| | | ᠴᠢᠩ ᠱᠦᠢ ᠾᠧ ᠰᠢᠶᠠᠨ ᠤ ᠴᠠᠭ ᠠᠭᠤᠷ ᠤᠨ ᠲᠣᠪᠴᠢᠶ᠎ᠠ ᠶᠢᠨ ᠠᠵᠢᠯᠲᠠᠨ ᠶᠠᠩ ᠰᠢᠨ᠂ ᠵᠦ ᠵᠢᠶᠠ ᠢ ᠶᠢᠨ ᠲᠠᠨᠢᠯᠴᠠᠭᠤᠯᠤᠭᠰᠠᠨ ᠢᠶᠠᠷ᠂ | ᠬᠥᠬᠡᠬᠤᠲᠠ ᠶᠢᠨ ᠴᠢᠩ ᠱᠦᠢ ᠾᠧ ᠰᠢᠶᠠᠨ ᠳᠤ 8 ᠳ᠋ᠤᠭᠠᠷ ᠰᠠᠷ᠎ᠠ ᠶᠢᠨ 17 ᠤ ᠡᠳᠦᠷ ᠤᠨ 23 ᠴᠠᠭ ᠠᠴᠠ ᠡᠬᠢᠯᠡᠨ ᠪᠣᠷᠣᠭᠠᠨ ᠣᠷᠣᠵᠤ᠂ 18 ᠤ | ᠡᠳᠦᠷ ᠤᠨ 7 ᠴᠠᠭ ᠪᠣᠯᠲᠠᠯ᠎ᠠ᠂ ᠪᠥᠬᠦ ᠰᠢᠶᠠᠨ ᠳᠤ ᠨᠡᠶᠢᠳᠡᠮ ᠰᠢᠷᠦᠭᠦᠨ ᠪᠣᠷᠣᠭᠠᠨ ᠣᠷᠣᠵᠤ᠂ ᠬᠡᠰᠡᠭ ᠭᠠᠵᠠᠷ ᠲᠤ ᠣᠨᠴᠠ ᠶᠡᠭᠡ ᠰᠢᠷᠦᠭᠦᠨ ᠪᠣᠷᠣᠭᠠᠨ | ᠣᠷᠣᠵᠤ᠂ ᠬᠠᠮᠤᠭ ᠤᠨ ᠶᠡᠭᠡ ᠲᠤᠨᠤᠳᠠᠰᠤᠨ ᠤ ᠬᠡᠮᠵᠢᠶ᠎ᠡ ᠨᠢ ᠴᠢᠩ ᠱᠦᠢ ᠾᠧ ᠰᠢᠶᠠᠨ ᠤ ᠯᠣᠸ ᠨᠢᠦ ᠸᠠᠨ ᠪᠠᠯᠭᠠᠰᠤᠨ ᠳᠤ ᠢᠯᠡᠷᠡᠵᠦ᠂ 135.4 | ᠮᠢᠯᠢᠮᠧᠲᠷ ᠲᠤ ᠬᠦᠷᠪᠡ᠂ ᠨᠢᠭᠡ ᠴᠠᠭ ᠤᠨ ᠳᠣᠲᠤᠷ᠎ᠠ ᠣᠷᠤᠭᠰᠠᠨ ᠪᠣᠷᠤᠭᠠᠨ ᠤ ᠬᠡᠮᠵᠢᠶ᠎ᠡ ᠪᠠᠷ ᠬᠠᠮᠤᠭ ᠤᠨ ᠶᠡᠭᠡ ᠨᠢ 18 ᠤ ᠡᠳᠦᠷ ᠤᠨ 5 ᠴᠠᠭ ᠠᠴᠠ 6 | ᠴᠠᠭ ᠪᠣᠯᠲᠠᠯ᠎ᠠ ᠴᠢᠩ ᠱᠦᠢ ᠾᠧ ᠰᠢᠶᠠᠨ ᠤ ᠲᠢᠶᠠᠨ ᠵᠢᠶᠠ ᠱᠢ ᠫᠠᠨ ᠲᠣᠰᠬᠤᠨ ᠳᠤ ᠣᠷᠤᠵᠤ᠂ ᠴᠠᠭ ᠪᠦᠷᠢ 25.8 ᠮᠢᠯᠢᠮᠧᠲᠷ ᠲᠤ ᠬᠦᠷᠴᠡᠢ᠃ ᠡᠨᠡ | ᠤᠳᠠᠭᠠᠨ ᠤ ᠰᠢᠷᠦᠭᠦᠨ ᠪᠣᠷᠣᠭᠠᠨ ᠪᠣᠯ 1969 ᠣᠨ ᠤ 8 ᠳ᠋ᠤᠭᠠᠷ ᠰᠠᠷ᠎ᠠ ᠶᠢᠨ 1 ᠤ ᠡᠳᠦᠷ ᠠᠴᠠ ᠨᠠᠰᠢᠬᠢ ᠬᠠᠮᠤᠭ ᠤᠨ ᠰᠢᠷᠦᠭᠦᠨ ᠪᠣᠷᠣᠭᠠᠨ ᠪᠣᠯᠣᠨ᠎ᠠ᠃ | | ᠡᠬᠡ ᠪᠢᠴᠢᠭ ᠨᠡᠶᠢᠲᠡᠯᠡᠬᠦ ᠠᠴᠠ ᠡᠮᠦᠨᠡᠬᠢ ᠪᠣᠯᠲᠠᠯ᠎ᠠ᠂ ᠴᠢᠩ ᠱᠦᠢ ᠾᠧ ᠰᠢᠶᠠᠨ ᠳᠤ ᠨᠢᠭᠡᠨᠲᠡ ᠨᠡᠯᠢᠶᠡᠳ ᠶᠡᠭᠡ ᠦᠶᠡᠷ ᠪᠠᠭᠤᠵᠤ᠂ ᠬᠤᠯᠪᠣᠭᠳᠠᠯ ᠪᠦᠬᠦᠢ | ᠰᠠᠯᠠᠭ᠎ᠠ ᠮᠥᠴᠢᠷ ᠤᠨ ᠬᠢᠨ ᠣᠳᠣ ᠶᠠᠭ ᠪᠣᠷᠣᠭᠠᠨ ᠤ ᠪᠠᠶᠢᠳᠠᠯ ᠤᠨ ᠮᠡᠳᠡᠭᠡ ᠵᠠᠩᠭᠢ ᠶᠢ ᠨᠢᠭᠲᠠ ᠠᠩᠬᠠᠷᠴᠤ᠂ ᠴᠢᠷᠮᠠᠶᠢᠨ ᠰᠡᠷᠭᠡᠶᠢᠯᠡᠨ ᠬᠤᠷᠢᠭᠯᠠᠵᠤ᠂ | ᠪᠠᠴᠢᠮ ᠠᠪᠤᠷᠠᠨ ᠲᠤᠰᠠᠯᠠᠵᠤ ᠪᠠᠶᠢᠨ᠎ᠠ᠃ |