ᠶᠠᠰᠤᠨ ᠰᠡᠶᠢᠯᠦᠮᠡᠯ ᠨᠢ ᠦᠬᠡᠷ᠂ ᠲᠡᠮᠡᠭᠡ ᠵᠡᠷᠭᠡ ᠠᠮᠢᠲᠠᠨ ᠤ ᠠᠷᠠᠭ ᠶᠠᠰᠤ ᠪᠠᠷ ᠲᠦᠭᠦᠬᠡᠢ ᠮᠠᠲ᠋ᠧᠷᠢᠶᠠᠯ ᠪᠣᠯᠭᠠᠨ ᠤᠷᠠᠯᠠᠨ ᠰᠡᠶᠢᠯᠦᠭᠰᠡᠨ ᠤᠯᠠᠮᠵᠢᠯᠠᠯᠲᠤ | ᠭᠠᠷ ᠤᠷᠠᠯᠠᠯ ᠪᠠᠶᠢᠵᠤ᠂ ᠲᠠᠷᠠ ᠨᠢ ᠮᠠᠨ ᠤ ᠤᠯᠤᠰ ᠲᠤ ᠥᠨᠢ ᠤᠳᠠᠭᠠᠨ ᠤᠯᠠᠮᠵᠢᠯᠠᠭᠳᠠᠨ᠂ ᠣᠯᠠᠨ ᠦᠶ᠎ᠡ ᠶᠢᠨ ᠨᠠᠷᠠᠲᠤ ᠬᠥᠮᠥᠰ ᠤᠨ ᠤᠷᠠᠨ ᠪᠦᠲᠦᠭᠡᠯ ᠢ ᠪᠤᠶ | ᠪᠤᠯᠭᠠᠬᠰᠠᠨ ᠶᠤᠮ᠃ | | | | ᠹᠧᠩ ᠽᠧ ᠶᠠᠰᠤᠨ ᠰᠡᠶᠢᠯᠦᠮᠡᠯ ᠰᠡᠶᠢᠯᠦᠨ᠎ᠡ | | ᠦᠬᠡᠷ ᠤᠨ ᠶᠠᠰᠤᠨ ᠰᠡᠶᠢᠯᠦᠮᠡᠯ ᠨᠢ ᠭᠦᠭᠡᠬᠤᠳᠠ ᠶᠢᠨ ᠬᠤᠳᠠ ᠶᠢᠨ ᠲᠡᠰ ᠤᠨ ᠪᠣᠳᠠᠰ ᠤᠨ ᠪᠤᠰᠤ ᠰᠣᠶᠣᠯ ᠤᠨ ᠥᠪ ᠪᠣᠯᠣᠨ᠎ᠠ᠃ ᠣᠶᠢᠷ᠎ᠠ ᠳᠤ | ᠰᠤᠷᠪᠤᠯᠵᠢᠯᠠᠬᠴᠢ 30 ᠭᠠᠷᠤᠢ ᠵᠢᠯ ᠶᠠᠰᠤᠨ ᠰᠡᠶᠢᠯᠦᠮᠡᠯ ᠤᠷᠠᠯᠠᠨ ᠬᠢᠭᠰᠡᠨ 75 ᠨᠠᠰᠤᠲᠠᠢ ᠹᠧᠩ ᠽᠧ ᠨᠠᠰᠤᠲᠠᠨ ᠤ ᠭᠡᠷ ᠲᠤ ᠬᠦᠷᠴᠦ ᠶᠠᠰᠤᠨ | ᠰᠡᠶᠢᠯᠦᠮᠡᠯ ᠤᠨ ᠲᠤᠬᠠᠢ ᠦᠯᠢᠭᠡᠷ ᠢ ᠨᠢ ᠰᠣᠨᠣᠰᠴᠤ ᠰᠠᠭᠤᠯ᠎ᠠ᠃ | | | ᠥᠨᠢ ᠤᠳᠠᠭᠠᠨ ᠲᠡᠦᠬᠡ ᠲᠠᠢ ᠢᠯᠡ ᠲᠣᠳᠣ ᠣᠨᠴᠠᠯᠢᠭ ᠲᠠᠢ | ᠹᠧᠩ ᠽᠧ ᠶᠢᠨ ᠭᠡᠷ ᠴᠡᠪᠡᠷ ᠴᠡᠮᠴᠡᠭᠡᠷ ᠮᠥᠷᠲᠡᠭᠡᠨ ᠲᠣᠬᠢᠯᠢᠭ ᠲᠠᠭᠠᠲᠠᠢ᠃ ᠰᠤᠷᠪᠤᠯᠵᠢᠯᠠᠬᠴᠢ ᠶᠢᠨ ᠢᠷᠡᠭᠰᠡᠨ ᠰᠠᠨᠠᠭ᠎ᠠ ᠶᠢ ᠣᠶᠢᠯᠠᠭᠠᠭᠰᠠᠨ ᠲᠠᠷᠠ ᠪᠠᠷ | ᠨᠢᠭᠡ ᠥᠷᠥᠭᠡᠨ ᠠᠴᠠ ᠪᠠᠨ ᠬᠡᠳᠦᠨ ᠶᠠᠰᠤᠨ ᠰᠡᠶᠢᠯᠦᠮᠡᠯ ᠤᠨ ᠪᠦᠲᠦᠭᠡᠯ ᠠᠪᠴᠢᠷᠠᠵᠤ᠄︽ᠮᠠᠨ ᠤ ᠤᠯᠤᠰ ᠤᠨ ᠶᠠᠰᠤᠨ ᠰᠡᠶᠢᠯᠦᠮᠡᠯ ᠥᠨᠢ ᠤᠳᠠᠭᠠᠨ ᠲᠡᠦᠬᠡ ᠲᠠᠢ᠂ | ᠭᠠᠵᠠᠷ ᠣᠷᠣᠨ ᠤ ᠠᠳᠠᠯᠢ ᠪᠤᠰᠤ ᠠᠴᠠ ᠪᠣᠯᠵᠤ᠂ ᠡᠯ᠎ᠡ ᠭᠠᠵᠠᠷ ᠤᠨ ᠶᠠᠰᠤᠨ ᠰᠡᠶᠢᠯᠦᠮᠡᠯ ᠴᠤ ᠥᠪᠡᠷᠮᠢᠴᠡ ᠣᠨᠴᠠᠯᠢᠭ ᠲᠠᠢ︾ ᠭᠡᠵᠦ ᠪᠠᠷᠳᠠᠮ ᠶᠠᠷᠢᠨ᠎ᠠ᠃ | ᠹᠧᠩ ᠽᠧ ᠬᠡᠯᠡᠬᠦ ᠪᠠᠷ᠂ ᠮᠠᠨ ᠤ ᠤᠯᠤᠰ ᠤᠨ ᠶᠠᠰᠤᠨ ᠰᠡᠶᠢᠯᠦᠮᠡᠯ ᠠᠯᠢ ᠡᠷᠲᠡ ᠬᠠᠭᠤᠴᠢᠨ ᠴᠢᠯᠠᠭᠤᠨ ᠵᠡᠪᠰᠡᠭ ᠤᠨ ᠦᠶ᠎ᠡ ᠳᠤ ᠨᠢᠭᠡᠨᠲᠡ ᠠᠩᠬᠠᠨ ᠤ | ᠳᠦᠷᠰᠦ ᠢᠯᠡᠷᠡᠭᠰᠡᠨ ᠶᠤᠮ᠂ ᠪᠡᠭᠡᠵᠢᠩ ᠤᠨ ᠵᠧᠦ ᠺᠧᠦ ᠳ᠋ᠢᠶᠠᠨ ᠤ ᠠᠭᠤᠯᠠᠨ ᠣᠷᠣᠢ ᠶᠢᠨ ᠠᠭᠤᠢ ᠶᠢᠨ ᠪᠠᠭᠤᠷᠢ ᠠᠴᠠ ᠬᠠᠭᠤᠴᠢ ᠰᠤᠳᠤᠯᠤᠭᠴᠢᠳ ᠵᠢᠭᠠᠰᠤᠨ | ᠶᠠᠰᠤ ᠪᠠᠷ ᠨᠦᠬᠡᠯᠡᠵᠦ ᠭᠠᠷᠭᠠᠭᠰᠠᠨ ᠶᠠᠰᠤᠨ ᠤᠨᠵᠢᠯᠭ᠎ᠠ ᠶᠢ ᠢᠯᠡᠷᠡᠭᠦᠯᠵᠡᠢ᠂ ᠡᠭᠦᠨ ᠤ ᠳᠣᠲᠣᠷᠠᠬᠢ ᠵᠠᠷᠢᠮ ᠨᠢ ᠪᠠᠰᠠ ᠤᠯᠠᠭᠠᠨ ᠥᠩᠭᠡ ᠪᠠᠷ ᠪᠤᠳᠤᠬᠰᠠᠠ | ᠪᠠᠶᠢᠵᠠᠢ᠃ | | | | 1982 ᠣᠨ ᠳᠤ᠂ ᠱᠠᠨᠰᠢ ᠶᠢᠨ ᠰᠢᠰᠢᠶᠠᠩ ᠰᠢᠶᠠᠨ ᠤ ᠾᠧ ᠵᠢᠶᠠ ᠸᠠᠨ ᠳᠤ ᠬᠠᠭᠤᠴᠢ ᠰᠤᠳᠤᠯᠤᠭᠴᠢᠳ ᠠᠮᠢᠲᠠᠨ ᠤ ᠮᠥᠴᠢ ᠶᠢᠨ ᠶᠠᠰᠤ ᠪᠠᠷ | ᠰᠡᠶᠢᠯᠦᠭᠰᠡᠨ ᠬᠥᠮᠥᠨ ᠤ ᠭᠦᠷᠥᠭ ᠢ ᠮᠠᠯᠲᠠᠨ ᠭᠠᠷᠭᠠᠵᠠᠢ᠂ ᠨᠢᠭᠤᠷ ᠴᠢᠷᠠᠢ ᠨᠢ ᠢᠯᠠ ᠲᠣᠳᠣᠷᠬᠠᠢ᠂ ᠬᠠᠷᠢᠴᠠᠯ ᠨᠢ ᠣᠨᠣᠪᠴᠢᠲᠠᠶ᠂ ᠣᠲᠣ ᠠᠴᠠ ᠪᠠᠷᠤᠭ 6000 | ᠭᠠᠷᠤᠢ ᠵᠢᠯ ᠤᠨ ᠡᠮᠦᠨᠡᠬᠢ ᠬᠠᠮᠤᠭ ᠤᠨ ᠡᠷᠲᠡᠨ ᠤ ᠶᠠᠰᠤᠨ ᠰᠡᠶᠢᠯᠦᠮᠡᠯ ᠤᠨ ᠬᠥᠮᠥᠨ ᠤ ᠭᠦᠷᠥᠭ ᠪᠣᠯᠣᠨ᠎ᠠ᠃ | ᠡᠭᠦᠨ ᠤ ᠲᠠᠷᠠᠭ᠎ᠠ ᠪᠠᠷ ᠬᠤᠶᠢᠨ᠎ᠠ ᠬᠤᠶᠢᠨ᠎ᠠ ᠠᠴᠠ ᠪᠠᠨ ᠣᠯᠳᠠᠭᠰᠠᠨ ᠲᠡᠦᠬᠡ ᠶᠢᠨ ᠳᠤᠷᠠᠰᠬᠠᠯᠲᠤ ᠵᠦᠢᠯᠡᠰ ᠤᠨ ᠳᠣᠲᠣᠷ᠎ᠠ ᠶᠠᠰᠤᠨ ᠰᠡᠶᠢᠯᠦᠮᠡᠯ ᠨᠢ | ᠪᠠᠰᠠ ᠡᠯ᠎ᠡ ᠵᠦᠢᠯ ᠤᠨ ᠭᠡᠯᠪᠡᠷᠢ ᠪᠠᠷ ᠢᠯᠡᠷᠡᠵᠦ᠂ ᠳᠡᠭᠡᠷ᠎ᠡ ᠨᠢ ᠬᠡ ᠤᠭᠠᠯᠵᠠ ᠰᠡᠶᠢᠯᠦᠭᠡᠰᠦᠲᠡᠢ ᠮᠥᠷᠲᠡᠭᠡᠨ ᠭᠢᠲᠤᠭ᠎ᠠ ᠪᠠᠷ ᠤᠷᠠᠯᠠᠭᠰᠠᠨ ᠮᠡᠷᠭᠡᠵᠢᠯ ᠨᠢ ᠤᠷᠠᠨ | ᠨᠠᠷᠢᠯᠢᠭ᠂ ᠮᠠᠰᠢ ᠦᠵᠡᠮᠦᠷᠢ ᠲᠠᠢ ᠪᠠᠶᠢᠵᠤ᠂ ᠮᠠᠨ ᠤ ᠤᠯᠤᠰ ᠤᠨ ᠡᠷᠲᠡᠨ ᠤ ᠭᠠᠷ ᠤᠷᠠᠯᠠᠯ ᠤᠨ ᠪᠦᠲᠦᠭᠡᠭᠳᠡᠬᠦᠨ ᠥᠨᠳᠥᠷ ᠬᠢᠷᠢ ᠲᠦᠪᠰᠢᠨ ᠳᠤ ᠭᠦᠷᠦᠭᠰᠡᠡ ᠢ | ᠬᠠᠷᠠᠭᠤᠯᠤᠭᠰᠠᠨ ᠪᠠᠶᠢᠨ᠎ᠠ᠃ | ᠬᠠᠨ ᠤᠯᠤᠰ ᠤᠨ ᠦᠶ᠎ᠡ ᠠᠴᠠ ᠰᠡᠭᠦᠯᠡᠷ ᠶᠠᠰᠤᠨ ᠰᠡᠶᠢᠯᠦᠮᠡᠯ ᠪᠠᠭᠤᠷᠠᠯᠲᠠ ᠶᠢᠨ ᠦᠶ᠎ᠡ ᠳᠤ ᠣᠷᠣᠭᠰᠠᠨ ᠪᠤᠯᠪᠠᠴᠤ ᠠᠷᠠᠳ ᠮᠥᠨ ᠯᠡ ᠤᠷᠠᠯᠠᠨ ᠬᠢᠵᠦ | ᠪᠠᠶᠢᠪᠠ᠃ 20 ᠳ᠋ᠤᠭᠠᠷ ᠵᠠᠭᠤᠨ ᠠᠴᠠ ᠬᠤᠶᠢᠰᠢ᠂ ᠪᠡᠭᠡᠵᠢᠩ᠂ ᠵᠧᠵᠢᠶᠠᠩ᠂ ᠥᠪᠥᠷ ᠮᠣᠩᠭᠤᠯ᠂ ᠹᠦᠵᠢᠶᠠᠨ᠂ ᠭᠤᠸᠠᠩᠳᠦ᠋ᠩ ᠵᠡᠷᠭᠡ ᠭᠠᠵᠠᠷ ᠨᠢ ᠶᠠᠰᠤᠨ | ᠰᠡᠶᠢᠯᠦᠮᠡᠯ ᠤᠨ ᠭᠤᠣᠯ ᠭᠠᠷᠤᠯᠲᠠ ᠶᠢᠨ ᠭᠠᠵᠠᠷ ᠪᠣᠯᠪᠠ᠃ | ᠪᠡᠭᠡᠵᠢᠩ ᠣᠷᠣᠨ ᠤ ᠶᠠᠰᠤᠨ ᠰᠡᠶᠢᠯᠦᠮᠡᠯ ᠢ ᠦᠬᠡᠷ ᠤᠨ ᠶᠠᠰᠤ ᠪᠠᠷ ᠭᠤᠣᠯᠯᠠᠵᠤ᠂ ᠪᠠᠭᠤᠪᠴᠢ᠂ ᠣ ᠡᠩᠭᠡᠰᠬᠡ ᠶᠢᠨ ᠬᠠᠶᠢᠷᠴᠠᠭ ᠵᠡᠷᠭᠡ ᠶᠢ ᠭᠢᠳᠡᠭ; | ᠹᠦᠵᠢᠶᠠᠨ ᠤ ᠶᠠᠰᠤᠨ ᠰᠡᠶᠢᠯᠦᠮᠡᠯ ᠤᠨ ᠣᠯᠠᠩᠬᠢ ᠨᠢ ᠦᠬᠡᠷ ᠤᠨ ᠶᠠᠰᠤ ᠪᠠᠷ ᠲᠦᠭᠦᠬᠡᠢ ᠮᠠᠲ᠋ᠧᠷᠢᠶᠠᠯ ᠪᠤᠯᠭᠠᠵᠤ᠂ ᠣᠷᠳᠣᠨ ᠤ ᠵᠠᠭᠠᠨ ᠤ ᠰᠣᠶᠤᠭ᠎ᠠ ᠶᠢᠨ | ᠰᠡᠶᠢᠯᠦᠮᠡᠯ ᠤᠨ ᠮᠡᠷᠭᠡᠵᠢᠯ ᠲᠠᠢ ᠤᠶᠠᠯᠳᠤᠭᠤᠯᠤᠨ᠂ ᠴᠠᠭ ᠦᠶ᠎ᠡ ᠲᠠᠢ ᠵᠡᠷᠭᠡᠳᠡ ᠤᠷᠤᠭᠰᠢᠯᠠᠭᠰᠠᠨ ᠪᠦᠲᠦᠭᠡᠯ ᠢ ᠬᠢᠵᠦ ᠭᠠᠷᠭᠠᠳᠠᠭ;ᠭᠤᠸᠠᠩᠳᠦ᠋ᠩ ᠤᠨ | ᠹᠦᠸᠧᠱᠠᠨ ᠵᠢᠭᠠᠰᠤᠨ ᠤ ᠴᠠᠪ ᠴᠠᠭᠠᠨ ᠶᠠᠰᠤ ᠪᠠᠷ ᠰᠡᠶᠢᠯᠦᠮᠡᠯ ᠤᠨ ᠲᠦᠭᠦᠬᠡᠢ ᠮᠠᠲ᠋ᠧᠷᠢᠶᠠᠯ ᠪᠤᠯᠭᠠᠵᠤ ᠬᠢᠭᠰᠡᠨ ᠪᠦᠲᠦᠭᠡᠭᠳᠡᠬᠦᠨ ᠨᠢ ᠥᠪᠡᠷᠮᠢᠴᠡ ᠣᠨᠴᠠᠯᠢᠭ | ᠲᠠᠢ;ᠲᠥᠪᠡᠳ ᠲᠤ ᠶᠠᠰᠤᠨ ᠰᠡᠶᠢᠯᠦᠮᠡᠯ ᠭᠠᠢ ᠪᠠᠷᠴᠢᠳ ᠢ ᠠᠷᠢᠯᠭᠠᠬᠤ᠂ ᠪᠤᠶᠠᠨ ᠦᠢᠯᠡᠳᠬᠦ᠂ ᠡᠳ᠋ ᠮᠥᠩᠭᠦ ᠴᠤᠭᠯᠠᠭᠤᠯᠬᠤ ᠵᠡᠷᠭᠡ ᠥᠯᠵᠡᠢ ᠪᠡᠯᠭᠡᠳᠡᠯ ᠤᠨ | ᠤᠳᠬ᠎ᠠ ᠲᠠᠢ ᠪᠠᠶᠢᠳᠠᠭ ᠠᠴᠠ ᠠᠷᠠᠳ ᠲᠠᠭᠠᠨ ᠶᠡᠬᠡᠳᠡ ᠬᠦᠨᠳᠦᠳᠬᠡᠭᠳᠡᠳᠡᠭ᠃ | ︽ᠥᠪᠥᠷ ᠮᠣᠩᠭᠤᠯ ᠤᠨ ᠶᠠᠰᠤᠨ ᠰᠡᠶᠢᠯᠦᠮᠡᠯ ᠪᠣᠯ ᠥᠨᠢ ᠤᠳᠠᠭᠠᠨ ᠲᠡᠦᠬᠡ ᠲᠠᠢ᠂ ᠶᠤᠸᠠᠨ ᠤᠯᠤᠰ ᠤᠨ ᠦᠶ᠎ᠡ ᠠᠴᠠ ᠡᠭᠦᠰᠦᠯ ᠲᠠᠢ᠂ ᠭᠤᠣᠯᠳᠠᠭᠤ | ᠰᠢᠯᠢ ᠶᠢᠨ ᠭᠤᠣᠯ᠂ ᠭᠦᠭᠡᠬᠤᠲᠠ᠂ ᠪᠤᠭᠤᠲᠤ᠂ ᠠᠯᠠᠱᠠ ᠵᠡᠷᠭᠡ ᠭᠠᠵᠠᠷ ᠣᠷᠣᠨ ᠢᠶᠠᠷ ᠲᠠᠷᠬᠠᠵᠤ ᠪᠠᠶᠢᠳᠠᠭ︾ ᠭᠡᠵᠦ ᠹᠧᠩ ᠽᠧ ᠬᠡᠯᠡᠬᠦ ᠶᠢᠨ ᠳᠠᠭᠠᠤ ᠪᠠᠰᠠ᠂ ᠥᠪᠥᠷ | ᠮᠣᠩᠭᠤᠯ ᠤᠨ ᠥᠪᠡᠷᠮᠢᠴᠡ ᠡᠬᠢ ᠪᠠᠶᠠᠯᠢᠭ ᠨᠢ ᠶᠠᠰᠤᠨ ᠰᠡᠶᠢᠯᠦᠮᠡᠯ ᠤᠨ ᠵᠣᠬᠢᠶᠠᠨ ᠪᠦᠲᠦᠭᠡᠯᠭᠡ ᠳᠤ ᠡᠯᠪᠡᠭ ᠪᠠᠶᠠᠯᠢᠭ ᠲᠦᠭᠦᠬᠡᠢ ᠮᠠᠲ᠋ᠧᠷᠢᠶᠠᠯ ᠬᠠᠩᠭᠠᠵᠤ᠂ | ᠭᠤᠣᠯᠳᠠᠭᠤ ᠲᠡᠮᠡᠭᠡᠨ ᠶᠠᠰᠤ᠂ ᠦᠬᠡᠷ ᠤᠨ ᠶᠠᠰᠤ ᠪᠠᠷ ᠲᠦᠭᠦᠬᠡᠢ ᠮᠠᠲ᠋ᠧᠷᠢᠶᠠᠯ ᠪᠣᠯᠭᠠᠨ᠂ ᠳᠡᠭᠡᠷ᠎ᠡ ᠨᠢ ᠬᠥᠮᠥᠨ᠂ ᠥᠰᠥᠭ ᠪᠢᠴᠢᠭ᠂ ᠴᠡᠴᠡᠭ ᠰᠢᠪᠠᠭᠤ ᠵᠡᠷᠭᠡ ᠶᠢ | ᠰᠡᠶᠢᠯᠵᠦ᠂ ᠦᠨᠳᠦᠰᠦᠲᠡᠨ ᠤ ᠭᠠᠵᠠᠷ ᠣᠷᠣᠨ ᠤ ᠣᠨᠴᠠᠯᠢᠭ ᠢ ᠢᠯᠡᠷᠡᠭᠦᠯᠵᠦ ᠪᠠᠶᠢᠳᠠᠭ᠃ | | | ᠪᠦᠲᠦᠭᠡᠭᠳᠡᠬᠦᠨ ᠤ ᠤᠷ᠎ᠠ ᠮᠡᠷᠭᠡᠵᠢᠯ ᠤᠷᠠᠨ ᠨᠠᠷᠢᠯᠢᠭ ᠭᠤᠴᠣ ᠰᠠᠶᠢᠬᠠᠨ | ᠹᠧᠩ ᠽᠧ ᠪᠣᠯ ᠭᠦᠭᠡᠬᠤᠲᠠ ᠶᠢᠨ ᠬᠥᠮᠥᠨ᠂ ᠵᠢᠷᠤᠭ ᠵᠢᠷᠤᠵᠤ ᠰᠡᠶᠢᠯᠦᠮᠡᠯ ᠳᠤ ᠳᠤᠷ᠎ᠠ ᠪᠠᠬ᠎ᠠ ᠲᠠᠢ ᠪᠠᠶᠢᠳᠠᠭ ᠢᠶᠠᠷ ᠦᠷᠭᠦᠯᠵᠢ ᠵᠢᠵᠢᠭ ᠭᠢᠲᠤᠭ᠎ᠠ ᠪᠠᠷ | ᠮᠣᠳᠣᠨ ᠳᠡᠭᠡᠷ᠎ᠡ ᠵᠢᠷᠤᠭ ᠰᠡᠶᠢᠯᠵᠤ ᠨᠠᠭᠠᠳᠳᠠᠭ᠃ | 1948 ᠣᠨ ᠳᠤ ᠲᠥᠷᠥᠭᠰᠡᠨ ᠲᠡᠷᠡ ᠪᠠᠷ ᠬᠥᠳᠡᠭᠡ ᠪᠠᠭᠤᠵᠤ᠂ ᠠᠵᠢᠯ ᠤᠨ ᠪᠠᠶᠢᠷᠢ ᠠᠴᠠ ᠪᠠᠨ ᠪᠠᠭᠤᠭᠰᠠᠨ ᠪᠤᠯᠪᠠᠴᠤ᠂ ᠰᠡᠶᠢᠯᠦᠮᠡᠯ ᠢᠶᠠᠨ ᠶᠡᠷᠦ ᠠᠴᠠ | ᠬᠠᠶᠠᠭ᠎ᠠ ᠦᠭᠡᠢ ᠢᠮᠠᠭᠲᠠ ᠪᠠᠷᠢᠮᠲᠠᠯᠠᠭᠰᠠᠭᠠᠷ ᠢᠷᠡᠵᠡᠶ᠃17 ᠨᠠᠰᠤᠲᠠᠢ ᠳᠠᠭᠠᠨ ᠲᠡᠭᠦᠨ ᠤ ᠤᠷᠠᠯᠠᠨ ᠬᠢᠭᠰᠡᠨ ᠨᠠᠷᠢᠯᠢᠭ ᠬᠢᠴᠡ ᠲᠠᠢ ᠪᠡᠴᠢᠨ ᠪᠠᠭᠰᠢ ᠶᠢ ᠨᠠᠶᠢᠵᠢ | ᠨᠢ ᠲᠣᠭᠤᠵᠤ ᠭᠠᠷ ᠠᠴᠠ ᠪᠠᠨ ᠰᠠᠯᠭᠠᠬᠤ ᠦᠭᠡᠢ ᠳᠤᠷ᠎ᠠ ᠦᠭᠡᠢ ᠪᠠᠶᠢᠬᠤᠯᠠᠷ᠂ ᠹᠧᠩ ᠽᠧ ᠲᠤᠰ ᠮᠣᠳᠣᠨ ᠰᠡᠶᠢᠯᠦᠮᠡᠯ ᠢᠶᠠᠨ ᠨᠠᠶᠢᠵᠢ ᠳᠠᠭᠠᠨ ᠪᠡᠯᠡᠭᠯᠡᠭᠰᠡᠨ | ᠭᠡᠳᠡᠭ᠃ | | | 1978 ᠣᠨ ᠳᠤ᠂ 45 ᠨᠠᠰᠤᠲᠠᠢ ᠹᠧᠩ ᠽᠧ ᠠᠵᠢᠯ ᠤᠨ ᠪᠠᠶᠢᠷᠢ ᠠᠴᠠ ᠪᠠᠨ ᠪᠠᠭᠤᠵᠤ᠂ ᠶᠠᠭ ᠡᠷᠡᠭᠡᠯᠵᠡᠨ ᠲᠦᠳᠡᠭᠡᠯᠵᠡᠵᠦ ᠪᠠᠶᠢᠭᠰᠠᠨ ᠦᠶ᠎ᠡ ᠳᠤ᠂ | ᠰᠣᠨᠢᠨ ᠠᠴᠠ ᠪᠤᠭᠤᠲᠤ ᠬᠤᠳᠠ ᠶᠢᠨ ᠨᠢᠭᠡ ᠵᠠᠯᠠᠭᠤ ᠶᠠᠰᠤᠨ ᠰᠡᠶᠢᠯᠦᠮᠡᠯ ᠳᠤ ᠰᠢᠨᠤᠬᠠᠶᠢᠷᠠᠭᠠᠳ᠂ ᠬᠤᠵᠢᠮ ᠨᠢ ᠰᠡᠶᠢᠯᠦᠮᠡᠯ ᠬᠢᠵᠦ ᠠᠮᠵᠢᠯᠲᠠ ᠣᠯᠣᠭᠰᠠᠨ | ᠰᠣᠨᠢᠨ ᠮᠡᠳᠡᠭᠡ ᠶᠢ ᠣᠯᠵᠤ ᠬᠠᠷᠠᠵᠠᠢ᠃ ᠡᠨᠡ ᠬᠦ ᠰᠣᠨᠢᠨ ᠮᠡᠳᠡᠭᠡ ᠨᠢ ᠹᠧᠩ ᠽᠧ ᠳᠤ ᠢᠲᠡᠭᠡᠯ ᠣᠯᠭᠤᠵᠤ᠂ ᠶᠠᠰᠤᠨ ᠰᠡᠶᠢᠯᠦᠮᠡᠯ ᠬᠢᠵᠦ ᠡᠬᠢᠯᠡᠭᠰᠡᠨ ᠨᠢ ᠡᠨᠡ | ᠪᠢᠯᠡ᠃ | ︽ᠶᠠᠰᠤᠨ ᠰᠡᠶᠢᠯᠦᠮᠡᠯ ᠤᠨ ᠬᠠᠮᠤᠭ ᠤᠨ ᠰᠠᠶᠢᠨ ᠮᠠᠲ᠋ᠧᠷᠢᠶᠠᠯ ᠪᠣᠯ ᠦᠬᠡᠷ ᠤᠨ ᠶᠠᠰᠤ ᠪᠠ ᠲᠡᠮᠡᠭᠡᠨ ᠶᠠᠰᠤ ᠪᠣᠯᠣᠨ᠎ᠠ᠂ ᠤᠴᠢᠷ ᠨᠢ ᠲᠡᠭᠦᠨ ᠤ ᠭᠤᠶ᠎ᠠ ᠶᠢᠨ | ᠮᠢᠬ᠎ᠠ ᠨᠢ ᠵᠤᠵᠠᠭᠠᠨ᠂ᠠᠷᠠᠭ ᠶᠠᠰᠤ ᠨᠢ ᠬᠠᠲᠠᠭᠤ᠂ ᠰᠡᠶᠢᠯᠦᠭᠰᠡᠨ ᠵᠢᠷᠤᠭ ᠳᠦᠷᠰᠦ ᠨᠢ ᠦᠵᠡᠮᠦᠷᠢ ᠲᠠᠢ ᠪᠠᠶᠢᠳᠠᠭ︾ᠬᠡᠮᠡᠨ ᠹᠧᠩ ᠽᠧ ᠶᠠᠷᠢᠪᠠ᠃ ᠲᠠᠷᠠ ᠪᠠᠷ ᠪᠠᠰᠠ | ᠦᠬᠡᠷ ᠤᠨ ᠶᠠᠰᠤᠨ ᠳᠡᠭᠡᠷ᠎ᠡ ᠰᠡᠶᠢᠯᠬᠦ ᠠᠴᠠ ᠡᠮᠦᠨ᠎ᠡ᠂ ᠤᠷᠢᠳ ᠢᠶᠠᠷ ᠪᠦᠳᠦᠭᠦᠨ ᠭᠤᠶ᠎ᠠ ᠶᠢᠨ ᠶᠠᠰᠤᠨ ᠤ ᠬᠤᠶᠠᠷ ᠦᠵᠦᠭᠦᠷ ᠢ ᠨᠢ ᠬᠢᠷᠦᠭᠡᠳᠡᠵᠦ ᠳᠤᠮᠳᠠ | ᠬᠡᠰᠡᠭ ᠤᠨ ᠶᠠᠰᠤ ᠶᠢ ᠨᠢ ᠦᠯᠡᠳᠡᠭᠡᠵᠦ᠂ ᠳᠠᠷᠠᠭ᠎ᠠ ᠨᠢ ᠴᠢᠮᠦᠭᠡ ᠶᠢ ᠨᠢ ᠠᠪᠴᠤ ᠲᠣᠭᠤᠭᠠᠨ ᠳᠤ ᠴᠢᠨᠠᠨ᠎ᠠ᠂ ᠡᠭᠦᠨ ᠢᠶᠠᠷ ᠲᠠᠮᠵᠢᠨ ᠶᠠᠰᠤᠨ ᠤ ᠵᠠᠪᠰᠠᠷ ᠲᠠᠬᠢ | ᠲᠣᠰᠣ ᠶᠢ ᠨᠢ ᠰᠢᠷᠭᠠᠭᠠᠵᠤ᠂ ᠶᠠᠰᠤ ᠶᠢ ᠨᠢ ᠴᠡᠪᠡᠷᠯᠡᠨ᠎ᠡ᠃ | ︽ᠮᠠᠨ ᠤ ᠭᠡᠷ ᠤᠨ ᠨᠠᠷᠠᠪᠴᠢ ᠪᠣᠯ ᠲᠡᠭᠦᠨ ᠤ ᠠᠵᠢᠯᠯᠠᠬᠤ ᠲᠠᠰᠤᠭ᠂ ᠶᠠᠰᠤ ᠬᠢᠷᠦᠭᠡᠳᠡᠬᠦᠯᠡᠷ ᠭᠡᠷ ᠲᠤ ᠳᠠᠩᠳᠠ ᠶᠠᠰᠤᠨ ᠤ ᠨᠤᠨᠳᠠᠭ᠂ ᠳᠡᠭᠡᠷ᠎ᠡ ᠠᠴᠠ ᠨᠢ | ᠲᠠᠷᠠ ᠴᠢᠨᠠᠭᠰᠠᠨ ᠶᠠᠰᠤᠨ ᠤ ᠬᠢᠨᠢ ᠮᠠᠭᠤᠬᠠᠢ ᠦᠨᠦᠷ ᠨᠢ ᠪᠦᠭᠦ ᠭᠡᠷ ᠢᠶᠠᠷ ᠲᠠᠷᠬᠠᠴᠢᠬᠠᠨᠠ︾ ᠭᠡᠵᠦ ᠹᠧᠩ ᠽᠧ ᠶᠢᠨ ᠡᠬᠡᠨᠡᠷ ᠸᠠᠩ ᠯᠢᠩ ᡁᠢ ᠢᠨᠢᠶᠡᠮᠰᠦᠭᠯᠡᠨ | ᠡᠷᠭᠢᠴᠡᠭᠦᠯᠦᠨ ᠶᠠᠷᠢᠬᠤ ᠶᠢᠨ ᠳᠠᠭᠠᠤ᠂ ᠲᠠᠷᠠ ᠦᠶ᠎ᠡ ᠳᠤ᠂ ᠨᠢᠭᠡ ᠦᠬᠡᠷ ᠤᠨ ᠭᠤᠶ᠎ᠠ ᠶᠢᠨ ᠶᠠᠰᠤ ᠲᠠᠪᠤ ᠵᠢᠷᠭᠤᠭᠠᠨ ᠲᠥᠭᠦᠷᠢᠭ ᠲᠤ ᠬᠦᠷᠴᠦ ᠪᠠᠶᠢᠭᠰᠠᠨ ᠴᠤ | ᠦᠷᠭᠦᠯᠵᠢ ᠨᠢᠭᠡ ᠣᠪᠣᠭ᠎ᠠ ᠬᠤᠳᠠᠯᠳᠤᠨ ᠠᠪᠴᠢᠷᠠᠳᠠᠭ᠂ ᠴᠣᠬᠤᠮ ᠬᠡᠴᠢᠨᠡᠨ ᠤᠯᠠᠨ ᠶᠠᠰᠤ ᠶᠢ ᠦᠷᠡᠵᠦ ᠪᠠᠶᠢᠭᠠᠳ ᠰᠠᠶ᠋ᠢ ᠨᠢᠭᠡ ᠴᠢᠨᠠᠷᠯᠢᠭ ᠮᠥᠷᠲᠡᠭᠡᠨ ᠭᠤᠶᠤ | ᠪᠦᠲᠦᠭᠡᠯ ᠢ ᠰᠡᠶᠢᠯᠵᠦ ᠭᠠᠷᠭᠠᠳᠠᠭ ᠢ ᠪᠤᠤ ᠮᠡᠳᠡ᠂ ᠭᠡᠪᠡᠴᠦ ᠨᠢᠭᠡ ᠰᠠᠶᠢᠬᠠᠨ ᠪᠦᠲᠦᠭᠡᠯ ᠢ ᠤᠷᠠᠯᠠᠨ ᠬᠢᠬᠦ ᠳᠤ ᠲᠣᠩ ᠠᠮᠠᠷ ᠦᠭᠡᠢ ᠰᠢᠤ᠂ ᠪᠠᠰᠠ ᠨᠢᠭᠡ ᠤᠳᠠᠭ᠎ᠠ | ᠶᠠᠰᠤ ᠬᠢᠷᠦᠭᠡᠳᠡᠬᠦ ᠳᠠᠭᠤ ᠨᠢ ᠶᠡᠭᠡ ᠪᠠᠶᠢᠨ᠎ᠠ ᠭᠡᠵᠦ ᠵᠡᠷᠭᠡᠯᠡᠳᠡᠭᠡ ᠠᠶᠢᠯ ᠤᠨ ᠬᠢᠨ ᠢᠶᠠᠷ ᠵᠠᠭᠠᠯᠳᠤᠭᠳᠠᠵᠤ ᠥᠩᠭᠡᠷᠡᠵᠡᠢ ᠭᠡᠪᠡ᠃ | | | | ᠹᠧᠩ ᠽᠧ ᠶᠢᠨ ᠦᠬᠡᠷ ᠤᠨ ᠶᠠᠰᠤᠨ ᠰᠡᠶᠢᠯᠦᠮᠡᠯ ᠤᠨ ᠳᠣᠲᠣᠷᠠᠬᠢ ᠬᠡᠳᠦᠨ ᠪᠦᠲᠦᠭᠡᠯ ᠨᠢ ᠴᠡᠴᠡᠭ ᠤᠨ ᠬᠠᠳᠬᠤᠮᠠᠯ ᠤᠨ ᠳᠦᠷᠰᠦ ᠪᠠᠶᠢᠵᠤ᠂ ᠳᠡᠭᠡᠷ᠎ᠡ ᠨᠢ | ᠮᠠᠰᠢ ᠣᠯᠠᠨ ᠮᠠᠨᠳᠠᠷᠠᠸ᠎ᠠ ᠴᠡᠴᠡᠭ ᠪᠠ ᠤᠳᠪᠠᠯᠠ ᠴᠡᠴᠡᠭ ᠤᠨ ᠬᠡ ᠤᠭᠠᠯᠵᠠ ᠶᠢ ᠰᠡᠶᠢᠯᠵᠤ᠂ ᠰᠡᠶᠢᠯᠦᠮᠡᠯ ᠤᠨ ᠤᠷ᠎ᠠ ᠮᠡᠷᠭᠡᠵᠢᠯ ᠢ ᠤᠷᠠᠨ ᠢᠶᠠᠷ ᠬᠡᠷᠡᠭᠯᠡᠵᠦ᠂ | ᠳᠡᠯᠭᠡᠷᠡᠮᠡᠷ ᠪᠠᠶᠢᠭ᠎ᠠ ᠪᠤᠶᠤ ᠳᠡᠯᠭᠡᠷᠡᠭᠰᠡᠨ ᠴᠡᠴᠡᠭᠡᠰ ᠢ ᠤᠯᠠᠮ ᠠᠮᠢᠳᠤᠯᠢᠭ ᠬᠠᠷᠠᠭᠳᠠᠭᠤᠯᠤᠨ᠎ᠠ᠃ | ᠪᠦᠲᠦᠭᠡᠯ ᠢ ᠦᠨᠳᠦᠰᠦᠨ ᠳᠡᠭᠡᠨ ᠬᠡᠪᠰᠢᠭᠦᠯᠦᠭᠰᠡᠨ ᠤ ᠳᠠᠷᠠᠭ᠎ᠠ᠂ ᠰᠡᠶᠢᠯᠦᠮᠡᠯ ᠤᠨ ᠭᠢᠲᠤᠭ᠎ᠠ ᠪᠠᠷ ᠨᠠᠷᠢᠯᠢᠭ ᠤᠷᠠᠯᠠᠵᠤ᠂ ᠦᠬᠡᠷ ᠤᠨ ᠶᠠᠰᠤᠨ | ᠰᠡᠶᠢᠯᠦᠮᠡᠯ ᠤᠨ ᠮᠠᠲ᠋ᠧᠷᠢᠶᠠᠯ ᠤᠨ ᠴᠢᠨᠠᠷ ᠪᠣᠯᠣᠨ ᠰᠡᠶᠢᠯᠦᠮᠡᠯ ᠤᠨ ᠭᠤᠸ᠎ᠠ ᠰᠠᠶᠢᠬᠠᠨ ᠢ ᠭᠦᠢᠴᠡᠳ ᠢᠯᠡᠷᠡᠭᠦᠯᠦᠨ᠂ ᠬᠠᠮᠤᠭ ᠰᠡᠭᠦᠯ ᠳᠤᠨᠢ ᠬᠤᠣᠰ | ᠬᠦᠴᠢᠯᠲᠥ᠋ᠷᠥᠭᠴᠢᠲᠦ ᠤᠰᠤᠨ ᠳᠤ ᠳᠡᠪᠲᠦᠭᠡᠵᠦ ᠶᠠᠰᠤ ᠶᠢ ᠨᠢ ᠴᠠᠶᠢᠷᠠᠭᠤᠯᠳᠠᠭ᠂ ᠢᠩᠭᠢᠭᠡᠳ ᠦᠬᠡᠷ ᠤᠨ ᠶᠠᠰᠤᠨ ᠰᠡᠶᠢᠯᠦᠮᠡᠯ ᠤᠨ ᠨᠠᠷᠢᠯᠢᠭ ᠪᠦᠲᠦᠭᠡᠯ ᠢ | ᠤᠷᠠᠯᠠᠵᠤ ᠳᠠᠭᠤᠰᠬᠠᠳᠠᠭ ᠪᠠᠶᠢᠨ᠎ᠠ᠃ | | ᠥᠪᠡᠷᠮᠢᠴᠡ ᠰᠣᠳᠣᠨ ᠪᠦᠲᠦᠭᠡᠭᠳᠡᠬᠦᠨ ᠢ ᠤᠯᠠᠮᠵᠢᠯᠠᠨ ᠵᠠᠯᠭᠠᠮᠵᠢᠯᠠᠭᠤᠯᠬᠤ ᠬᠦᠰᠡᠯ ᠲᠠᠢ | ︽ᠶᠠᠰᠤᠨ ᠰᠡᠶᠢᠯᠦᠮᠡᠯ ᠤᠨ ᠲᠤᠬᠠᠢ ᠶᠠᠷᠢᠬᠤ ᠳᠤ ᠵᠠᠭᠠᠨ ᠤ ᠰᠣᠶᠤᠭ᠎ᠠ ᠶᠢᠨ ᠰᠡᠶᠢᠯᠦᠮᠡᠯ ᠢ ᠳᠤᠷᠠᠳᠬᠤ ᠦᠭᠡᠢ ᠪᠠᠶᠢᠬᠤ ᠶᠢᠨ ᠠᠷᠭ᠎ᠠ ᠦᠭᠡᠢ᠂ ᠮᠠᠨ ᠤ | ᠤᠯᠤᠰ ᠤᠨ ᠶᠠᠰᠤᠨ ᠰᠡᠶᠢᠯᠦᠮᠡᠯ ᠪᠣᠯᠣᠨ ᠵᠠᠭᠠᠨ ᠤ ᠰᠣᠶᠤᠭ᠎ᠠ ᠶᠢᠨ ᠰᠡᠶᠢᠯᠦᠮᠡᠯ ᠤᠨ ᠬᠥᠭᠵᠢᠯᠲᠡ ᠶᠢᠨ ᠶᠠᠪᠤᠴᠠ ᠬᠠᠷᠢᠯᠴᠠᠨ ᠨᠥᠬᠦᠴᠡᠯᠳᠦᠭᠰᠡᠭᠡᠷ ᠢᠷᠡᠵᠠᠢ︾ | ᠬᠡᠮᠡᠨ ᠹᠧᠩ ᠽᠧ ᠶᠠᠷᠢᠵᠤ ᠪᠠᠶᠢᠯ᠎ᠠ᠃ ᠵᠠᠭᠠᠨ ᠤ ᠰᠣᠶᠤᠭ᠎ᠠ ᠶᠢᠨ ᠰᠡᠶᠢᠯᠦᠮᠡᠯ ᠪᠣᠯ ᠵᠠᠭᠠᠨ ᠤ ᠰᠣᠶᠤᠭ᠎ᠠ ᠪᠠᠷ ᠲᠦᠭᠦᠬᠡᠢ ᠮᠠᠲ᠋ᠧᠷᠢᠶᠠᠯ ᠪᠣᠯᠭᠠᠨ ᠰᠡᠶᠢᠯᠦᠭᠰᠡᠨ | ᠡᠷᠲᠡᠨ ᠤ ᠤᠷᠠᠯᠢᠭ ᠶᠤᠮ᠂ ᠠᠯᠢ ᠡᠷᠲᠡ 7000 ᠵᠢᠯ ᠤᠨ ᠡᠮᠦᠨᠡᠬᠢ ᠰᠢᠨ᠎ᠡ ᠴᠢᠯᠠᠭᠤᠨ ᠵᠡᠪᠰᠡᠭ ᠤᠨ ᠦᠶ᠎ᠡ ᠳᠤ ᠳᠠᠷᠤᠢ ᠵᠠᠭᠠᠨ ᠤ ᠰᠣᠶᠤᠭ᠎ᠠ ᠶᠢᠨ | ᠰᠡᠶᠢᠯᠦᠮᠡᠯ ᠤᠨ ᠡᠳ᠋ ᠪᠤᠶ ᠪᠣᠯᠵᠤ᠂ ᠾᠧ ᠮᠦ ᠳ᠋ᠦ᠋ ᠶᠢᠨ ᠰᠣᠶᠣᠯ ᠤᠨ ᠪᠠᠭᠤᠷᠢ ᠪᠠ ᠳ᠋ᠠ ᠸᠧᠨ ᠺᠧᠦ ᠶᠢᠨ ᠰᠣᠶᠣᠯ ᠤᠨ ᠪᠠᠭᠤᠷᠢ ᠠᠴᠠ ᠴᠥᠮ ᠵᠠᠭᠠᠨ ᠤ | ᠰᠣᠶᠤᠭ᠎ᠠ ᠶᠢᠨ ᠰᠡᠶᠢᠯᠦᠮᠡᠯ ᠤᠨ ᠡᠳ᠋ ᠣᠯᠳᠠᠭᠰᠠᠨ ᠪᠠᠶᠢᠨ᠎ᠠ᠃ ᠵᠠᠭᠠᠨ ᠤ ᠰᠣᠶᠤᠭ᠎ᠠ ᠶᠢᠨ ᠰᠡᠶᠢᠯᠦᠮᠡᠯ ᠨᠢ ᠨᠠᠷᠢᠯᠢᠭ ᠬᠢᠴᠡ ᠲᠠᠢ᠂ ᠥᠩᠭᠡ ᠪᠤᠳᠤᠭ ᠨᠢ ᠤᠶᠠᠨ | ᠵᠥᠭᠡᠯᠡᠨ ᠴᠢᠨᠠᠷ ᠲᠠᠢ ᠮᠥᠷᠲᠡᠭᠡᠨ ᠭᠤᠴᠣ ᠰᠠᠶᠢᠬᠠᠨ ᠰᠡᠶᠢᠯᠦᠮᠡᠯ ᠪᠣᠯᠵᠤ᠂ ᠡᠷᠲᠡᠨ ᠠᠴᠠ ᠡᠳᠦᠭᠡ ᠪᠤᠯᠲᠠᠯ᠎ᠠ ᠮᠠᠰᠢ ᠣᠯᠠᠨ ᠡᠷᠲᠡᠨ ᠤ ᠡᠳ᠋ ᠪᠣᠳᠠᠰ ᠲᠤ ᠪᠠᠭ᠋ᠠᠲᠠᠢ | ᠬᠥᠮᠥᠰ ᠪᠠ ᠬᠤᠷᠢᠶᠠᠨ ᠬᠠᠳᠠᠭᠠᠯᠠᠭᠴᠢᠳ ᠤᠨ ᠪᠠᠭ᠋ᠠᠷᠬᠠᠯ ᠢ ᠣᠯᠣᠭᠰᠠᠨ ᠶᠤᠮ᠃ | ᠣᠶᠢᠷ᠎ᠠ ᠶᠢᠨ ᠵᠢᠯ ᠤᠳ ᠲᠤ᠂ ᠵᠠᠭᠠᠨ ᠤ ᠰᠣᠶᠤᠭ᠎ᠠ ᠶᠢᠨ ᠠᠷᠠᠯᠵᠢᠶ᠎ᠠ ᠴᠢᠩᠭ᠎ᠠ ᠬᠠᠮᠢᠶᠠᠷᠤᠭᠳᠠᠵᠤ᠂ ᠵᠠᠭᠠᠨ ᠤ ᠰᠣᠶᠤᠭ᠎ᠠ ᠶᠢᠨ ᠰᠡᠶᠢᠯᠦᠮᠡᠯ ᠤᠨ | ᠤᠷᠠᠯᠢᠭ ᠤᠨ ᠪᠦᠲᠦᠭᠡᠯ ᠬᠠᠷᠠᠭᠳᠠᠬᠤ ᠦᠭᠡᠢ ᠪᠣᠯᠵᠠᠢ᠃ ᠵᠠᠭᠠᠨ ᠤ ᠰᠣᠶᠤᠭ᠎ᠠ ᠶᠢᠨ ᠰᠡᠶᠢᠯᠦᠮᠡᠯ ᠢ ᠬᠢᠬᠦ ᠤᠷ᠎ᠠ ᠮᠡᠷᠭᠡᠵᠢᠯ ᠨᠢ ᠴᠤ ᠶᠠᠰᠤᠨ ᠰᠡᠶᠢᠯᠦᠮᠡᠯ ᠠᠴᠠ | ᠳᠠᠪᠠᠭᠤᠯᠢᠭ ᠪᠠᠶᠢᠵᠤ᠂ ᠶᠠᠰᠤᠨ ᠰᠡᠶᠢᠯᠦᠮᠡᠯ ᠨᠢ ᠵᠠᠭᠠᠨ ᠤ ᠰᠣᠶᠤᠭ᠎ᠠ ᠶᠢᠨ ᠰᠡᠶᠢᠯᠦᠮᠡᠯ ᠤᠨ ᠤᠷ᠎ᠠ ᠮᠡᠷᠭᠡᠵᠢᠯ ᠤᠨ ᠣᠭᠢ ᠰᠣᠳᠣ ᠶᠢ ᠲᠠᠰᠤᠷᠠᠯᠲᠠ ᠦᠭᠡᠢ | ᠰᠢᠩᠭᠡᠬᠡᠨ ᠠᠪᠴᠤ᠂ ᠵᠠᠭᠠᠨ ᠤ ᠰᠣᠶᠤᠭ᠎ᠠ ᠶᠢᠨ ᠰᠡᠶᠢᠯᠦᠮᠡᠯ ᠤᠨ ᠤᠷᠠᠯᠢᠭ ᠢ ᠦᠷᠭᠦᠯᠵᠢᠯᠡᠭᠦᠯᠦᠨ᠂ ᠵᠠᠭᠠᠨ ᠤ ᠰᠣᠶᠤᠭ᠎ᠠ ᠶᠢᠨ ᠰᠡᠶᠢᠯᠦᠮᠡᠯ ᠤᠨ ᠤᠷᠠᠯᠢᠭ ᠤᠨ | ᠪᠦᠷᠢᠨ ᠲᠡᠭᠦᠯᠳᠡᠷ ᠣᠷᠣᠯᠠᠯ ᠪᠣᠯᠤᠭᠰᠠᠨ ᠪᠠᠶᠢᠨ᠎ᠠ᠃ | | | | ᠮᠠᠨ ᠤ ᠤᠯᠤᠰ ᠲᠤ ᠡᠷᠲᠡ ᠡᠳᠦᠭᠡ ᠶᠢᠨ ᠮᠠᠰᠢ ᠣᠯᠠᠨ ᠶᠠᠰᠤᠨ ᠰᠡᠶᠢᠯᠦᠮᠡᠯ ᠤᠨ ᠰᠣᠳᠣᠨ ᠪᠦᠲᠦᠭᠡᠯ ᠨᠢ ᠬᠥᠮᠥᠰ ᠢ ᠱᠠᠭᠰᠢᠭᠤᠯᠵᠤ ᠪᠠᠶᠢᠭᠰᠠᠨ ᠪᠢᠯᠡ᠃ | 2003 ᠣᠨ ᠳᠤ᠂ ᠠᠩᠬᠠᠳᠤᠭᠠᠷ ᠬᠤᠭᠤᠴᠠᠭᠠᠨ ᠤ ᠪᠡᠭᠡᠵᠢᠩ ᠤᠨ ᠭᠠᠷ ᠤᠷᠠᠯᠠᠯ ᠤᠨ ᠦᠵᠡᠰᠭᠦᠯᠡᠩ ᠳᠤ ᠨᠢᠭᠡᠨ ᠲᠣᠮᠣ ᠭᠡᠯᠪᠡᠷᠢ ᠶᠢᠨ ᠶᠠᠰᠤᠨ ᠰᠡᠶᠢᠯᠦᠮᠡᠯ ᠤᠨ | ᠪᠦᠲᠦᠭᠡᠯ ︽ᠬᠠᠭᠠᠨ ᠤ ᠣᠷᠳᠣᠨ︾ ᠨᠢ ᠮᠠᠰᠢ ᠣᠯᠠᠨ ᠦᠵᠡᠭᠴᠢᠳ ᠤᠨ ᠰᠣᠨᠢᠷᠬᠠᠯ ᠢ ᠲᠠᠲᠠᠪᠠ᠃ ᠡᠨᠡ ᠬᠦ ᠶᠠᠰᠤᠨ ᠰᠡᠶᠢᠯᠦᠮᠡᠯ ᠤᠨ ᠥᠷᠭᠡᠨ ᠨᠢ 6 ᠮᠧᠲᠷ᠂ | ᠣᠷᠳᠣ ᠨᠢ 8 ᠮᠧᠲᠷ᠂ 48 ᠲᠡᠭᠰᠢ ᠳᠥᠷᠪᠡᠯᠵᠢᠨ ᠮᠧᠲᠷ ᠭᠠᠵᠠᠷ ᠡᠵᠡᠯᠡᠵᠦ᠂ ᠬᠡᠳᠦᠨ ᠠᠷᠪᠠᠨ ᠲᠦᠮᠡᠨ ᠦᠬᠡᠷ ᠤᠨ ᠶᠠᠰᠤ ᠶᠢ ᠬᠡᠷᠡᠭᠯᠡᠵᠦ᠂ 9 ᠵᠢᠯ ᠤᠨ | ᠬᠤᠭᠤᠴᠠᠭᠠᠨ ᠳᠤ ᠵᠢᠷᠤᠵᠤ ᠳᠠᠭᠤᠰᠬᠠᠵᠠᠢ᠃ ᠲᠤᠰ ᠪᠦᠲᠦᠭᠡᠯ ᠢ ᠪᠦᠷᠢᠮᠦᠰᠦᠨ ᠬᠠᠭᠠᠨ ᠤ ᠣᠷᠳᠣᠨ ᠤ ᠪᠠᠷᠢᠯᠭ᠎ᠠ ᠪᠠ ᠪᠠᠶᠢᠳᠠᠯ ᠢᠶᠠᠷ ᠰᠡᠶᠢᠯᠦᠨ ᠪᠦᠲᠦᠭᠡᠭᠰᠡᠨ | ᠶᠤᠮ᠂ ᠭᠦᠯᠢᠰ ᠵᠤᠤᠬ᠎ᠠ᠂ ᠨᠡᠷᠡᠨ ᠬᠡᠮᠵᠢᠭᠦᠷ᠂ ᠶᠠᠰᠤᠲᠤ ᠮᠡᠯᠡᠬᠡᠢ᠂ ᠲᠣᠭᠤᠷᠤᠤ᠂ ᠠᠷᠰᠯᠠᠨ ᠢ ᠴᠥᠮ ᠦᠨᠡᠨ ᠮᠥᠨ ᠢᠶᠠᠷ ᠨᠢ ᠳᠠᠭᠤᠷᠢᠶᠠᠨ ᠤᠷᠠᠯᠠᠨ ᠬᠢᠪᠡ ᠁ | ᠬᠠᠭᠠᠨ ᠤ ᠣᠷᠳᠣᠨ ᠤ 9999.5 ᠲᠠᠰᠤᠯᠭ᠎ᠠ ᠣᠷᠳᠣᠨ ᠤ ᠭᠡᠷ ᠪᠠᠶᠢᠰᠢᠩ ᠢ ᠴᠤ ᠳᠠᠭᠢᠨ ᠢᠯᠡᠷᠡᠭᠦᠯᠵᠦ᠂ ᠨᠠᠷᠢᠯᠢᠭ ᠬᠢᠴᠡ ᠪᠦᠬᠦᠢ ᠪᠦᠲᠦᠭᠡᠯ ᠨᠢ ᠬᠥᠮᠥᠰ ᠢ | ᠭᠠᠶᠢᠬᠠᠰᠢ ᠠᠯᠳᠠᠭᠤᠯᠵᠠᠢ᠃ | | | | 2020 ᠣᠨ ᠳᠤ᠂ ᠣᠷᠳᠣᠰ ᠬᠤᠲᠠ ᠶᠢᠨ ᠣᠲᠤᠭ ᠤᠨ ᠡᠮᠦᠨᠡᠲᠦ ᠬᠤᠰᠢᠭᠤᠨ ᠤ ᠦᠨᠳᠦᠰᠦᠲᠡᠨ ᠤ ᠠᠵᠢᠯ ᠮᠡᠷᠭᠡᠵᠢᠯ ᠤᠨ ᠥᠨᠳᠥᠷ ᠵᠡᠷᠭᠡ ᠶᠢᠨ | ᠳᠤᠮᠳᠠᠳᠤ ᠰᠤᠷᠭᠠᠭᠤᠯᠢ ᠶᠢᠨ ᠪᠠᠭᠰᠢ ᠬᠠᠰᠳᠠᠯᠠᠢ ᠪᠣᠯᠣᠨ ᠲᠡᠭᠦᠨ ᠤ ᠰᠤᠷᠤᠬᠴᠢᠳ 4 ᠰᠠᠷ᠎ᠠ ᠶᠢᠨ ᠬᠤᠭᠤᠴᠠᠭᠠᠨ ᠳᠤ 31 ᠮᠧᠲᠷ ᠣᠷᠳᠣ᠂ 48 ᠺᠢᠯᠣᠭ᠍ᠷᠠᠮ | ᠬᠦᠨᠳᠦ ᠶᠠᠰᠤᠨ ᠰᠡᠶᠢᠯᠦᠮᠡᠯ ᠤᠨ ᠪᠦᠲᠦᠭᠡᠯ ᠪᠤᠯᠬᠤ︽ᠮᠣᠩᠭᠤᠯ ᠤᠨ ᠨᠢᠭᠤᠴᠠ ᠲᠣᠪᠴᠢᠶᠠᠨ︾ ᠢ ᠤᠷᠠᠯᠠᠨ ᠪᠦᠲᠦᠭᠡᠵᠦ᠂ ᠦᠵᠡᠭᠴᠢᠳ ᠴᠥᠮ ᠡᠷᠡᠬᠡᠢ ᠱᠠᠩᠨᠠᠨ | ᠱᠠᠭᠰᠢᠵᠠᠭᠠᠵᠤ ᠪᠠᠶᠢᠪᠠ᠃ ᠡᠶᠢᠮᠦ ᠰᠠᠶᠢᠬᠠᠨ ᠶᠠᠰᠤᠨ ᠰᠡᠶᠢᠯᠦᠮᠡᠯ ᠤᠨ ᠤᠷᠠᠯᠢᠭ ᠢ ᠬᠠᠷᠠᠭᠠᠳ ᠹᠧᠩ ᠽᠧ ᠬᠠᠷᠢᠨ ᠶᠡᠬᠡᠳᠡ ᠰᠡᠳᠬᠢᠯ ᠵᠣᠪᠠᠨᠢᠵᠤ ᠪᠠᠶᠢᠪᠠ᠂ ᠤᠴᠢᠷ | ᠨᠢ ᠲᠡᠭᠦᠨ ᠤ ᠡᠨᠡ ᠬᠦ ᠤᠷ᠎ᠠ ᠮᠡᠷᠭᠡᠵᠢᠯ ᠢ ᠤᠯᠠᠮᠵᠢᠯᠠᠬᠤ ᠬᠥᠮᠥᠨ ᠦᠭᠡᠢ ᠪᠣᠯᠤᠭᠰᠠᠨ ᠶᠤᠮ᠃ | ︽ᠪᠢ 30 ᠭᠠᠷᠤᠢ ᠵᠢᠯ ᠶᠠᠰᠤᠨ ᠰᠡᠶᠢᠯᠦᠮᠡᠯ ᠤᠷᠠᠯᠠᠨ ᠬᠢᠵᠦ ᠰᠠᠭᠤᠯ᠎ᠠ᠂ ᠣᠳᠣ ᠪᠤᠯᠲᠠᠯ᠎ᠠ ᠨᠢᠭᠡ ᠤᠯᠠᠮᠵᠢᠯᠠᠭᠴᠢ ᠴᠤ ᠦᠭᠡᠢ᠂ ᠪᠢ ᠵᠢᠭᠠᠬᠤ ᠦᠭᠡᠢ | ᠪᠢᠰᠢ᠂ ᠬᠠᠷᠢᠨ ᠨᠠᠳᠠ ᠠᠴᠠ ᠰᠤᠷᠬᠤ ᠬᠥᠮᠥᠨ ᠠᠯᠠᠭ᠎ᠠ᠂ ᠮᠢᠨᠤ ᠥᠬᠢᠨ ᠨᠠᠳᠠ ᠠᠴᠠ ᠬᠡᠳᠦᠨ ᠡᠳᠦᠷ ᠰᠤᠷᠤᠭᠠᠳ ᠶᠠᠳᠠᠷᠠᠵᠤ ᠪᠠᠶᠢᠨ᠎ᠠ᠂ ᠪᠤᠵᠠᠷ ᠪᠠᠶᠢᠨ᠎ᠠ ᠭᠡᠳ | ᠳᠠᠭᠢᠵᠤ ᠰᠤᠷᠬᠤ ᠪᠠᠨ ᠪᠣᠯᠢᠭᠰᠠᠨ᠂ ᠡᠶᠢᠮᠦ ᠨᠠᠷᠢᠯᠢᠭ ᠬᠢᠴᠡ ᠲᠠᠢ ᠡᠷᠲᠡᠨ ᠤ ᠤᠷ᠎ᠠ ᠮᠡᠷᠭᠡᠵᠢᠯ ᠢ ᠵᠠᠯᠭᠠᠮᠵᠢᠯᠠᠬᠤ ᠬᠥᠮᠥᠨ ᠦᠭᠡᠢ ᠨᠢ ᠬᠠᠶᠢᠷᠠᠨ ᠯᠠ ᠰᠢᠭ᠋ | ᠰᠠᠨᠠᠭᠳᠠᠵᠤ ᠪᠠᠶᠢᠨ᠎ᠠ︾ ᠭᠡᠵᠦ ᠹᠧᠩ ᠽᠧ ᠰᠠᠨᠠᠭᠠᠰᠢᠷᠠᠨ ᠬᠡᠯᠡᠪᠡ᠃ | |