷ᠎ᠠ ᠳᠤ ᠤᠮᠠᠷᠠᠰᠢ ᠱᠧᠩ ᠯᠧ - ᠮᠤᠨᠢ ᠠᠭᠤᠯᠠ ᠪᠠᠷ ᠲᠣᠭᠤᠷᠢᠨ ᠪᠠᠶᠢᠴᠠᠭᠠᠬᠤ ᠳᠠᠭᠠᠨ ᠤᠷᠢᠳ ᠬᠤᠵᠢᠳ ᠬᠠᠭᠠᠨ ᠤ | ᠤᠩᠭᠤᠨ ᠳᠤ ᠪᠠᠷᠠᠳᠠᠬᠤ᠂ ᠲᠡᠭᠷᠢ ᠲᠠᠭᠢᠬᠤ ᠵᠡᠷᠭᠡ ᠠᠵᠢᠯᠯᠠᠭ᠎ᠠ ᠬᠢᠭᠰᠡᠨ ᠢ ᠲᠡᠮᠳᠡᠭᠯᠡᠵᠦ ᠪᠠᠶᠢᠨ᠎ᠠ᠂ ᠡᠭᠦᠨ ᠳᠤ ᠮᠤᠨᠢ ᠠᠭᠤᠯᠠ ᠪᠠᠷ ᠶᠠᠪᠤᠵᠤ ᠲᠡᠭᠷᠢ ᠳᠠᠬᠢᠭᠰᠠᠨ | ᠨᠢ ᠤᠩᠭᠤᠨ ᠳᠠᠪᠠᠭᠠᠨ ᠣᠷᠣᠢ ᠶᠢᠨ ᠪᠠᠭᠤᠷᠢ ᠳᠤ ᠬᠢᠭᠰᠡᠨ ᠲᠡᠭᠷᠢ ᠲᠠᠭᠢᠬᠤ ᠠᠵᠢᠯᠯᠠᠭ᠎ᠠ ᠶᠢ ᠬᠡᠯᠡᠵᠦ ᠪᠠᠶᠢᠬᠤ ᠪᠣᠯᠣᠯᠴᠠᠭ᠎ᠠ ᠲᠠᠢ᠃ ᠥᠪᠥᠷ ᠮᠣᠩᠭᠤᠯ ᠤᠨ | ᠮᠦᠽᠧᠢ ᠶᠢᠨ ᠬᠦᠷᠢᠶᠡᠯᠡᠩ ᠤᠨ ᠳᠡᠳ᠋ ᠳᠠᠷᠤᠭ᠎ᠠ ᠵᠠᠩ ᠸᠧᠨ ᠫᠢᠩ᠄︽ᠰᠤᠷᠪᠤᠯᠵᠢ ᠪᠢᠴᠢᠭ ᠤᠨ ᠲᠡᠮᠳᠡᠭᠯᠡᠯ ᠲᠠᠢ ᠤᠶᠠᠯᠳᠤᠭᠤᠯᠤᠭᠠᠳ᠂ ᠰᠢᠶᠣᠣ ᠸᠧᠨ ᠳ᠋ᠢ | ᠬᠠᠭᠠᠨ ᠤ ᠲᠡᠭᠷᠢ ᠳᠠᠬᠢᠭᠰᠠᠨ ᠨᠢ ᠳᠠᠷᠤᠢ ᠤᠩᠭᠤᠨ ᠳᠠᠪᠠᠭᠠᠨ ᠣᠷᠣᠢ ᠶᠢᠨ ᠪᠠᠭᠤᠷᠢ ᠪᠠᠶᠢᠭ᠎ᠠ ᠭᠠᠵᠠᠷ ᠪᠤᠯᠬᠤ ᠶᠢ ᠠᠩᠬ᠎ᠠ ᠠᠯᠬᠤᠮ ᠮᠠᠭᠠᠳᠯᠠᠵᠠᠢ︾ ᠭᠡᠵᠦ | ᠬᠡᠯᠡᠵᠦ ᠪᠠᠶᠢᠪᠠ᠃ | | | | | ᠤᠩᠭᠤᠨ ᠳᠠᠪᠠᠭᠠᠨ ᠣᠷᠣᠢ ᠶᠢᠨ ᠪᠠᠭᠤᠷᠢ ᠶᠢ ᠨᠢᠰᠬᠡᠯ ᠢᠶᠠᠷ ᠰᠡᠭᠦᠳᠡᠷᠯᠡᠭᠰᠡᠨ ᠵᠢᠷᠤᠭ | | ᠳᠠᠯᠠᠨ ᠬᠠᠷ᠎ᠠ ᠠᠭᠤᠯᠠ ᠮᠤᠨᠢ ᠠᠭᠤᠯᠠ ᠨᠢᠷᠤᠭᠤ ᠶᠢᠨ ᠳᠤᠮᠳᠠ ᠬᠡᠰᠡᠭ ᠲᠤ ᠣᠷᠣᠰᠢᠵᠤ᠂ ᠤᠩᠭᠤᠨ ᠳᠠᠪᠠᠭᠠᠨ ᠤ ᠣᠷᠣᠢ ᠨᠢ ᠲᠡᠭᠰᠢ ᠨᠠᠮᠬᠠᠨ᠂ | ᠳᠠᠯᠠᠶ ᠶᠢᠨ ᠲᠦᠪᠰᠢᠨ ᠠᠴᠠ 1660 ᠮᠧᠲᠷ ᠡᠷᠭᠦᠭᠳᠡᠵᠡᠢ᠂ ᠲᠤᠰ ᠪᠠᠭᠤᠷᠢ ᠡᠨᠡ ᠬᠦ ᠨᠠᠮᠬᠠᠨ ᠠᠭᠤᠯᠠᠨ ᠤ ᠳᠤᠮᠳᠠ ᠬᠡᠰᠡᠭ ᠲᠤ ᠣᠷᠣᠰᠢᠵᠤ᠂ ᠬᠤᠯᠠ ᠠᠴᠠ | ᠪᠥᠮᠪᠥᠷᠭᠡᠨ ᠰᠢᠷᠣᠢ ᠶᠢᠨ ᠣᠪᠣᠭ᠎ᠠ ᠰᠢᠭ᠋ ᠬᠠᠷᠠᠭᠳᠠᠨ᠎ᠠ᠃ ᠮᠤᠨᠢ ᠠᠭᠤᠯᠠ ᠶᠢᠨ ᠠᠷᠤ ᠳᠤ ᠪᠠᠶᠢᠭ᠎ᠠ ᠦᠴᠦᠸᠠᠨ ᠰᠢᠶᠠᠨ ᠤ ᠭᠤᠣᠯ ᠪᠤᠯᠬᠤ ᠭᠠᠵᠠᠷ ᠣᠷᠣᠨ ᠨᠢ | ᠦᠴᠦᠸᠠᠨ ᠤ ᠬᠤᠲᠣᠭᠤᠷ ᠲᠤ ᠲᠥᠪᠯᠡᠷᠡᠵᠦ᠂ ᠦᠴᠦᠸᠠᠨ ᠤ ᠬᠤᠲᠣᠭᠤᠷ ᠢ ᠤᠮᠠᠷᠠᠲᠤ ᠸᠧᠢ ᠤᠯᠤᠰ ᠤᠨ ᠦᠶ᠎ᠡ ᠳᠤ ᠪᠠᠶᠢᠮᠦ᠋ᠸᠧ ᠭᠡᠵᠦ᠂ ᠬᠤᠵᠢᠮ ᠨᠢ | ᠲᠡᠦᠬᠡᠨ ᠳᠤ ᠠᠯᠳᠠᠷᠲᠠᠢ︽ᠤᠮᠠᠷᠠᠲᠤ ᠸᠧᠢ ᠶᠢᠨ ᠵᠢᠷᠭᠤᠭᠠᠨ ᠪᠠᠯᠭᠠᠰᠤ︾ ᠶᠢᠨ ᠨᠢᠭᠡ ᠪᠤᠯᠬᠤ ᠦᠴᠦᠸᠠᠨ ᠪᠠᠯᠭᠠᠰᠤ ᠶᠢ ᠪᠠᠶᠢᠭᠤᠯᠤᠭᠰᠠᠨ ᠪᠠᠶᠢᠳᠠᠭ᠃ ᠤᠮᠠᠷᠠᠲᠤ | ᠸᠧᠢ ᠤᠯᠤᠰ ᠤᠨ ᠵᠢᠷᠭᠤᠭᠠᠨ ᠪᠠᠯᠭᠠᠰᠤ ᠭᠡᠳᠡᠭ ᠨᠢ ᠪᠠᠶᠢᠭᠤᠯᠤᠭᠰᠠᠨ ᠡᠬᠢᠨ ᠤ ᠦᠶ᠎ᠡ ᠳᠤ ᠬᠠᠭᠤᠴᠢᠨ ᠨᠡᠶᠢᠰᠯᠡᠯ ᠱᠧᠩ ᠯᠧ ᠵᠢᠴᠢ ᠨᠡᠶᠢᠰᠯᠡᠯ ᠫᠢᠩᠴᠧᠩ ᠤᠨ | ᠤᠮᠠᠷᠠᠲᠤ ᠬᠢᠯᠢ ᠶᠢ ᠬᠦᠷᠢᠶᠡᠯᠡᠭᠰᠡᠨ 6 ᠴᠡᠷᠢᠭ ᠰᠠᠭᠤᠭᠰᠠᠨ ᠪᠠᠯᠭᠠᠰᠤ ᠶᠢ ᠵᠢᠭᠠᠵᠤ ᠪᠠᠶᠢᠪᠠ᠃ ᠦᠴᠦᠸᠠᠨ ᠪᠠᠯᠭᠠᠰᠤ ᠶᠢ ᠨᠡᠯᠢᠶᠡᠳ ᠣᠷᠣᠢ ᠪᠠᠶᠢᠭᠤᠯᠵᠠᠢ᠂ | ᠦᠴᠦᠸᠠᠨ ᠤ ᠬᠤᠲᠣᠭᠤᠷ ᠤᠨ ᠣᠷᠴᠢᠮ ᠤᠨ ᠭᠠᠵᠠᠷ ᠤᠮᠠᠷᠠᠲᠤ ᠸᠧᠢ ᠤᠯᠤᠰ ᠤᠨ ᠡᠬᠢᠨ ᠤ ᠦᠶ᠎ᠡ ᠳᠤ ᠶᠦᠨ ᠵᠥᠩ ᠪᠠᠯᠭᠠᠰᠤᠨ ︵ᠣᠲᠣ ᠶᠢᠨ ᠲᠣᠭᠲᠠᠬᠤ | ᠰᠢᠶᠠᠨ ᠤ ᠶᠦᠨ ᠵᠥᠩ ᠵᠢᠶᠦ᠋ᠨ ᠤ ᠬᠠᠭᠤᠴᠢᠨ ᠬᠤᠲᠠ︶ ᠳᠤ ᠬᠠᠷᠢᠶᠠᠯᠠᠭᠳᠠᠵᠤ᠂ ᠪᠠᠷᠤᠭ 5 ᠳ᠋ᠤᠭᠠᠷ ᠵᠠᠭᠤᠨ ᠤ ᠳᠠᠯᠠᠭᠠᠳ ᠣᠨ ᠤ ᠡᠬᠢ ᠪᠠᠷ ᠦᠴᠦᠸᠠᠨ | ᠪᠠᠯᠭᠠᠰᠤ ᠶᠢ ᠡᠬᠢᠯᠡᠨ ᠪᠠᠶᠢᠭᠤᠯᠵᠠᠢ᠂ ᠡᠭᠦᠨ ᠤ ᠳᠡᠭᠡᠷ᠎ᠡ ᠠᠳᠠᠯᠢ ᠬᠤᠭᠤᠴᠠᠭᠠᠨ ᠳᠤ ᠪᠠᠶᠢᠭᠤᠯᠤᠭᠰᠠᠨ ᠹᠦ᠋ ᠮᠢᠩ ᠪᠠᠯᠭᠠᠰᠤ ᠶᠢ ᠨᠡᠮᠡᠪᠡᠯ ᠵᠢᠷᠭᠤᠭᠠᠨ ᠪᠠᠯᠭᠠᠰᠤ ᠨᠢ | ᠨᠡᠮᠡᠭᠳᠡᠭᠡᠳ ᠨᠠᠢᠮᠠᠨ ᠪᠠᠯᠭᠠᠰᠤ ᠪᠣᠯᠤᠭᠰᠠᠨ ᠪᠤᠯᠪᠠᠴᠤ ᠮᠥᠨ ᠯᠡ︽ᠵᠢᠷᠭᠤᠭᠠᠨ ᠪᠠᠯᠭᠠᠰᠤ︾ᠭᠡᠳᠡᠭ᠃ ᠦᠴᠦᠸᠠᠨ ᠪᠠᠯᠭᠠᠰᠤ ᠪᠣᠯ ᠵᠢᠷᠭᠤᠭᠠᠨ ᠪᠠᠯᠭᠠᠰᠤᠨ ᠤ | ᠳᠣᠲᠣᠷᠠᠬᠢ ᠨᠡᠯᠢᠶᠡᠳ ᠬᠦᠴᠦᠷᠬᠡᠭ ᠪᠠᠯᠭᠠᠰᠤ ᠪᠣᠯᠣᠨ᠎ᠠ᠃ | ᠲᠠᠢ ᠾᠧ ᠶᠢᠨ ᠠᠷᠪᠠᠨ ᠨᠠᠢᠮᠠᠳᠤᠭᠠᠷ ᠣᠨ︵ᠣᠨ ᠲᠣᠭᠠᠯᠠᠯ ᠤᠨ 494 ᠣᠨ︶ ᠳᠤ ᠰᠢᠶᠣᠣ ᠸᠧᠨ ᠳ᠋ᠢ ᠬᠠᠭᠠᠨ ᠪᠡᠶ᠎ᠡ ᠪᠠᠷ ᠢᠶᠠᠨ ᠮᠤᠨᠢ ᠠᠭᠤᠯᠠ ᠶᠢᠨ | ᠲᠠᠭᠢᠯᠭ᠎ᠠ ᠶᠢ ᠡᠷᠭᠢᠯᠡᠭᠰᠡᠨ ᠠᠴᠠ ᠬᠤᠶᠢᠰᠢ ᠲᠠᠢ ᠾᠧ ᠶᠢᠨ ᠬᠤᠷᠢᠨ ᠨᠢᠭᠡᠳᠦᠭᠡᠷ ᠣᠨ ︵ᠣᠨ ᠲᠣᠭᠠᠯᠠᠯ ᠤᠨ 497 ᠣᠨ︶ ᠳᠤ ᠰᠢᠶᠣᠣ ᠸᠧᠨ ᠳ᠋ᠢ ᠬᠠᠭᠠᠨ | ᠬᠠᠭᠠᠨ ᠤ ᠤᠩᠭᠤᠨ ᠳᠤ ᠪᠠᠷᠠᠳᠠᠭᠰᠠᠨ ᠪᠤᠯᠪᠠᠴᠤ ᠮᠤᠨᠢ ᠠᠭᠤᠯᠠ ᠪᠠᠷ ᠲᠣᠭᠤᠷᠢᠨ ᠪᠠᠶᠢᠴᠠᠭᠠᠭᠰᠠᠨ ᠦᠭᠡᠢ᠂ ᠰᠢᠶᠣᠣ ᠸᠧᠨ ᠳ᠋ᠢ ᠬᠠᠭᠠᠨ ᠤ ᠳᠠᠷᠠᠭᠠᠬᠢ ᠤᠮᠠᠷᠠᠲᠤ | ᠸᠧᠢ ᠤᠯᠤᠰ ᠤᠨ ᠬᠠᠭᠠᠨ ᠱᠧᠩ ᠯᠧ - ᠮᠤᠨᠢ ᠠᠭᠤᠯᠠ ᠶᠢ ᠲᠣᠭᠤᠷᠢᠨ ᠪᠠᠶᠢᠴᠠᠭᠠᠬᠤ ᠪᠠᠨ ᠪᠣᠯᠢᠵᠠᠢ᠃ ᠤᠮᠠᠷᠠᠲᠤ ᠴᠢ ᠤᠯᠤᠰ ᠤᠨ ᠦᠶ᠎ᠡ ᠳᠤ ᠭᠦᠷᠦᠭᠡᠳ | ᠲᠠᠭᠢᠯᠭ᠎ᠠ ᠶᠢᠨ ᠮᠠᠨᠳᠠᠯ ᠢ ᠥᠭᠡᠷᠡᠴᠢᠯᠡᠨ ᠠᠰᠢᠭᠯᠠᠭᠠᠳ ᠴᠡᠷᠢᠭ ᠤᠨ ᠪᠠᠬᠢᠯᠡᠯᠲᠡ ᠪᠣᠯᠭᠠᠵᠠᠢ᠃ | ᠤᠩᠭᠤᠨ ᠳᠠᠪᠠᠭᠠᠨ ᠣᠷᠣᠢ ᠶᠢᠨ ᠪᠠᠭᠤᠷᠢ ᠶᠢ ᠢᠯᠡᠷᠡᠭᠦᠯᠦᠭᠰᠡᠨ ᠪᠠ ᠲᠡᠭᠦᠨ ᠤ ᠰᠢᠨᠵᠢ ᠴᠢᠨᠠᠷ ᠢ ᠮᠠᠭᠠᠳᠯᠠᠨ ᠲᠣᠭᠲᠠᠭᠠᠭᠰᠠᠨ ᠶᠠᠪᠤᠳᠠᠯ ᠨᠢ ᠸᠧᠢ ᠶᠢᠨ | ᠡᠮᠦᠨᠡᠲᠦ ᠤᠮᠠᠷᠠᠲᠤ ᠲᠦᠷᠦ ᠶᠢᠨ ᠦᠶ᠎ᠡ ᠶᠢᠨ ᠬᠠᠭᠠᠨ ᠤ ᠤᠭᠰᠠᠭᠠᠲᠠᠨ ᠤ ᠲᠡᠭᠷᠢ ᠲᠠᠭᠢᠯᠭ᠎ᠠ ᠶᠢᠨ ᠦᠯᠡᠳᠡᠭᠳᠡᠯ ᠤᠨ ᠰᠤᠳᠤᠯᠭᠠᠨ ᠤ ᠬᠤᠭᠤᠰᠤᠨ ᠢ | ᠨᠥᠬᠦᠪᠦᠷᠢᠯᠡᠭᠰᠡᠨ ᠪᠠᠶᠢᠨ᠎ᠠ᠃ | | | ︽ᠤᠩᠭᠤᠨ ᠳᠠᠪᠠᠭᠠᠨ ᠣᠷᠣᠢ ᠶᠢᠨ ᠪᠠᠭᠤᠷᠢ ᠶᠢᠨ ᠦᠨᠡᠨ ᠳᠦᠷᠢ︾ ᠶᠢ ᠢᠯᠡᠷᠡᠭᠦᠯᠪᠡ | ᠤᠩᠭᠤᠨ ᠳᠠᠪᠠᠭᠠᠨ ᠣᠷᠣᠢ ᠶᠢᠨ ᠪᠠᠭᠤᠷᠢ ᠶᠢ ᠢᠯᠡᠷᠡᠭᠦᠯᠦᠭᠰᠡᠨ ᠡᠬᠢᠨ ᠤ ᠦᠶ᠎ᠡ ᠳᠤ ᠭᠠᠳᠠᠨ᠎ᠠ ᠠᠴᠠ ᠨᠢ ᠦᠵᠡᠪᠡᠯ ᠨᠢᠭᠡ ᠪᠥᠮᠪᠥᠷᠭᠡᠨ ᠲᠣᠮᠣ | ᠰᠢᠷᠣᠢ ᠶᠢᠨ ᠣᠪᠣᠭ᠎ᠠ ᠲᠡᠳᠦᠢ ᠪᠠᠶᠢᠵᠠᠢ᠃ ᠡᠨᠡ ᠬᠦ ᠢᠮᠠᠭᠠᠨ ᠰᠦᠷᠦᠭ ᠲᠤ ᠲᠡᠮᠡᠭᠡ ᠵᠣᠭᠰᠣᠭᠰᠠᠨ ᠮᠡᠲᠦ ᠣᠪᠣᠭ᠎ᠠ ᠶᠠᠮᠠᠷ ᠨᠢᠭᠡᠨ ᠲᠡᠦᠬᠡᠨ ᠴᠠᠭ ᠦᠶ᠎ᠡ ᠶᠢᠨ | ᠲᠡᠦᠬᠡ ᠶᠢᠨ ᠳᠤᠷᠠᠰᠬᠠᠯᠲᠤ ᠵᠦᠢᠯ ᠤᠨ ᠦᠯᠡᠳᠡᠭᠳᠡᠯ ᠪᠠᠶᠢᠵᠤ ᠮᠡᠳᠡᠨ᠎ᠡ ᠭᠡᠵᠦ ᠵᠠᠷᠢᠮ ᠡᠷᠳᠡᠮᠲᠡᠨ ᠳᠤᠷᠠᠳᠤᠭᠰᠠᠨ ᠪᠠᠶᠢᠳᠠᠭ᠃ 2014 ᠣᠨ ᠳᠤ᠂ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯ ᠬᠠᠭᠤᠴᠢ ᠰᠤᠳᠤᠯᠤᠯ ᠤᠨ ᠬᠦᠷᠢᠶᠡᠯᠡᠩ ᠤᠨ ᠠᠵᠢᠯᠲᠠᠨ ᠤᠩᠭᠤᠨ | ᠳᠠᠪᠠᠭᠠᠨ ᠣᠷᠣᠢ ᠶᠢᠨ ᠪᠠᠭᠤᠷᠢ ᠶᠢ ᠨᠠᠷᠢᠯᠢᠭ ᠪᠠᠶᠢᠴᠠᠭᠠᠪᠠ᠂ ᠪᠠᠭᠤᠷᠢ ᠶᠢᠨ ᠭᠡᠯᠪᠡᠷᠢ ᠪᠦᠲᠦᠴᠡ ᠪᠣᠯᠣᠨ ᠭᠠᠵᠠᠷ ᠤᠨ ᠭᠠᠳᠠᠷᠭᠤ ᠠᠴᠠ ᠠᠪᠤᠭᠰᠠᠨ ᠦᠯᠡᠳᠡᠭᠳᠡᠯ | ᠪᠣᠳᠠᠰ ᠢ ᠶᠡᠷᠦᠩᠬᠡᠶᠢᠯᠡᠨ ᠵᠠᠳᠠᠯᠵᠤ᠂ ᠳᠠᠭᠢᠨ ᠰᠤᠷᠪᠤᠯᠵᠢ ᠪᠢᠴᠢᠭ ᠤᠨ ᠲᠡᠮᠳᠡᠭᠯᠡᠯ ᠲᠠᠢ ᠤᠶᠠᠯᠳᠤᠭᠤᠯᠤᠭᠠᠳ᠂ ᠤᠮᠠᠷᠠᠲᠤ ᠸᠧᠢ ᠤᠯᠤᠰ ᠤᠨ ᠦᠶ᠎ᠡ ᠶᠢᠨ ᠶᠣᠰᠣᠯᠠᠯ | ᠳᠦᠷᠢᠮ ᠤᠨ ᠪᠠᠷᠢᠯᠭ᠎ᠠ ᠶᠢᠨ ᠦᠯᠡᠳᠡᠭᠳᠡᠯ ᠪᠤᠯᠬᠤ ᠶᠢ ᠠᠩᠬ᠎ᠠ ᠠᠯᠬᠤᠮ ᠨᠤᠲᠠᠯᠠᠭᠰᠠᠨ ᠪᠠᠶᠢᠨ᠎ᠠ᠃ | 2022 ᠣᠨ ᠳᠤ᠂ ᠬᠠᠭᠤᠴᠢ ᠰᠤᠳᠤᠯᠤᠭᠴᠢᠳ ᠤᠩᠭᠤᠨ ᠳᠠᠪᠠᠭᠠᠨ ᠣᠷᠣᠢ ᠶᠢᠨ ᠪᠠᠭᠤᠷᠢ ᠶᠢ ᠬᠠᠭᠠᠰ ᠵᠢᠯ ᠦᠷᠭᠦᠯᠵᠢᠯᠡᠨ ᠮᠠᠯᠲᠠᠵᠤ ᠠᠭᠤᠳᠠᠯᠪᠠ᠃ | ᠡᠨᠡ ᠤᠳᠠᠭᠠᠨ ᠤ ᠠᠭᠤᠳᠠᠯᠤᠭᠰᠠᠨ ᠭᠤᠣᠯ ᠬᠠᠷᠠᠯᠲᠠ ᠪᠣᠯ ᠪᠠᠭᠤᠷᠢ ᠶᠢᠨ ᠡᠯ᠎ᠡ ᠵᠦᠢᠯ ᠤᠨ ᠦᠯᠡᠳᠡᠭᠳᠡᠯ ᠳᠤ ᠵᠠᠳᠠᠯᠤᠯᠲᠠ ᠬᠢᠬᠦ ᠶᠠᠪᠤᠳᠠᠯ ᠪᠣᠯᠣᠨ᠎ᠠ᠂ ᠲᠡᠭᠡᠭᠡᠳ | ᠨᠡᠯᠢᠶᠡᠳ ᠲᠣᠳᠣᠷᠬᠠᠢ ᠴᠠᠭ ᠤᠨ ᠲᠡᠩᠭᠡᠯᠢᠭ ᠲᠠᠢ ᠪᠣᠯᠵᠤ᠂ ᠮᠠᠯᠲᠠᠵᠤ ᠭᠠᠷᠭᠠᠭᠰᠠᠨ ᠸᠠᠭᠠᠷ ᠰᠠᠪᠠ᠂ ᠶᠠᠰᠤᠨ ᠬᠡᠷᠡᠭᠰᠡᠯ᠂ ᠴᠢᠯᠠᠭᠤᠨ ᠵᠡᠪᠰᠡᠭ ᠵᠡᠷᠭᠡ ᠠᠴᠠ ᠨᠢ | ᠦᠵᠡᠪᠡᠯ᠂ ᠣᠨ ᠵᠢᠯ ᠨᠢ ᠤᠮᠠᠷᠠᠲᠤ ᠸᠧᠢ ᠤᠯᠤᠰ ᠪᠠ ᠤᠮᠠᠷᠠᠲᠤ ᠴᠢ ᠤᠯᠤᠰ ᠤᠨ ᠦᠶ᠎ᠡ ᠳᠤ ᠲᠥᠪᠯᠡᠷᠡᠵᠦ ᠪᠠᠶᠢᠪᠠ᠃︽ᠣᠳᠣᠬᠠᠨ ᠳᠤ ᠪᠢᠳᠡ ᠶᠠᠭ ᠦᠴᠦᠸᠠᠨ | ᠰᠢᠶᠠᠨ ᠤ ᠲᠡᠦᠬᠡ ᠶᠢᠨ ᠳᠤᠷᠠᠰᠬᠠᠯᠲᠤ ᠵᠦᠢᠯ ᠢ ᠬᠠᠮᠠᠭᠠᠯᠠᠬᠤ ᠲᠥᠪ ᠲᠠᠢ ᠬᠠᠮᠲᠤ ᠡᠨᠡ ᠬᠡᠳᠦᠨ ᠵᠢᠯ ᠤᠨ ᠮᠠᠯᠲᠠᠵᠤ ᠠᠭᠤᠳᠠᠯᠤᠭᠰᠠᠨ ᠦᠷ᠎ᠡ ᠪᠦᠲᠦᠭᠡᠯ ᠤᠨ | ᠲᠤᠬᠠᠢ ᠡᠮᠬᠢᠯᠡᠬᠦ ᠠᠵᠢᠯ ᠢ ᠬᠢᠵᠦ ᠪᠠᠶᠢᠨ᠎ᠠ︾ᠭᠡᠵᠦ 4 ᠤᠳᠠᠭ᠎ᠠ ᠮᠠᠯᠲᠠᠵᠤ ᠠᠭᠤᠳᠠᠯᠬᠤ ᠠᠵᠢᠯ ᠳᠤ ᠤᠷᠤᠯᠴᠠᠬᠰᠠᠨ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ ᠰᠤᠳᠤᠯᠤᠯ ᠤᠨ ᠬᠦᠷᠢᠶᠡᠯᠡᠩ ᠤᠨ ᠠᠵᠢᠯᠲᠠᠨ ᠰᠢᠶᠠ ᠶᠤᠸᠠᠢ ᠱᠧᠩ ᠬᠡᠯᠡᠪᠡ᠃ | | | | | ᠤᠩᠭᠤᠨ ᠳᠠᠪᠠᠭᠠᠨ ᠣᠷᠣᠢ ᠶᠢᠨ ᠪᠠᠭᠤᠷᠢ ᠶᠢᠨ ᠮᠠᠨᠳᠠᠯ ᠳᠤ ᠭᠠᠷᠬᠤ ᠱᠠᠲᠤ | | ᠣᠶᠢᠯᠠᠭᠠᠭᠰᠠᠨ ᠢᠶᠠᠷ᠂ ᠤᠩᠭᠤᠨ ᠳᠠᠪᠠᠭᠠᠨ ᠣᠷᠣᠢ ᠶᠢᠨ ᠪᠠᠭᠤᠷᠢ ᠶᠢᠨ ᠲᠠᠷᠬᠠᠯᠲᠠ ᠶᠢᠨ ᠲᠠᠯᠠᠪᠠᠶ ᠨᠢ ᠪᠠᠷᠤᠭ 10000 ᠲᠡᠭᠰᠢ ᠳᠥᠷᠪᠡᠯᠵᠢᠨ ᠮᠧᠲᠷ | ᠪᠠᠶᠢᠨ᠎ᠠ᠃ 2019 ᠣᠨ - 2022 ᠣᠨ ᠤ ᠬᠠᠭᠤᠴᠢ ᠰᠤᠳᠤᠯᠤᠯ ᠤᠨ ᠠᠭᠤᠳᠠᠯᠤᠯᠲᠠ ᠪᠠᠷ ᠳᠡᠮᠵᠢᠨ᠂ ᠢᠯᠡᠷᠡᠭᠦᠯᠦᠭᠰᠡᠨ ᠲᠠᠯᠠᠪᠠᠶ ᠨᠢ 2000 ᠭᠠᠷᠤᠢ | ᠲᠡᠭᠰᠢ ᠳᠥᠷᠪᠡᠯᠵᠢᠨ ᠮᠧᠲᠷ ᠲᠤ ᠬᠦᠷᠴᠦ᠂ ᠪᠠᠭᠤᠷᠢ ᠶᠢᠨ ᠭᠡᠯᠪᠡᠷᠢ ᠪᠦᠲᠦᠴᠡ ᠶᠢ ᠲᠣᠭᠲᠠᠭᠠᠨ᠂ ᠳᠣᠲᠣᠷ᠎ᠠ ᠠᠴᠠ ᠭᠠᠳᠠᠭᠰᠢ ᠮᠠᠨᠳᠠᠯ᠂ ᠳᠣᠲᠣᠷ᠎ᠠ ᠭᠤᠤ᠂ | ᠳᠣᠲᠣᠷ᠎ᠠ ᠬᠡᠷᠡᠮ᠂ ᠭᠠᠳᠠᠨ᠎ᠠ ᠬᠡᠷᠡᠮ᠂ ᠭᠠᠳᠠᠨ᠎ᠠ ᠭᠤᠤ ᠵᠡᠷᠭᠡ 5 ᠬᠡᠰᠡᠭ ᠢᠶᠠᠷ ᠪᠦᠷᠢᠯᠳᠦᠵᠦ᠂ ᠶᠡᠷᠦᠩᠬᠡᠢ ᠳ᠋ᠢᠶᠠᠮᠧᠲᠷ ᠨᠢ 100 ᠮᠧᠲᠷ ᠰᠢᠬᠠᠮ ᠪᠠᠶᠢᠵᠤ᠂ | ᠮᠠᠯᠲᠠᠵᠤ ᠭᠠᠷᠭᠠᠭᠰᠠᠨ ᠦᠯᠡᠳᠡᠭᠳᠡᠯ ᠪᠣᠳᠠᠰ ᠢ ᠤᠮᠠᠷᠠᠲᠤ ᠸᠧᠢ ᠤᠯᠤᠰ ᠤᠨ ᠲᠠᠭᠢᠯᠭ᠎ᠠ ᠶᠢᠨ ᠦᠯᠡᠳᠡᠭᠳᠡᠯ᠂ ᠤᠮᠠᠷᠠᠲᠤ ᠴᠢ ᠤᠯᠤᠰ ᠤᠨ ᠴᠡᠷᠢᠭ ᠤᠨ | ᠶᠠᠪᠤᠳᠠᠯ ᠤᠨ ᠦᠯᠡᠳᠡᠭᠳᠡᠯ ᠭᠡᠵᠦ ᠬᠤᠶᠠᠷ ᠬᠤᠭᠤᠴᠠᠭ᠎ᠠ ᠬᠤᠪᠢᠶᠠᠵᠤ ᠪᠣᠯᠣᠨ᠎ᠠ᠃ | ᠪᠠᠭᠤᠷᠢ ᠶᠢᠨ ᠳᠤᠮᠳᠠ ᠬᠡᠰᠡᠭ ᠨᠢ ᠨᠢᠭᠡ ᠲᠣᠭᠤᠷᠢᠭ ᠭᠡᠯᠪᠡᠷᠢ ᠲᠠᠢ ᠮᠠᠨᠳᠠᠯ ᠪᠣᠯᠣᠨ᠎ᠠ᠂ ᠭᠠᠳᠠᠨ᠎ᠠ ᠭᠦᠪᠡᠭᠡ ᠨᠢ ᠬᠠᠩᠳᠠᠭᠰᠠᠨ ᠰᠢᠷᠣᠢ ᠶᠢᠨ ᠬᠡᠷᠡᠮ | ᠪᠠᠶᠢᠵᠤ᠂ ᠳᠣᠲᠣᠷ᠎ᠠ ᠲᠠᠯ᠎ᠠ ᠶᠢ ᠨᠢ ᠰᠢᠷᠣᠢ ᠪᠠᠷ ᠳᠦᠭᠦᠷᠭᠡᠭᠡᠳ᠂ ᠲᠠᠪᠴᠠᠩ ᠮᠠᠶ᠋ᠢᠭ ᠤᠨ ᠲᠣᠭᠤᠷᠢᠭ ᠮᠠᠨᠳᠠᠯ ᠢ ᠴᠣᠭᠴᠠᠯᠠᠨ᠂ ᠮᠠᠨᠳᠠᠯ ᠤᠨ ᠭᠠᠳᠠᠭᠤᠷ ᠨᠢ | ᠮᠠᠨᠳᠠᠯ ᠳᠤ ᠭᠠᠷᠬᠤ ᠱᠠᠲᠤ ᠪᠠᠷ ᠬᠦᠷᠢᠶᠡᠯᠡᠵᠡᠢ᠃ ᠮᠠᠨᠳᠠᠯ ᠢ ᠲᠡᠭᠰᠢ ᠭᠠᠵᠠᠷ ᠠᠴᠠ ᠡᠬᠢᠯᠡᠨ ᠪᠠᠶᠢᠭᠤᠯᠵᠤ᠂ ᠳᠣᠣᠷ᠎ᠠ ᠠᠴᠠ ᠳᠡᠭᠡᠭᠰᠢ ᠪᠠᠨ ᠠᠭᠠᠵᠢᠮ ᠢᠶᠠᠷ ᠵᠢᠰᠢᠭᠦᠦ | ᠪᠣᠯᠵᠤ᠂ ᠣᠭᠲᠣᠯᠣᠭᠠᠰᠤ ᠨᠢ ᠱᠠᠲᠤᠯᠵᠢᠨ ᠭᠡᠯᠪᠡᠷᠢ ᠲᠠᠢ᠂ ᠰᠠᠭᠤᠷᠢ ᠬᠡᠰᠡᠭ ᠤᠨ ᠳ᠋ᠢᠶᠠᠮᠧᠲᠷ ᠨᠢ ᠪᠠᠷᠤᠭ 34.5 ᠮᠧᠲᠷ᠂ ᠣᠷᠣᠢ ᠶᠢᠨ ᠬᠡᠰᠡᠭ ᠤᠨ ᠳ᠋ᠢᠶᠠᠮᠧᠲᠷ ᠨᠢ | ᠪᠠᠷᠤᠭ 23.5 ᠮᠧᠲᠷ᠂ ᠦᠯᠡᠳᠡᠭᠳᠡᠯ ᠤᠨ ᠥᠨᠳᠥᠷ ᠨᠢ 2.9 - 4.4 ᠮᠧᠲᠷ ᠪᠤᠢ᠃ ᠬᠠᠩᠳᠠᠭᠰᠠᠨ ᠰᠢᠷᠣᠢ ᠶᠢᠨ ᠲᠠᠪᠴᠠᠩ ᠤᠨ ᠭᠠᠳᠠᠨ᠎ᠠ ᠲᠠᠯ᠎ᠠ ᠪᠠᠷ ᠨᠢ | ᠲᠣᠭᠤᠷᠢᠭᠠᠳ ᠱᠠᠲᠤ ᠲᠠᠢ᠂ ᠳᠡᠭᠡᠷ᠎ᠡ ᠳᠣᠣᠷ᠎ᠠ ᠨᠡᠶᠢᠲᠡ 13 ᠱᠠᠲᠤ ᠲᠠᠢ᠂ ᠱᠠᠲᠤ ᠪᠦᠷᠢ ᠶᠢᠨ ᠥᠨᠳᠥᠷ ᠨᠢ ᠪᠠᠷᠤᠭ 30 ᠰᠠᠨᠲ᠋ᠢᠮᠧᠲᠷ᠂ ᠥᠷᠭᠡᠨ ᠨᠢ ᠪᠠᠷᠤᠭ | 40 ᠰᠠᠨᠲ᠋ᠢᠮᠧᠲᠷ ᠪᠠᠶᠢᠳᠠᠭ᠃ ᠤᠮᠠᠷᠠᠲᠤ ᠴᠢ ᠤᠯᠤᠰ ᠤᠨ ᠦᠶ᠎ᠡ ᠳᠤ ᠮᠠᠨᠳᠠᠯ ᠢ ᠥᠭᠡᠷᠡᠴᠢᠯᠡᠨ ᠪᠠᠶᠢᠭᠤᠯᠬᠤ ᠳᠠᠭᠠᠨ ᠳᠣᠲᠣᠷ᠎ᠠ ᠶᠢ ᠨᠢ ᠬᠤᠭᠤᠰᠤᠯᠠᠭᠠᠳ᠂ | ᠵᠡᠭᠦᠨ ᠡᠮᠦᠨ᠎ᠡ ᠨᠢ ᠬᠠᠭᠠᠯᠭ᠎ᠠ ᠭᠠᠷᠭᠠᠨ᠂ ᠴᠡᠷᠢᠭ ᠤᠨ ᠪᠠᠬᠢᠯᠡᠯᠲᠡ ᠪᠣᠯᠭᠠᠵᠠᠢ᠃ ᠮᠠᠨᠳᠠᠯ ᠤᠨ ᠳᠣᠲᠣᠷᠠᠬᠢ ᠭᠡᠷ ᠲᠠᠬᠢ ᠰᠢᠷᠣᠢ ᠶᠢᠨ ᠨᠦᠬᠡ ᠪᠠ ᠭᠡᠷ ᠤᠨ ᠪᠠᠭᠤᠷᠢ | ᠳᠡᠭᠡᠷᠡᠬᠢ ᠣᠪᠣᠭᠠᠨ ᠠᠴᠠ ᠤᠮᠠᠷᠠᠲᠤ ᠴᠢ ᠤᠯᠤᠰ ᠤᠨ ᠬᠦᠷᠡᠯ ᠵᠣᠭᠤᠰ᠂ ᠸᠠᠭᠠᠷ ᠰᠠᠪᠠ ᠵᠢᠴᠢ ᠠᠷᠪᠢᠨ ᠴᠡᠷᠢᠭ ᠤᠨ ᠵᠡᠪᠰᠡᠭ᠂ ᠠᠮᠢᠳᠤᠷᠠᠯ ᠤᠨ ᠬᠡᠷᠡᠭᠰᠡᠯ | ᠵᠡᠷᠭᠡ ᠶᠢ ᠮᠠᠯᠲᠠᠵᠤ ᠢᠯᠡᠷᠡᠭᠦᠯᠦᠭᠰᠡᠨ ᠨᠢ ᠭᠡᠷ ᠪᠠᠶᠢᠰᠢᠩ ᠤᠨ ᠪᠠᠭᠤᠷᠢ ᠪᠠ ᠰᠢᠷᠣᠢ ᠶᠢᠨ ᠬᠤᠲᠣᠭᠤᠷ ᠨᠢ ᠪᠦᠷ ᠤᠮᠠᠷᠠᠲᠤ ᠴᠢ ᠤᠯᠤᠰ ᠤᠨ ᠦᠯᠡᠳᠡᠭᠳᠡᠯ | ᠪᠤᠯᠬᠤ ᠶᠢ ᠬᠠᠷᠠᠭᠤᠯᠵᠤ ᠪᠠᠶᠢᠨ᠎ᠠ᠃ ᠮᠠᠨᠳᠠᠯ ᠤᠨ ᠭᠠᠳᠠᠭᠤᠷ ᠳᠣᠲᠣᠷ᠎ᠠ᠂ ᠭᠠᠳᠠᠨ᠎ᠠ ᠬᠤᠶᠠᠷ ᠲᠣᠭᠤᠷᠢᠯ ᠭᠤᠤ ᠲᠠᠢ᠂ ᠳᠣᠲᠣᠷ᠎ᠠ ᠭᠤᠤ ᠶᠢᠨ ᠢᠷᠤᠭᠠᠷ ᠠᠴᠠ ᠮᠣᠷᠢ | ᠪᠠ ᠬᠤᠨᠢᠨ ᠤ ᠶᠠᠰᠤ ᠣᠯᠳᠠᠵᠠᠢ᠃ ᠳᠣᠲᠣᠷ᠎ᠠ ᠭᠤᠤ᠂ ᠭᠠᠳᠠᠨ᠎ᠠ ᠭᠤᠤ ᠶᠢᠨ ᠬᠤᠭᠤᠷᠣᠨᠳᠤ ᠨᠢ ᠳᠣᠲᠣᠷ᠎ᠠ ᠬᠡᠷᠡᠮ᠂ ᠭᠠᠳᠠᠨ᠎ᠠ ᠬᠡᠷᠡᠮ ᠲᠠᠢ᠂ ᠳᠠᠷᠤᠢ ᠬᠠᠭᠠᠨ ᠲᠡᠭᠷᠢ | ᠲᠠᠭᠢᠬᠤ ᠳᠤ ᠪᠢᠴᠢᠭ ᠴᠡᠷᠢᠭ ᠤᠨ ᠨᠣᠶᠠᠳ ᠲᠦᠰᠢᠮᠡᠳ ᠪᠠᠷ᠎ᠠ ᠪᠣᠯᠵᠤ ᠵᠣᠬᠰᠣᠬᠤ ᠲᠠᠪᠴᠠᠩ ᠪᠣᠯᠣᠨ᠎ᠠ᠃ ᠲᠤᠰ ᠪᠠᠭᠤᠷᠢ ᠬᠠᠨ ᠤᠯᠤᠰ ᠸᠧᠢ ᠤᠯᠤᠰ ᠠᠴᠠ | ᠨᠠᠭᠠᠰᠢᠬᠢ ᠶᠣᠰᠣᠯᠠᠯ ᠳᠦᠷᠢᠮ ᠤᠨ ᠪᠠᠷᠢᠯᠭ᠎ᠠ ᠶᠢᠨ ᠣᠨᠴᠠᠯᠢᠭ ᠢ ᠠᠭᠤᠰᠬᠠᠨ᠂ ᠢᠯᠡᠷᠬᠡᠢ ᠳᠠᠭᠢᠯᠭ᠎ᠠ ᠶᠢᠨ ᠦᠢᠯᠡᠳᠦᠯ ᠲᠠᠢ ᠪᠠᠶᠢᠬᠤ ᠶᠢ ᠬᠠᠷᠠᠭᠤᠯᠵᠠᠢ᠃ | | | | ᠤᠩᠭᠤᠨ ᠳᠠᠪᠠᠭᠠᠨ ᠣᠷᠣᠢ ᠶᠢᠨ ᠪᠠᠭᠤᠷᠢ ᠠᠴᠠ ᠣᠯᠳᠠᠭᠰᠠᠨ ᠸᠠᠭᠠᠷ ᠰᠠᠪᠠ | | ᠭᠦᠭᠡᠬᠤᠲᠠ ᠶᠢᠨ ᠲᠡᠦᠬᠡ ᠶᠢᠨ ᠳᠤᠷᠠᠰᠬᠠᠯᠲᠤ ᠵᠦᠢᠯ ᠢ ᠬᠠᠮᠠᠭᠠᠯᠠᠬᠤ ᠪᠠ ᠬᠠᠭᠤᠴᠢ ᠰᠤᠳᠤᠯᠤᠯ ᠤᠨ ᠲᠥᠪ ᠤᠨ ᠠᠵᠢᠯᠲᠠᠨ ᠳ᠋ᠦᠩ ᠰᠠᠷᠠᠨ᠎ᠠ 2021 | ᠣᠨ ᠪᠠ 2022 ᠣᠨ ᠳᠤ 2 ᠤᠳᠠᠭᠠᠨ ᠤ ᠮᠠᠯᠲᠠᠵᠤ ᠠᠭᠤᠳᠠᠯᠬᠤ ᠠᠵᠢᠯ ᠳᠤ ᠣᠷᠣᠯᠴᠠᠪᠠ᠂ ᠲᠡᠭᠦᠨ ᠤ ᠦᠵᠡᠬᠦ ᠪᠠᠷ᠂︽ᠤᠩᠭᠤᠨ ᠳᠠᠪᠠᠭᠠᠨ ᠣᠷᠣᠢ ᠶᠢᠨ | ᠪᠠᠭᠤᠷᠢ ᠪᠣᠯ ᠡᠨᠡ ᠬᠦ ᠬᠤᠭᠤᠴᠠᠭᠠᠨ ᠤ ᠭᠡᠯᠪᠡᠷᠢ ᠪᠦᠲᠦᠴᠡ ᠨᠢ ᠲᠣᠳᠣᠷᠬᠠᠢ᠂ ᠴᠣᠭᠴᠠ ᠨᠢ ᠨᠡᠯᠢᠶᠡᠳ ᠶᠡᠭᠡ᠂ ᠨᠡᠯᠢᠶᠡᠳ ᠰᠠᠶᠢᠨ ᠬᠠᠳᠠᠭᠠᠯᠠᠭᠳᠠᠵᠤ ᠪᠠᠶᠢᠭ᠎ᠠ | ᠲᠠᠭᠢᠯᠭ᠎ᠠ ᠶᠢᠨ ᠪᠠᠷᠢᠯᠭ᠎ᠠ ᠶᠢᠨ ᠦᠯᠡᠳᠡᠭᠳᠡᠯ ᠪᠠᠭᠤᠷᠢ ᠪᠣᠯᠣᠨ᠎ᠠ᠂ ᠲᠡᠭᠦᠨ ᠤ ᠭᠡᠯᠪᠡᠷᠢ ᠪᠦᠲᠦᠴᠡ ᠨᠢ ᠳᠤᠮᠳᠠᠳᠤ ᠤᠯᠤᠰ ᠤᠨ ᠤᠯᠠᠮᠵᠢᠯᠠᠯᠲᠤ ᠲᠠᠭᠢᠯᠭ᠎ᠠ ᠶᠢᠨ | ᠶᠣᠰᠣ ᠳᠦᠷᠢᠮ ᠤᠨ ᠪᠠᠷᠢᠯᠭ᠎ᠠ ᠲᠠᠢ ᠤᠯᠠᠮᠵᠢᠯᠠᠯ ᠨᠢᠭᠡᠲᠡᠢ︾ ᠭᠡᠪᠡ᠃ | ︽ᠬᠡᠳᠦᠶᠢᠪᠡᠷ ᠲᠡᠦᠬᠡᠨ ᠪᠢᠴᠢᠭ ᠳᠡᠭᠡᠷ᠎ᠡ ᠤᠮᠠᠷᠠᠲᠤ ᠸᠧᠢ ᠤᠯᠤᠰ ᠤᠨ ᠬᠠᠭᠠᠨ ᠤ ᠤᠭᠰᠠᠭᠠᠨ ᠤ ᠲᠡᠭᠷᠢ ᠲᠠᠭᠢᠬᠤ ᠲᠤᠬᠠᠢ ᠲᠡᠮᠳᠡᠭᠯᠡᠯ ᠠᠷᠪᠢᠨ ᠪᠠᠶᠢᠪᠠᠴᠤ᠂ | ᠡᠨᠡ ᠤᠳᠠᠭᠠᠨ ᠤ ᠠᠭᠤᠳᠠᠯᠤᠯᠲᠠ ᠠᠴᠠ ᠡᠮᠦᠨ᠎ᠡ ᠢᠯᠡ ᠲᠣᠳᠣᠷᠬᠠᠢ ᠤᠮᠠᠷᠠᠲᠤ ᠸᠧᠢ ᠤᠯᠤᠰ ᠤᠨ ᠬᠠᠭᠠᠨ ᠤ ᠤᠭᠰᠠᠭᠠᠨ ᠤ ᠲᠡᠭᠷᠢ ᠲᠠᠭᠢᠬᠤ ᠪᠠᠷᠢᠯᠭ᠎ᠠ ᠶᠢᠨ | ᠪᠠᠭᠤᠷᠢ ᠶᠢ ᠢᠯᠡᠷᠡᠭᠦᠯᠦᠭᠰᠡᠨ ᠦᠭᠡᠢ᠃ ᠠᠳᠡᠬᠢ ᠬᠠᠭᠠᠨ ᠤ ᠤᠭᠰᠠᠭᠠᠨ ᠤ ᠲᠠᠭᠢᠯᠭ᠎ᠠ ᠶᠢᠨ ᠪᠠᠭᠤᠷᠢ ᠭᠡᠯᠪᠡᠷᠢ ᠪᠦᠲᠦᠴᠡ ᠶᠢᠨ ᠲᠠᠯ᠎ᠠ ᠪᠠᠷ ᠵᠦᠩᠶᠤᠸᠠᠨ | ᠣᠷᠣᠨ ᠤ ᠸᠠᠩᠲᠤ ᠲᠥᠷᠥ ᠶᠢᠨ ᠲᠠᠭᠢᠯᠭ᠎ᠠ ᠶᠢᠨ ᠶᠣᠰᠣᠯᠠᠯ ᠳᠦᠷᠢᠮ ᠪᠠ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠤ ᠲᠠᠭᠢᠯᠭ᠎ᠠ ᠶᠢᠨ ᠤᠯᠠᠮᠵᠢᠯᠠᠯ ᠢ | ᠤᠶᠠᠯᠳᠤᠭᠤᠯᠵᠤ᠂ ᠣᠨ ᠵᠢᠯ ᠨᠢ ᠰᠢ ᠠᠨ ᠤ ᠰᠦᠢ ᠲᠠᠩ ᠤᠨ ᠦᠶ᠎ᠡ ᠶᠢᠨ ᠶᠤᠸᠠᠨ ᠴᠢᠦ ᠪᠠ ᠪᠡᠭᠡᠵᠢᠩ ᠤᠨ ᠮᠢᠩ ᠴᠢᠩ ᠤᠨ ᠦᠶ᠎ᠡ ᠶᠢᠨ ᠲᠢᠶᠠᠨ ᠲᠠᠨ ᠠᠴᠠ | ᠡᠷᠲᠡ ᠪᠠᠶᠢᠵᠤ᠂ ᠮᠠᠨ ᠤ ᠤᠯᠤᠰ ᠤᠨ ᠡᠷᠲᠡᠨ ᠤ ᠬᠠᠭᠠᠨ ᠤ ᠤᠭᠰᠠᠭᠠᠨ ᠤ ᠲᠡᠭᠷᠢ ᠲᠠᠭᠢᠯᠭ᠎ᠠ ᠶᠢᠨ ᠬᠥᠭᠵᠢᠯᠲᠡ ᠶᠢᠨ ᠲᠡᠦᠬᠡ᠂ ᠤᠮᠠᠷᠠᠲᠤ ᠸᠧᠢ ᠤᠯᠤᠰ ᠤᠨ | ᠲᠡᠭᠷᠢ ᠲᠠᠭᠢᠬᠤ ᠶᠣᠰᠣᠯᠠᠯ ᠤᠨ ᠳᠦᠷᠢᠮ ᠢ ᠰᠤᠳᠤᠯᠬᠤ ᠳᠤ ᠬᠤᠪᠣᠷ ᠨᠠᠨᠳᠢᠨ ᠪᠣᠳᠠᠲᠤ ᠭᠡᠷᠡᠴᠢ ᠬᠠᠩᠭᠠᠵᠠᠢ︾ᠭᠡᠵᠦ ᠵᠠᠩ ᠸᠧᠨ ᠫᠢᠩ ᠬᠡᠯᠡᠪᠡ᠃ | | | ᠡᠯ᠎ᠡ ᠦᠨᠳᠦᠰᠦᠲᠡᠨ ᠤ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠢ ᠭᠡᠷᠡᠴᠢᠯᠡᠪᠡ | ᠤᠩᠭᠤᠨ ᠳᠠᠪᠠᠭᠠᠨ ᠣᠷᠣᠢ ᠶᠢᠨ ᠪᠠᠭᠤᠷᠢ ᠶᠢᠨ ᠣᠷᠣᠰᠢᠵᠤ ᠪᠠᠶᠢᠭ᠎ᠠ ᠮᠤᠨᠢ ᠠᠭᠤᠯᠠ ᠨᠢᠷᠤᠭᠤ ᠪᠣᠯ ᠡᠷᠲᠡᠨ ᠠᠴᠠ ᠠᠪᠤᠭᠠᠳ ᠲᠠᠷᠢᠶᠠᠯᠠᠬᠤ ᠣᠷᠣᠨ | ᠪᠠ ᠨᠡᠭᠦᠳᠡᠯ ᠮᠠᠯᠵᠢᠯ ᠤᠨ ᠣᠷᠣᠨ ᠤ ᠴᠢᠬᠤᠯᠠ ᠵᠠᠭᠠᠭ ᠱᠤᠭᠤᠮ ᠪᠣᠯᠣᠨ᠎ᠠ᠃ ᠪᠠᠶᠢᠯᠳᠤᠭᠠᠨᠲᠤ ᠤᠯᠤᠰ ᠴᠢᠨ ᠬᠠᠨ ᠤ ᠦᠶ᠎ᠡ ᠳᠤ ᠮᠤᠨᠢ ᠠᠭᠤᠯᠠ | ᠨᠢᠷᠤᠭᠤ ᠶᠢ ᠲᠠᠭᠠᠨ ᠣᠷᠳᠣ ᠴᠠᠭᠠᠨ ᠬᠡᠷᠡᠮ ᠪᠠᠶᠢᠭᠤᠯᠵᠤ᠂ ᠣᠷᠳᠣ ᠴᠠᠭᠠᠨ ᠬᠡᠷᠡᠮ ᠠᠴᠠ ᠡᠮᠦᠨᠡᠰᠢ ᠭᠤᠣᠯᠳᠠᠭᠤ ᠲᠠᠷᠢᠶᠠᠯᠠᠬᠤ ᠦᠨᠳᠦᠰᠦᠲᠡᠨ ᠠᠮᠢᠳᠤᠷᠠᠵᠤ᠂ | ᠣᠷᠳᠣ ᠴᠠᠭᠠᠨ ᠬᠡᠷᠡᠮ ᠠᠴᠠ ᠬᠤᠶᠢᠰᠢ ᠭᠤᠣᠯᠳᠠᠭᠤ ᠨᠡᠭᠦᠳᠡᠯᠯᠡᠨ ᠮᠠᠯᠵᠢᠬᠤ ᠦᠨᠳᠦᠰᠦᠲᠡᠨ ᠠᠮᠢᠳᠤᠷᠠᠵᠤ ᠪᠠᠶᠢᠪᠠ᠃ | ᠤᠮᠠᠷᠠᠲᠤ ᠸᠧᠢ ᠤᠯᠤᠰ︵ᠨᠡᠶᠢᠲᠡ ᠶᠢᠨ ᠣᠨ ᠲᠣᠭᠠᠯᠠᠯ ᠤᠨ 386 ᠣᠨ - ᠨᠡᠶᠢᠲᠡ ᠶᠢᠨ ᠣᠨ ᠲᠣᠭᠠᠯᠠᠯ ᠤᠨ 534 ᠣᠨ ) ᠣᠷᠳᠣ ᠴᠠᠭᠠᠨ ᠬᠡᠷᠡᠮ | ᠪᠠᠶᠢᠭᠤᠯᠤᠭᠰᠠᠨ ᠦᠭᠡᠢ᠂ ᠬᠠᠷᠢᠨ ᠮᠤᠨᠢ ᠠᠭᠤᠯᠠ ᠶᠢᠨ ᠣᠷᠣᠢ ᠳᠤ ᠲᠣᠮᠣ ᠭᠡᠯᠪᠡᠷᠢ ᠶᠢᠨ ᠲᠠᠭᠢᠯᠭ᠎ᠠ ᠶᠢᠨ ᠪᠠᠷᠢᠯᠭ᠎ᠠ ᠪᠠᠷᠢᠵᠤ᠂ ᠵᠦᠩᠶᠤᠸᠠᠨ ᠣᠷᠣᠨ ᠤ | ᠤᠯᠠᠮᠵᠢᠯᠠᠯᠲᠤ ᠶᠣᠰᠣ ᠳᠦᠷᠢᠮ ᠤᠨ ᠪᠠᠷᠢᠯᠭ᠎ᠠ ᠶᠢᠨ ᠭᠡᠯᠪᠡᠷᠢ ᠪᠦᠲᠦᠴᠡ ᠶᠢ ᠬᠡᠷᠡᠭᠯᠡᠭᠰᠡᠨ ᠪᠥᠭᠡᠳ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠤ ᠠᠭᠤᠯᠠ | ᠲᠠᠭᠢᠬᠤ ᠶᠣᠰᠣᠯᠠᠯ ᠤᠨ ᠣᠨᠴᠠᠯᠢᠭ ᠲᠠᠢ ᠪᠠᠶᠢᠵᠤ᠂ ᠳᠤᠮᠳᠠᠳᠤ ᠤᠯᠤᠰ ᠤᠨ ᠡᠷᠲᠡᠨ ᠤ ᠨᠡᠭᠦᠳᠡᠯᠴᠢᠨ ᠦᠨᠳᠦᠰᠦᠲᠡᠨ ᠬᠢᠭᠡᠳ ᠲᠠᠷᠢᠶᠠᠯᠠᠬᠤ ᠦᠨᠳᠦᠰᠦᠲᠡᠨ ᠤ | ᠬᠤᠭᠤᠷᠣᠨᠳᠣᠭᠢ ᠰᠣᠶᠣᠯ ᠤᠨ ᠰᠣᠯᠢᠯᠴᠠᠭ᠎ᠠ ᠬᠢᠭᠡᠳ ᠠᠭᠤᠰᠤᠯᠴᠠᠯ ᠤᠨ ᠠᠮᠢᠳᠤᠯᠢᠭ ᠪᠣᠳᠠᠰ ᠤᠨ ᠭᠡᠷᠡᠴᠢ ᠪᠣᠯᠵᠠᠢ᠃ | ᠵᠠᠷᠢᠮ ᠡᠷᠳᠡᠮᠲᠡᠨ ᠮᠡᠷᠭᠡᠵᠢᠯᠲᠡᠨ ᠤ ᠦᠵᠡᠬᠦ ᠪᠠᠷ᠂ ᠲᠠᠭᠢᠯᠭ᠎ᠠ ᠶᠢᠨ ᠰᠣᠶᠣᠯ ᠪᠣᠯ ᠳᠤᠮᠳᠠᠳᠤ ᠶᠢᠨ ᠦᠨᠳᠦᠰᠦᠲᠡᠨ ᠤ ᠤᠯᠠᠮᠵᠢᠯᠠᠯᠲᠤ ᠰᠣᠶᠣᠯ ᠤᠨ | ᠴᠢᠬᠤᠯᠠ ᠪᠦᠷᠢᠯᠳᠦᠭᠦᠨ ᠬᠡᠰᠡᠭ ᠮᠥᠨ᠂ ᠴᠢᠨ ᠬᠠᠨ ᠤᠯᠤᠰ ᠵᠢᠴᠢ ᠲᠠᠩ ᠰᠦᠩ ᠶᠤᠸᠠᠨ ᠮᠢᠩ ᠴᠢᠩ ᠤᠯᠤᠰ ᠤᠨ ᠦᠶ᠎ᠡ ᠳᠤ ᠪᠦᠷ ᠤᠯᠤᠰ ᠤᠨ ᠴᠢᠨᠠᠷᠲᠠᠢ | ᠲᠠᠭᠢᠯᠭ᠎ᠠ ᠶᠢᠨ ᠲᠠᠪᠴᠠᠩ ᠪᠠ ᠲᠠᠭᠢᠯᠭ᠎ᠠ ᠶᠢᠨ ᠠᠵᠢᠯᠯᠠᠭ᠎ᠠ ᠲᠠᠢ ᠪᠠᠶᠢᠵᠠᠢ᠃ ᠤᠩᠭᠤᠨ ᠳᠠᠪᠠᠭᠠᠨ ᠣᠷᠣᠢ ᠶᠢᠨ ᠪᠠᠭᠤᠷᠢ ᠶᠢ ᠢᠯᠡᠷᠡᠭᠦᠯᠦᠭᠰᠡᠨ ᠨᠢ ᠤᠷᠤᠭᠰᠢ | ᠪᠠᠨ ᠴᠢᠨ ᠬᠠᠨ ᠤᠯᠤᠰ ᠤᠨ ᠬᠢ ᠶᠢ ᠤᠯᠠᠮᠵᠢᠯᠠᠵᠤ᠂ ᠬᠤᠶᠢᠰᠢ ᠲᠠᠩ ᠰᠦᠩ ᠶᠤᠸᠠᠨ ᠮᠢᠩ ᠴᠢᠩ ᠤᠯᠤᠰ ᠵᠠᠯᠭᠠᠮᠵᠢᠯᠠᠵᠤ᠂ ᠥᠩᠭᠡᠷᠡᠭᠰᠡᠨ ᠤ ᠲᠡᠦᠬᠡ ᠶᠢᠨ | ᠬᠤᠭᠤᠰᠤᠨ ᠢ ᠨᠥᠬᠦᠪᠦᠷᠢᠯᠡᠪᠡ᠃ ᠳᠤᠮᠳᠠᠳᠤ ᠤᠯᠤᠰ ᠤᠨ ᠡᠷᠲᠡᠨ ᠤ ᠬᠠᠭᠠᠨ ᠤ ᠤᠭᠰᠠᠭᠠᠨ ᠤ ᠲᠡᠭᠷᠢ ᠲᠠᠭᠢᠯᠭ᠎ᠠ ᠶᠢᠨ ᠦᠯᠡᠳᠡᠭᠳᠡᠯ ᠤᠨ ᠬᠥᠭᠵᠢᠯᠲᠡ ᠶᠢᠨ | ᠲᠡᠦᠬᠡ ᠠᠴᠠ ᠦᠵᠡᠪᠡᠯ᠂ ᠣᠳᠣᠬᠠᠨ ᠳᠤ ᠢᠯᠡᠷᠡᠭᠦᠯᠦᠭᠰᠡᠨ ᠴᠠᠭ ᠦᠶ᠎ᠡ ᠨᠢ ᠨᠡᠯᠢᠶᠡᠳ ᠡᠷᠲᠡᠨ ᠤ ᠬᠢ ᠪᠣᠯ ᠱᠠᠨᠰᠢ ᠮᠤᠵᠢ ᠶᠢᠨ ᠪᠤᠤᠵᠢ ᠬᠤᠲᠠ ᠶᠢᠨ | ᠹᠧᠩᠰᠢᠶᠠᠩ ᠰᠢᠶᠠᠨ ᠤ ᠰᠢᠤᠸᠠᠢ ᡂᠢ ᠶᠢᠨ ᠪᠠᠭᠤᠷᠢ ︵ᠪᠠᠶᠢᠯᠳᠤᠭᠠᠨᠲᠤ ᠤᠯᠤᠰ ᠴᠢᠨ ᠬᠠᠨ ᠤ ᠦᠶ᠎ᠡ ᠶᠢᠨ ᠶᠦᠩ ᡁᠢ︶᠂ ᠱᠠᠨᠰᠢ ᠮᠤᠵᠢ ᠶᠢᠨ ᠰᠢ ᠠᠨ | ᠬᠤᠲᠠ ᠶᠢᠨ ᠰᠦᠢ ᠳᠠᠩ ᠤᠨ ᠦᠶ᠎ᠡ ᠶᠢᠨ ᠶᠤᠸᠠᠨ ᠴᠢᠦ᠂ ᠪᠡᠭᠡᠵᠢᠩ ᠬᠤᠲᠠ ᠶᠢᠨ ᠮᠢᠩ ᠴᠢᠩ ᠤᠨ ᠦᠶ᠎ᠡ ᠶᠢᠨ ᠲᠢᠶᠠᠨ ᠲᠠᠨ ᠪᠣᠯᠣᠨ᠎ᠠ᠃ | ︽ᠤᠮᠠᠷᠠᠲᠤ ᠸᠧᠢ ᠤᠯᠤᠰ ᠪᠣᠯ ᠳᠤᠮᠳᠠᠳᠤ ᠤᠯᠤᠰ ᠤᠨ ᠲᠡᠦᠬᠡᠨ ᠳᠡᠭᠡᠷᠡᠬᠢ ᠨᠡᠯᠢᠶᠡᠳ ᠴᠢᠬᠤᠯᠠ ᠴᠠᠭ ᠦᠶ᠎ᠡ ᠪᠣᠯᠣᠨ᠎ᠠ᠃ ᠡᠨᠡ ᠬᠦ ᠬᠤᠭᠤᠴᠠᠭᠠᠨ ᠳᠤ | ᠡᠯ᠎ᠡ ᠦᠨᠳᠦᠰᠦᠲᠡᠨ ᠤ ᠶᠠᠪᠤᠯᠴᠠᠭ᠎ᠠ ᠠᠭᠤᠰᠤᠯᠴᠠᠯ ᠨᠡᠩ ᠴᠢᠩᠭᠠᠷᠠᠨ᠂ ᠰᠣᠶᠣᠯ ᠴᠤ ᠤᠷᠢᠳ ᠭᠠᠷᠤᠭ᠎ᠠ ᠦᠭᠡᠢ ᠰᠣᠯᠢᠯᠴᠠᠵᠤ ᠠᠭᠤᠰᠤᠯᠴᠠᠨ᠂ ᠰᠦᠢ ᠲᠠᠩ | ᠤᠯᠤᠰ ᠤᠨ ᠬᠦᠴᠦᠷᠬᠡᠭᠵᠢᠯ ᠳᠤ ᠰᠠᠭᠤᠷᠢ ᠲᠠᠯᠪᠢᠵᠤ ᠥᠭᠴᠡᠢ᠃ ᠳᠤᠮᠳᠠᠳᠤ ᠶᠢᠨ ᠪᠣᠯᠪᠠᠰᠤᠨ 5000 ᠵᠢᠯ ᠲᠠᠰᠤᠷᠠᠰᠢ ᠦᠭᠡᠢ ᠦᠷᠭᠦᠯᠵᠢᠯᠡᠵᠦ ᠴᠢᠳᠠᠭᠰᠠᠨ | ᠨᠢ ᠦᠶ᠎ᠡ ᠶᠢᠨ ᠦᠶ᠎ᠡ ᠳᠠᠬᠢ ᠰᠣᠶᠣᠯ ᠤᠨ ᠤᠯᠠᠮᠵᠢᠯᠠᠯ ᠬᠥᠭᠵᠢᠯᠲᠡ ᠠᠴᠠ ᠪᠣᠯᠵᠠᠢ︾ ᠭᠡᠵᠦ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ ᠰᠤᠳᠤᠯᠤᠯ ᠤᠨ ᠬᠦᠷᠢᠶᠡᠯᠡᠩ ᠤᠨ ᠰᠤᠳᠤᠯᠤᠭᠴᠢ ᠭᠧ ᡁᠢ ᠶᠦᠩ ᠬᠡᠯᠡᠪᠡ᠃ | ︽ᠤᠯᠠᠮᠵᠢᠯᠠᠯ ᠤᠨ ᠲᠠᠯ᠎ᠠ ᠪᠠᠷ᠂ ᠳᠤᠮᠳᠠᠳᠤ ᠶᠢᠨ ᠪᠣᠯᠪᠠᠰᠤᠨ ᠪᠣᠯ ᠳᠤᠮᠳᠠᠳᠤ ᠤᠯᠤᠰ ᠤᠨ ᠬᠤᠶᠠᠷ ᠭᠤᠣᠯ ᠮᠥᠷᠡᠨ ᠤ ᠰᠠᠪᠠ ᠭᠠᠵᠠᠷ ᠠᠴᠠ ᠡᠭᠦᠰᠴᠡᠢ᠂ | ᠲᠤᠬᠠᠶᠢᠯᠠᠪᠠᠯ ᠬᠠᠲᠤᠨ ᠭᠤᠣᠯ ᠤᠨ ᠰᠠᠪᠠ ᠭᠠᠵᠠᠷ ᠪᠠ ᠬᠥᠬᠡᠮᠥ᠋ᠷᠡᠨ ᠤ ᠰᠠᠪᠠ ᠭᠠᠵᠠᠷ ᠪᠣᠯᠣᠨ᠎ᠠ᠃ ᠪᠢᠳᠡ ᠬᠠᠷᠠᠭ᠎ᠠ ᠪᠠᠨ ᠥᠷᠭᠡᠳᠬᠡᠭᠡᠳ ᠪᠦᠭᠦᠶᠢᠯᠡ ᠵᠡᠭᠦᠨ | ᠠᠽᠢᠶ᠎ᠠ ᠶᠢᠨ ᠭᠠᠵᠠᠷ ᠣᠷᠣᠨ ᠠᠴᠠ ᠠᠪᠴᠤ ᠦᠵᠡᠪᠡᠯ᠂ ᠮᠤᠨᠢ ᠠᠭᠤᠯᠠ ᠨᠢᠷᠤᠭᠤ ᠲᠠᠷᠢᠶᠠᠯᠠᠬᠤ ᠣᠷᠣᠨ ᠪᠣᠯᠣᠨ ᠨᠡᠭᠦᠳᠡᠯ ᠮᠠᠯᠵᠢᠬᠤ ᠣᠷᠣᠨ ᠤ ᠵᠠᠭᠠᠭ ᠱᠤᠭᠤᠮ | ᠪᠣᠯᠤᠭᠰᠠᠨ ᠤ ᠬᠤᠪᠢ ᠳᠤ ᠬᠠᠮᠲᠤ ᠳᠤᠨᠢ ᠪᠠᠰᠠ ᠠᠭᠤᠰᠤᠯᠴᠠᠯ ᠤᠨ ᠣᠷᠣᠨ ᠪᠠᠶᠢᠵᠤ᠂ ᠪᠦᠭᠦᠶᠢᠯᠡ ᠵᠡᠭᠦᠨ ᠠᠽᠢᠶ᠎ᠠ ᠶᠢᠨ ᠭᠠᠵᠠᠷ ᠣᠷᠣᠨ ᠤ ᠲᠥᠪ ᠣᠷᠣᠨ | ᠭᠡᠵᠦ ᠦᠵᠡᠵᠦ ᠪᠣᠯᠣᠨ᠎ᠠ᠃ ᠡᠨᠡ ᠬᠦ ᠵᠡᠭᠦᠨ ᠠᠽᠢᠶ᠎ᠠ ᠶᠢᠨ ᠲᠥᠪ ᠣᠷᠣᠨ ᠳᠡᠭᠡᠷ᠎ᠡ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠵᠦᠩᠶᠤᠸᠠᠨ ᠣᠷᠣᠨ ᠤ | ᠮᠠᠶ᠋ᠢᠭ ᠤᠨ ᠲᠠᠭᠢᠯᠭ᠎ᠠ ᠶᠢᠨ ᠮᠠᠨᠳᠠᠯ ᠪᠠᠶᠢᠭᠤᠯᠵᠤ᠂ ᠮᠤᠨᠢ ᠠᠭᠤᠯᠠ ᠶᠢᠨ ᠰᠣᠶᠣᠯ ᠤᠨ ᠰᠦᠭ ᠰᠦᠨᠡᠰᠦ ᠶᠢ ᠪᠦᠷᠢᠯᠳᠦᠭᠦᠯᠵᠡᠢ᠃ ᠶᠠᠭ ᠡᠨᠡ ᠬᠦ ᠤᠳᠬ᠎ᠠ | ᠠᠭᠤᠯᠭ᠎ᠠ ᠠᠴᠠ ᠠᠪᠴᠤ ᠬᠡᠯᠡᠪᠡᠯ᠂ ᠮᠢᠨᠤ ᠦᠵᠡᠬᠦ ᠪᠠᠷ᠂ ᠤᠩᠭᠤᠨ ᠳᠠᠪᠠᠭᠠᠨ ᠣᠷᠣᠢ ᠶᠢᠨ ᠪᠠᠭᠤᠷᠢ ᠪᠣᠯ ᠮᠠᠨ ᠤ ᠤᠯᠤᠰ ᠤᠨ ᠦᠨᠳᠦᠰᠦᠲᠡᠨ ᠨᠦᠭᠦᠳ ᠤᠨ | ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠤᠨ ᠭᠡᠷᠡᠴᠢ ᠮᠥᠨ᠂ ᠲᠡᠭᠦᠨ ᠢ ᠢᠯᠡᠷᠡᠭᠦᠯᠵᠦ ᠠᠭᠤᠳᠠᠯᠬᠤ ᠨᠢ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ | ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠳᠤ ᠴᠢᠬᠤᠯᠠ ᠪᠣᠳᠠᠲᠤ ᠠᠴᠢ ᠬᠤᠯᠪᠣᠭᠳᠠᠯ ᠲᠠᠢ︾ᠭᠡᠵᠦ ᠵᠠᠩ ᠸᠧᠨ ᠫᠢᠩ ᠰᠤᠷᠪᠤᠯᠵᠢᠯᠠᠬᠴᠢ ᠳᠤ ᠶᠠᠷᠢᠵᠤ | ᠪᠠᠶᠢᠯ᠎ᠠ᠃ | ︵ᠲᠣᠰ ᠨᠢᠭᠤᠷ ᠤᠨ ᠭᠡᠷᠡᠯ ᠵᠢᠷᠤᠭ ᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯ ᠬᠠᠭᠤᠴᠢ | ᠰᠤᠳᠤᠯᠤᠯ ᠤᠨ ᠬᠦᠷᠢᠶᠡᠯᠡᠩ᠂ ᠤᠩᠭᠤᠨ ᠳᠠᠪᠠᠭᠠᠨ ᠣᠷᠣᠢ ᠶᠢᠨ ᠪᠠᠭᠤᠷᠢ ᠶᠢᠨ ᠬᠠᠭᠤᠴᠢ ᠰᠤᠳᠤᠯᠤᠯ ᠤᠨ ᠲᠥᠷᠥᠯ ᠵᠦᠢᠯ ᠤᠨ ᠳᠤᠭᠤᠶᠢᠯᠠᠩ ᠬᠠᠩᠭᠠᠪᠠ ) | |