ᠬᠥᠬᠡᠬᠤᠲᠠ ᠶᠢᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠠᠷᠭᠠᠴᠠᠭᠠᠵᠤ ᠰᠡᠷᠭᠡᠶᠢᠯᠡᠨ ᠡᠵᠡᠮᠳᠡᠬᠦ ᠠᠵᠢᠯ ᠤᠨ ᠵᠢᠯᠤᠭᠤᠳᠬᠤ ᠭᠠᠵᠠᠷ ᠤᠨ ᠠᠯᠪᠠᠨ ᠵᠠᠷᠯᠠᠯ
ᠨᠡᠶᠢᠲᠡᠯᠡᠭᠰᠡᠨ ᠴᠠᠭ᠄
2022/9/30
                 ︵2022 ᠣᠨ ᠤ 79 ᠳ᠋ᠤᠭᠡᠷ ᠲᠣᠭᠠᠲᠤ︶         2022 ᠣᠨ ᠤ 9 ᠳ᠋ᠤᠭᠡᠷ ᠰᠠᠷ᠎ᠠ ᠶᠢᠨ 29 ᠤ ᠡᠳᠦᠷ ᠤᠨ 0 ︱ 24 ᠴᠠᠭ ᠲᠤ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠲᠣᠳᠤᠯᠠᠭᠰᠠᠨ ᠡᠪᠡᠳᠴᠢᠨ ᠤ ᠵᠢᠱᠢᠶ᠎ᠡ 1ᠨᠡᠮᠡᠭᠳᠡᠪᠡ᠂ ᠲᠥᠪᠯᠡᠷᠡᠭᠦᠯᠦᠨ ᠲᠤᠰᠠᠭᠠᠷᠯᠠᠬᠤ ᠴᠡᠭ ᠠᠴᠠ ᠪᠠᠶᠢᠴᠠᠭᠠᠵᠤ ᠭᠠᠷᠭᠠᠪᠠ᠂ ᠬᠤᠯᠪᠤᠭᠳᠠᠬᠤ ᠣᠶᠢᠷ᠎ᠠ ᠬᠠᠪᠢᠳᠠᠯ᠂ ᠳᠠᠮ ᠣᠶᠢᠷ᠎ᠠ ᠬᠠᠪᠢᠳᠠᠯ ᠬᠥᠮᠥᠰ ᠴᠥᠮ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠵᠤ᠂ ᠲᠠᠬᠤᠯ ᠡᠪᠡᠳᠴᠢᠨ ᠤ ᠪᠠᠶᠢᠴᠠᠭᠠᠯᠲᠠ ᠪᠠᠷ ᠡᠬᠢ ᠡᠭᠦᠰᠦᠯ ᠢ ᠮᠦᠷᠳᠡᠬᠦ᠂ ᠪᠥᠭᠡᠮ ᠬᠦᠴᠢᠯ ᠤᠨ ᠪᠠᠶᠢᠴᠠᠭᠠᠯᠲᠠ ᠬᠢᠬᠦ᠂ ᠲᠤᠰᠠᠭᠠᠷᠯᠠᠵᠤ ᠰᠢᠯᠵᠢᠭᠦᠯᠬᠦ᠂  ᠡᠮᠴᠢᠯᠡᠵᠦ ᠠᠪᠤᠷᠠᠨ ᠵᠠᠰᠠᠬᠤ ᠵᠡᠷᠭᠡ ᠬᠤᠯᠪᠣᠭᠳᠠᠯ ᠪᠦᠬᠦᠢ ᠠᠵᠢᠯ ᠢ ᠶᠠᠭ ᠡᠮᠬᠢ ᠵᠢᠷᠤᠮ ᠲᠠᠢ ᠶᠠᠪᠤᠭᠳᠠᠭᠤᠯᠵᠤ ᠪᠠᠶᠢᠨ᠎ᠠ᠃ ᠬᠢᠵᠢᠭ ᠬᠠᠯᠳᠠᠪᠤᠷᠢᠯᠠᠬᠤ ᠵᠠᠮ ᠢ ᠡᠷᠡᠰ ᠲᠠᠰᠤᠯᠵᠤ᠂ ᠠᠷᠠᠳ ᠣᠯᠠᠨ ᠤ ᠪᠡᠶ᠎ᠡ ᠮᠠᠬᠠᠪᠤᠳ ᠤᠨ ᠡᠷᠡᠭᠦᠯ ᠮᠡᠨᠳᠦ ᠪᠠ ᠠᠮᠢ ᠨᠠᠰᠤᠨ ᠤ ᠠᠮᠤᠷ ᠲᠦᠪᠰᠢᠨ ᠢ ᠦᠨᠡᠨᠬᠦ ᠪᠠᠲᠤᠯᠠᠬᠤ ᠶᠢᠨ ᠲᠥᠯᠥᠭᠡ᠂ ᠡᠳᠦᠭᠡ ᠲᠣᠰ ᠤᠳᠠᠭᠠᠨ ᠤ ᠬᠢᠵᠢᠭ ᠤᠨ ᠪᠠᠶᠢᠳᠠᠯ ᠳᠤ ᠳᠣᠣᠷᠠᠬᠢ ᠮᠡᠲᠦ ᠠᠷᠭ᠎ᠠ ᠬᠡᠮᠵᠢᠶ᠎ᠡ ᠶᠢ ᠠᠪᠤᠶ᠎ᠠ᠄      ᠨᠢᠭᠡ᠂ 9 ᠳ᠋ᠤᠭᠡᠷ ᠰᠠᠷ᠎ᠠ ᠶᠢᠨ 30 ᠤ ᠡᠳᠦᠷ ᠠᠴᠠ ᠡᠬᠢᠯᠡᠨ᠂ ᠬᠤᠲᠠ ᠶᠢᠨ ᠳᠥᠷᠪᠡᠨ ᠲᠣᠭᠤᠷᠢᠭ ᠤᠨ  ᠭᠤᠣᠯᠳᠠᠯᠭ᠎ᠠ ᠲᠠᠢ ᠣᠷᠣᠨ ᠪᠦᠰᠡ ᠪᠠᠷ ᠵᠠᠭᠠᠭᠯᠠᠨ ᠲᠣᠭᠲᠠᠭᠠᠭᠰᠠᠨ ᠣᠷᠣᠨ ᠤ ᠳᠣᠲᠣᠷᠠᠬᠢ ᠬᠥᠮᠥᠰ ᠲᠤ 3 ᠡᠳᠦᠷ ᠳᠠᠷᠠᠭᠠᠯᠠᠨ ᠪᠥᠭᠡᠮ ᠬᠦᠴᠢᠯ ᠤᠨ ᠪᠠᠶᠢᠴᠠᠭᠠᠯᠲᠠ ᠬᠢᠵᠦ᠂ ᠡᠳᠦᠷ ᠲᠤ ᠨᠢᠭᠡ ᠤᠳᠠᠭ᠎ᠠ ᠪᠠᠶᠢᠴᠠᠭᠠᠨ᠎ᠠ︔ ᠬᠤᠲᠠ ᠶᠢᠨ ᠳᠥᠷᠪᠡᠨ ᠲᠣᠭᠤᠷᠢᠭ ᠤᠨ ᠪᠤᠰᠤᠳ ᠣᠷᠣᠨ ᠪᠦᠰᠡ ᠵᠢᠴᠢ ᠲᠦᠮᠡᠳ ᠵᠡᠭᠦᠨ ᠬᠤᠰᠢᠭᠤᠨ ᠤ ᠵᠢᠨᠴᠤᠸᠠᠨ ᠣᠷᠣᠨ ᠤ ᠳᠣᠲᠤᠷᠠᠬᠢ ᠬᠥᠮᠥᠰ ᠢ ᠭᠤᠷᠪᠠᠨ ᠡᠳᠦᠷ ᠲᠤ ᠬᠤᠶᠠᠷ ᠤᠳᠠᠭ᠎ᠠ ︵ᠬᠤᠶᠠᠷ ᠤᠳᠠᠭᠠᠨ ᠤ ᠪᠥᠭᠡᠮ ᠬᠦᠴᠢᠯ ᠤᠨ  ᠪᠠᠶᠢᠴᠠᠭᠠᠯᠲᠠ ᠶᠢᠨ ᠠᠯᠤᠰᠯᠠᠬᠤ ᠵᠠᠢ ᠨᠢ 24 ᠴᠠᠭ ᠠᠴᠠ ᠳᠡᠭᠡᠭᠰᠢ ᠪᠠᠶᠢᠬᠤ︶  ᠪᠠᠶᠢᠴᠠᠭᠠᠵᠤ᠂ ᠱᠠᠭᠠᠷᠳᠠᠯᠭ᠎ᠠ ᠶᠣᠰᠣᠭᠠᠷ ᠪᠠᠶᠢᠴᠠᠭᠠᠨ ᠰᠢᠯᠭᠠᠭᠰᠠᠨ ᠦᠭᠡᠢ ᠬᠥᠮᠥᠰ ᠲᠤ  ︽ᠬᠦᠬᠡᠬᠤᠲᠠ ᠶᠢᠨ ᠺᠣᠳ᠋︾ ᠳᠡᠭᠡᠷ᠎ᠡ ᠨᠢ ᠠᠩᠬᠠᠷᠠᠭᠤᠯᠤᠨ ᠰᠠᠨᠠᠭᠤᠯᠬᠤ ᠴᠤᠩᠬᠤ ᠢᠯᠡᠷᠡᠭᠦᠯᠬᠦ ᠬᠠᠮᠢᠶᠠᠷᠤᠯᠲᠠ ᠶᠢ ᠬᠡᠷᠡᠭᠵᠢᠭᠦᠯᠦᠨ᠎ᠡ᠃      ᠬᠤᠶᠠᠷ᠂ ᠪᠦᠬᠦ ᠬᠤᠳᠠ ᠶᠢᠨ ᠬᠡᠪᠴᠢᠶᠡᠨ ᠳᠠᠬᠢ ᠬᠤᠷᠢᠮ ᠨᠠᠶᠢᠷ ᠲᠦᠷᠦᠭᠰᠡᠨ ᠡᠳᠦᠷ ᠤᠨ ᠪᠠᠶᠠᠷ ᠨᠠᠶᠢᠷ ᠵᠡᠷᠭᠡ ᠪᠠᠶᠠᠷ ᠤᠨ ᠶᠠᠪᠤᠳᠠᠯ ᠢ ᠬᠤᠶᠢᠰᠢᠯᠠᠭᠤᠯᠤᠨ᠎ᠠ︔ ᠣᠷᠣᠰᠢᠭᠤᠯᠭ᠎ᠠ ᠪᠡᠯᠪᠡᠰᠦᠷᠡᠯ ᠢ ᠴᠥᠮ ᠳᠥᠭᠦᠮᠴᠢᠯᠡᠨ᠂ ᠡᠷᠭᠢᠯᠡᠬᠦ ᠬᠡᠪᠴᠢᠶ᠎ᠡ ᠶᠢ ᠬᠢᠵᠠᠭᠠᠷᠯᠠᠬᠤ ᠶᠢᠨ ᠬᠠᠮᠲᠤ᠂ ᠲᠡᠷᠡ ᠳᠠᠷᠤᠢ ᠳᠤᠨᠢ ᠨᠡᠶᠢᠭᠡᠮ ᠲᠣᠭᠤᠷᠢᠭ ︵ᠲᠣᠰᠬᠤᠨ︶᠂ ᠨᠢᠭᠡᠴᠡ ᠳᠤ ᠪᠠᠨ ᠮᠡᠳᠡᠭᠦᠯᠦᠨ ᠳᠠᠩᠰᠠᠯᠠᠭᠤᠯᠵᠤ᠂ ᠪᠡᠶ᠎ᠡ ᠶᠢᠨ ᠳᠤᠯᠠᠭᠠᠨ ᠢ ᠬᠡᠮᠵᠢᠬᠦ᠂ ᠠᠮᠠᠪᠴᠢ ᠵᠡᠭᠦᠬᠦ᠂  ᠬᠦᠬᠡᠬᠤᠲᠠ  ᠶᠢᠨ ᠺᠣᠳ᠋ ᠪᠠ ᠪᠥᠭᠡᠮ ᠬᠦᠴᠢᠯ ᠤᠨ ᠪᠠᠶᠢᠴᠠᠭᠠᠯᠲᠠ ᠶᠢᠨ ᠪᠢᠯᠢᠭ ᠴᠢᠨᠠᠷ ᠤᠨ ᠭᠡᠷᠡᠴᠢ ᠶᠢ ᠪᠠᠶᠢᠴᠠᠭᠠᠨ ᠰᠢᠯᠭᠠᠬᠤ ᠵᠡᠷᠭᠡ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠴᠢᠩᠭ᠎ᠠ ᠨᠠᠶᠢᠳᠠᠪᠤᠷᠢᠵᠢᠭᠤᠯᠬᠤ ᠬᠡᠷᠡᠭᠲᠡᠢ᠃      ᠭᠤᠷᠪᠠ᠂ ᠡᠯ᠎ᠡ ᠲᠥᠷᠥᠯ ᠤᠨ ᠬᠤᠷᠠᠯ᠂ ᠦᠵᠡᠭᠦᠯᠦᠯᠭᠡ ᠶᠢᠨ ᠴᠤᠭᠯᠠᠭᠠᠨ ᠵᠡᠷᠭᠡ ᠴᠤᠭᠯᠠᠷᠠᠯ ᠤᠨ ᠴᠢᠨᠠᠷᠲᠠᠢ ᠠᠵᠢᠯᠯᠠᠭ᠎ᠠ ᠶᠢ ᠵᠠᠷᠴᠢᠮ ᠳᠡᠭᠡᠷ᠎ᠡ ᠪᠠᠨ ᠡᠷᠭᠢᠯᠡᠬᠦ ᠦᠭᠡᠢ᠂ ᠦᠨᠡᠨᠬᠦ ᠡᠷᠭᠢᠯᠡᠬᠦ ᠴᠢᠬᠤᠯᠠᠲᠠᠢ ᠪᠣᠯ ᠬᠤᠲᠠ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠤᠭᠤᠳᠬᠤ ᠭᠠᠵᠠᠷ ᠲᠤ ᠤᠷᠢᠳᠴᠢᠯᠠᠨ ᠮᠡᠳᠡᠭᠦᠯᠦᠨ ᠳᠠᠩᠰᠠᠯᠠᠭᠤᠯᠬᠤ ᠶᠢᠨ ᠬᠠᠮᠲᠤ ᠡᠷᠭᠢᠯᠡᠬᠦ ᠬᠡᠪᠴᠢᠶ᠎ᠡ ᠶᠢ ᠬᠢᠵᠠᠭᠠᠷᠯᠠᠵᠤ᠂ ᠪᠡᠶ᠎ᠡ ᠶᠢᠨ ᠳᠤᠯᠠᠭᠠᠨ ᠢ ᠬᠡᠮᠵᠢᠬᠦ᠂ ᠠᠮᠠᠪᠴᠢ ᠵᠡᠭᠦᠬᠦ᠂ ᠬᠦᠬᠡᠬᠤᠲᠠ ᠶᠢᠨ ᠺᠣᠳ᠋ ᠪᠠ ᠪᠥᠭᠡᠮ ᠬᠦᠴᠢᠯ ᠤᠨ ᠪᠠᠶᠢᠴᠠᠭᠠᠯᠲᠠ ᠶᠢᠨ ᠪᠢᠯᠢᠭ ᠴᠢᠨᠠᠷ ᠤᠨ ᠭᠡᠷᠡᠴᠢ ᠶᠢ ᠪᠠᠶᠢᠴᠠᠭᠠᠨ ᠰᠢᠯᠭᠠᠬᠤ ᠵᠡᠷᠭᠡ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠴᠢᠩᠭ᠎ᠠ ᠨᠠᠶᠢᠳᠠᠪᠤᠷᠢᠵᠢᠭᠤᠯᠬᠤ ᠬᠡᠷᠡᠭᠲᠡᠢ᠃      ᠳᠥᠷᠪᠡ᠂ ᠪᠥᠬᠦ ᠬᠤᠲᠠ ᠶᠢᠨ ᠡᠯ᠎ᠡ ᠲᠥᠷᠥᠯ ᠤᠨ ᠣᠯᠠᠨ ᠨᠡᠶᠢᠲᠡ ᠶᠢᠨ ᠰᠣᠶᠣᠯ ᠤᠨ ᠲᠠᠯᠠᠪᠤᠷ ᠣᠷᠳᠣᠨ᠂ ᠦᠵᠡᠮᠵᠢ ᠶᠢᠨ ᠣᠷᠣᠨ᠂ ᠡᠵᠡᠩᠨᠡᠯᠲᠡ ᠶᠢᠨ ᠴᠢᠨᠠᠷᠲᠠᠢ ᠵᠤᠭ᠎ᠠ ᠴᠡᠩᠭᠡᠯ ᠤᠨ ᠲᠠᠯᠠᠪᠤᠷ ᠭᠠᠵᠠᠷ ︵ᠰᠦᠯᠵᠢᠶᠡᠨ ᠤ ᠪᠠᠭᠠᠷ᠂ ᠤᠬᠢᠶᠠᠯᠭ᠎ᠠ ᠶᠢᠨ ᠭᠠᠵᠠᠷ᠂ KTV᠂ ᠺᠢᠨᠣ᠋ ᠶᠢᠨ ᠣᠷᠳᠣᠨ᠂ ᠠᠷᠢᠬᠢᠨ ᠮᠤᠬᠤᠯᠠᠭ᠂ ᠴᠠᠢ ᠶᠢᠨ ᠮᠤᠬᠤᠯᠠᠭ ᠲᠣᠭᠯᠠᠭᠠᠮ ᠤᠨ ᠲᠢᠩᠬᠢᠮ᠂ ᠪᠡᠶ᠎ᠡ ᠴᠢᠭᠢᠷᠠᠭᠵᠢᠭᠤᠯᠬᠤ ᠭᠠᠵᠠᠷ᠂ ᠬᠥᠯ ᠤᠬᠢᠶᠠᠯᠭ᠎ᠠ ᠶᠢᠨ ᠭᠠᠵᠠᠷ ᠵᠢᠴᠢ ᠺᠣᠹᠧ ᠶᠢᠨ ᠮᠤᠬᠤᠯᠠᠭ ᠵᠡᠷᠭᠡ︶ ᠲᠤ ᠤᠷᠤᠰᠬᠠᠯ ᠵᠦᠷᠢᠭᠦᠯᠦᠨ ᠵᠣᠴᠢᠯᠠᠬᠤ᠂ ᠣᠷᠣᠬᠤ ᠬᠦᠮᠦᠨ ᠤ ᠲᠤᠭ᠎ᠠ ᠶᠢ ᠬᠢᠵᠠᠭᠠᠷᠯᠠᠬᠤ ᠠᠷᠭ᠎ᠠ ᠬᠡᠮᠵᠢᠶ᠎ᠡ ᠠᠪᠴᠤ᠂ ᠣᠷᠣᠬᠤ ᠬᠥᠮᠥᠨ ᠤ ᠲᠤᠭ᠎ᠠ ᠶᠢ ᠲᠤᠭᠲᠠᠭᠠᠭᠰᠠᠨ   ᠬᠦᠯᠢᠶᠡᠨ ᠠᠪᠴᠤ ᠵᠣᠴᠢᠯᠠᠬᠤ ᠬᠥᠮᠥᠨ ᠤ ᠲᠤᠭ᠎ᠠ ᠶᠢᠨ 50% ᠶᠢᠨ ᠳᠣᠲᠣᠷ᠎ᠠ ᠴᠢᠩᠭ᠎ᠠ ᠬᠢᠵᠠᠭᠠᠷᠯᠠᠨ᠎ᠠ᠃
ᠢᠷᠡᠯᠲᠡ᠄ ᠬᠦᠬᠡᠬᠤᠲᠠ ᠶᠢᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ