︽ᠮᠦᠩᠭᠡ ᠰᠤᠪᠠᠭ︾ ᠪᠠᠰᠠ 4 ᠵᠦᠢᠯ ᠤᠨ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠲᠤᠬᠠᠶᠢᠯᠠᠭᠰᠠᠨ ᠠᠵᠢᠯ ᠤᠨ ᠦᠢᠯᠡᠴᠢᠯᠡᠭᠡ ᠨᠡᠮᠡᠪᠡ
ᠨᠡᠶᠢᠲᠡᠯᠡᠭᠰᠡᠨ ᠴᠠᠭ᠄
2022/8/8
      8 ᠳ᠋ᠤᠭᠠᠷ ᠰᠠᠷ᠎ᠠ ᠶᠢᠨ 7 ᠤ ᠡᠳᠦᠷ᠂ ᠬᠥᠬᠡᠬᠤᠲᠠ ᠶᠢᠨ ᠣᠷᠣᠢ ᠶᠢᠨ ᠰᠣᠨᠢᠨ ᠤ ᠰᠤᠷᠪᠤᠯᠵᠢᠯᠠᠭᠴᠢ ᠶᠢᠨ ᠣᠶᠢᠯᠠᠭᠠᠭᠰᠠᠨ ᠢᠶᠠᠷ᠂ ᠣᠯᠠᠨ ᠲᠦᠮᠡᠨ ᠤ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠲᠤᠬᠠᠶᠢᠯᠠᠭᠰᠠᠨ ᠠᠵᠢᠯ ᠭᠦᠢᠴᠡᠳᠬᠡᠬᠦ ᠳᠤ ᠲᠥᠬᠦᠮ ᠦᠵᠡᠭᠦᠯᠬᠦ ᠶᠢᠨ ᠲᠤᠰᠠᠳᠠ᠂ ︽  ᠮᠦᠩᠭᠡ ᠰᠤᠪᠠᠭ︾ App ᠨᠢ ︽ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠵᠢᠭᠡᠯᠡᠯᠭᠡ ᠶᠢ ᠪᠦᠬᠦᠨ ᠢ ᠤᠷᠢᠳᠴᠢᠯᠠᠨ ᠪᠤᠴᠠᠭᠠᠬᠤ︾ ︽ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠵᠢᠭᠡᠯᠡᠯᠭᠡ ᠶᠢ ᠪᠤᠴᠠᠭᠠᠭᠰᠠᠨ ᠭᠡᠷᠡᠴᠢ ᠶᠢ ᠳᠠᠷᠤᠮᠠᠯᠯᠠᠬᠤ︾ ︽ᠪᠤᠰᠤᠳ ᠠᠵᠢᠯ ᠲᠥᠷᠥᠯ ᠤᠨ ᠲᠥᠪ ᠤᠨ ᠵᠢᠭᠡᠯᠡᠯᠭᠡ ᠶᠢ ᠲᠤᠯᠭᠠᠨ ᠪᠤᠴᠠᠭᠠᠬᠤ︾ ᠪᠠ ︽ᠬᠤᠳᠠᠯᠳᠤᠭᠠᠨ ᠤ ᠪᠠᠩᠬᠢ ᠶᠢᠨ ᠵᠢᠭᠡᠯᠡᠯᠭᠡ ᠶᠢ ᠲᠤᠯᠭᠠᠨ ᠪᠤᠴᠠᠭᠠᠬᠤ︾ 4 ᠵᠦᠢᠯ ᠤᠨ ᠲᠤᠬᠠᠶᠢᠯᠠᠭᠰᠠᠨ ᠠᠵᠢᠯ ᠤᠨ ᠦᠢᠯᠡᠴᠢᠯᠡᠭᠡ ᠶᠢ ᠰᠢᠨ᠎ᠡ ᠪᠠᠷ ᠨᠡᠮᠡᠪᠡ᠃      ᠣᠶᠢᠯᠠᠭᠠᠭᠰᠠᠨ ᠢᠶᠠᠷ᠂ ᠰᠢᠨ᠎ᠡ ᠪᠠᠷ ᠨᠡᠮᠡᠭᠳᠡᠭᠰᠡᠨ 4 ᠵᠦᠢᠯ ᠤᠨ ᠲᠤᠬᠠᠶᠢᠯᠠᠭᠰᠠᠨ ᠠᠵᠢᠯ ᠤᠨ ᠳᠣᠲᠣᠷᠠᠬᠢ ︽ᠬᠤᠳᠠᠯᠳᠤᠭᠠᠨ ᠤ ᠪᠠᠩᠬᠢ ᠶᠢᠨ ᠵᠢᠭᠡᠯᠡᠯᠭᠡ ᠶᠢ ᠲᠤᠯᠭᠠᠨ ᠪᠤᠴᠠᠭᠠᠬᠤ︾ ᠲᠤᠬᠠᠶᠢᠯᠠᠭᠰᠠᠨ ᠠᠵᠢᠯ ᠢ ᠣᠳᠣᠬᠠᠨ ᠳᠤ ᠵᠠᠯᠭᠠᠨ ᠣᠷᠤᠭᠤᠯᠤᠭᠰᠠᠨ  ᠪᠠᠩᠬᠢ ᠪᠣᠯ ᠳᠤᠮᠳᠠᠳᠤ ᠤᠯᠤᠰ ᠤᠨ ᠪᠠᠩᠬᠢ᠂ ᠲᠠᠷᠢᠶᠠᠯᠠᠩ ᠤᠨ ᠪᠠᠩᠬᠢ᠂ ᠦᠢᠯᠡᠳᠪᠦᠷᠢ ᠬᠤᠳᠠᠯᠳᠤᠭᠠᠨ ᠤ ᠪᠠᠩᠬᠢ᠂ ᠪᠦᠲᠦᠭᠡᠨ ᠪᠠᠶᠢᠭᠤᠯᠤᠯᠲᠠ ᠶᠢᠨ ᠪᠠᠩᠬᠢ᠂ ᠰᠢᠩ ᠶᠧ ᠪᠠᠩᠬᠢ ᠪᠣᠯᠣᠨ᠎ᠠ᠂ ︽ᠪᠤᠰᠤᠳ ᠠᠵᠢᠯ ᠲᠥᠷᠥᠯ ᠤᠨ ᠲᠥᠪ ᠤᠨ ᠵᠢᠭᠡᠯᠡᠯᠭᠡ ᠶᠢ ᠲᠤᠯᠭᠠᠨ ᠪᠤᠴᠠᠭᠠᠬᠤ︾ ᠲᠤᠬᠠᠶᠢᠯᠠᠭᠰᠠᠨ ᠠᠵᠢᠯ ᠢ ᠵᠠᠯᠭᠠᠨ ᠣᠷᠣᠭᠤᠯᠤᠭᠰᠠᠨ ᠨᠢ ᠥᠪᠥᠷ ᠮᠣᠩᠭᠤᠯ ᠤᠨ ᠴᠠᠬᠢᠯᠭᠠᠨ ᠬᠦᠴᠦᠨ ᠤ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠲᠥᠪ ᠪᠣᠯᠣᠨ᠎ᠠ᠃      ᠬᠥᠬᠡᠬᠤᠲᠠ ᠶᠢᠨ ᠣᠷᠣᠢ ᠶᠢᠨ ᠰᠣᠨᠢᠨ ᠤ ᠰᠤᠷᠪᠤᠯᠵᠢᠯᠠᠭᠴᠢ ︽ᠮᠦᠩᠭᠡ ᠰᠤᠪᠠᠭ︾ App ᠶᠢ ᠨᠡᠭᠡᠭᠡᠵᠦ᠂ ᠲᠦᠷᠦᠭᠦᠸ ᠨᠢᠭᠤᠷ ᠲᠤ ︽ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠲᠤᠰᠬᠠᠢ ᠣᠷᠣᠨ︾ ᠢ  ᠲᠣᠪᠴᠢᠳᠠᠬᠤ ᠳᠤ᠂ ᠰᠢᠨ᠎ᠡ ᠪᠠᠷ ᠨᠡᠮᠡᠭᠳᠡᠭᠰᠡᠨ 4 ᠵᠦᠢᠯ ᠤᠨ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠲᠤᠬᠠᠶᠢᠯᠠᠭᠰᠠᠨ ᠠᠵᠢᠯ ᠤᠨ ᠦᠢᠯᠡᠴᠢᠯᠡᠭᠡᠨ ᠤ ᠰᠣᠩᠭᠤᠯᠲᠠ ᠶᠢ ᠣᠯᠵᠤ ᠬᠠᠷᠠᠨ᠎ᠠ᠂ ᠬᠡᠷᠡᠭᠯᠡᠭᠴᠢ ᠥᠪᠡᠷ ᠤᠨ ᠬᠡᠷᠡᠭᠴᠡᠭᠡ ᠪᠠᠨ ᠦᠨᠳᠦᠰᠦᠯᠡᠨ ᠰᠢᠭᠤᠳ ᠲᠣᠪᠴᠢᠳᠠᠭᠠᠳ ᠠᠵᠢᠯ ᠶᠠᠪᠤᠳᠠᠯ ᠭᠦᠢᠴᠡᠳᠬᠡᠵᠦ ᠪᠣᠯᠣᠨ᠎ᠠ᠃ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠲᠤᠰᠢᠶᠠᠨ ᠬᠠᠳᠠᠭᠠᠯᠠᠭᠤᠯᠵᠤ ᠪᠠᠶᠢᠭ᠎ᠠ ᠥᠷᠭᠡᠨ ᠣᠯᠠᠨ ᠠᠵᠢᠯᠲᠠᠨ ᠠᠵᠢᠯᠴᠢᠨ ︽  ᠮᠦᠩᠭᠡ ᠰᠤᠪᠠᠭ︾ App ᠶᠢ ᠬᠡᠷᠡᠭᠯᠡᠨ ᠭᠡᠷ ᠠᠴᠠ ᠪᠠᠨ ᠭᠠᠷᠬᠤ ᠦᠭᠡᠢ ᠪᠠᠷ ᠠᠵᠢᠯ ᠶᠠᠪᠤᠳᠠᠯ ᠬᠦᠢᠴᠡᠳᠭᠡᠵᠦ ᠪᠣᠯᠣᠨ᠎ᠠ᠃      ᠰᠣᠷᠪᠤᠯᠵᠢᠯᠠᠭ᠎ᠠ ᠳᠤᠮᠳᠠ ᠬᠤᠲᠠ ᠶᠢᠨ ᠠᠷᠠᠳ ᠸᠠᠩ ᠰᠢᠶᠣᠣ  ᠷᠦ ᠬᠡᠯᠡᠬᠦ ᠳᠡᠭᠡᠨ᠄ ︽ᠡᠮᠦᠨ᠎ᠡ ᠨᠢ ᠪᠢ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠵᠢᠭᠡᠯᠡᠯᠭᠡ ᠶᠢ ᠪᠦᠬᠦᠨ ᠢ ᠤᠷᠢᠳᠴᠢᠯᠠᠨ ᠪᠤᠴᠠᠭᠠᠬᠤ ᠲᠤᠬᠠᠶᠢᠯᠠᠭᠰᠠᠨ ᠠᠵᠢᠯ ᠢ ᠭᠦᠢᠴᠡᠳᠬᠡᠵᠦ ᠥᠩᠭᠡᠷᠡᠵᠡᠢ᠂ ᠭᠦᠢᠴᠡᠳᠬᠡᠬᠦ ᠶᠠᠪᠤᠴᠠ ᠨᠢ ᠲᠤᠶᠢᠯ ᠤᠨ ᠪᠤᠳᠤᠯᠢᠶᠠᠨᠲᠠᠢ᠃ ᠡᠩ ᠲᠡᠷᠢᠭᠦᠨ ᠳᠤ ᠭᠤᠶᠤᠴᠢᠯᠠᠨ᠎ᠠ᠂ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠲᠥᠪ ᠤᠨ ᠬᠤᠯᠪᠣᠭᠳᠠᠯ ᠪᠦᠬᠦᠢ ᠠᠵᠢᠯ ᠶᠠᠪᠤᠳᠠᠯ ᠭᠦᠢᠴᠡᠳᠬᠡᠬᠦ ᠠᠵᠢᠯᠲᠠᠨ ᠭᠤᠶᠤᠴᠢᠯᠠᠯ ᠢ ᠵᠦᠪᠰᠢᠶᠡᠷᠡᠵᠦ᠂ ᠮᠠᠲ᠋ᠧᠷᠢᠶᠠᠯ ᠢᠶᠠᠨ ᠲᠤᠰᠢᠶᠠᠭᠠᠳ ᠳᠠᠬᠢᠨ ᠪᠠᠩᠬᠢ ᠳᠤ ᠣᠴᠢᠵᠤ ᠵᠣᠭᠤᠰ ᠢᠶᠠᠨ ᠲᠤᠰᠢᠶᠠᠨ᠎ᠠ᠂ ᠡᠭᠦᠨ ᠢᠶᠠᠷ ᠪᠠᠷᠠᠬᠤ ᠦᠭᠡᠢ ᠬᠤᠲᠠ ᠲᠣᠭᠤᠷᠢᠭ ᠬᠤᠶᠠᠷ ᠱᠠᠲᠤᠨ ᠤ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢ ᠭᠦᠢᠴᠡᠳᠬᠡᠬᠦ ᠱᠠᠭᠠᠷᠳᠠᠯᠭ᠎ᠠ ᠨᠢ ᠴᠦ ᠠᠳᠠᠯᠢ ᠦᠭᠡᠢ ᠪᠠᠶᠢᠳᠠᠭ᠃ ᠣᠳᠣ ᠰᠦᠯᠵᠢᠶᠡᠨ ᠳᠡᠭᠡᠷ᠎ᠡ ᠲᠤᠬᠠᠶᠢᠯᠠᠭᠰᠠᠨ ᠠᠵᠢᠯ ᠢ ᠭᠦᠢᠴᠡᠳᠬᠡᠵᠦ ᠴᠢᠳᠠᠬᠤ  ᠪᠣᠯᠴᠢᠬᠠᠯ᠎ᠠ᠂ ᠭᠦᠢᠴᠡᠳᠬᠡᠬᠦ ᠨᠢ ᠨᠡᠩ ᠬᠤᠷᠳᠣᠨ ᠪᠣᠯᠵᠤ᠂ ᠠᠷᠠᠳ ᠲᠤ ᠨᠡᠩ ᠳᠥᠭᠦᠮ ᠦᠵᠡᠭᠦᠯᠵᠦ ᠴᠢᠳᠠᠨ᠎ᠠ ᠭᠡᠳᠡᠭ ᠲᠤ ᠢᠲᠡᠭᠡᠵᠦ ᠪᠠᠶᠢᠨ᠎ᠠ︾ ᠭᠡᠵᠦ ᠪᠠᠶᠢᠯ᠎ᠠ᠃
ᠢᠷᠡᠯᠲᠡ᠄ ᠬᠥᠬᠡᠬᠤᠲᠠ ᠶᠢᠨ ᠣᠷᠣᠢ ᠶᠢᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ