ᠲᠥᠪ ᠤᠨ ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠲᠠ ᠶᠢᠨ ᠭᠤᠷᠪᠠᠳᠤᠭᠠᠷ ᠰᠢᠮᠳᠠᠭᠤᠯᠤᠨ ᠪᠠᠶᠢᠴᠠᠭᠠᠬᠤ ᠳᠤᠭᠤᠶᠢᠯᠠᠩ ᠠᠴᠠ ᠬᠥᠬᠡᠬᠤᠲᠠ ᠳᠤ ᠰᠢᠢᠳᠪᠦᠷᠢᠯᠡᠭᠦᠯᠬᠦ ᠪᠠᠷ ᠲᠤᠰᠢᠶᠠᠭᠰᠠᠨ ᠬᠤᠷᠢᠳᠤᠭᠠᠷ ᠪᠦᠯᠦᠭ ᠤᠨ 9 ᠬᠤᠪᠢ ᠤᠯᠠᠨ ᠲᠦᠮᠡᠨ ᠤ ᠵᠠᠬᠢᠳᠠᠯ ᠰᠣᠷᠪᠤᠯᠵᠢᠯᠠᠭ᠎ᠠ ᠪᠠᠷ ᠢᠯᠡᠴᠢᠯᠡᠨ ᠮᠡᠳᠡᠭᠦᠯᠦᠭᠰᠡᠨ ᠬᠡᠷᠡᠭ ᠢ ᠰᠢᠢᠳᠪᠦᠷᠢᠯᠡᠭᠰᠡᠨ ᠪᠠᠶᠢᠳᠠᠯ
ᠨᠡᠶᠢᠲᠡᠯᠡᠭᠰᠡᠨ ᠴᠠᠭ᠄
2022/4/25
      ︵ᠰᠤᠷᠪᠤᠯᠵᠢᠯᠠᠭᠴᠢ ᠯᠢᠦ ᠵᠢᠶᠦ᠋ᠨ︶ 3 ᠳ᠋ᠤᠭᠠᠷ ᠰᠠᠷ᠎ᠠ ᠶᠢᠨ 26 ᠤ ᠡᠳᠦᠷ ᠠᠴᠠ 4  ᠳ᠋ᠦ᠋ᠭᠡᠷ ᠰᠠᠷ᠎ᠠ ᠶᠢᠨ 23 ᠤ ᠡᠳᠦᠷ ᠪᠣᠯᠲᠠᠯ᠎ᠠ᠂ ᠲᠥᠪ ᠤᠨ ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠲᠠ ᠶᠢᠨ ᠭᠤᠷᠪᠠᠳᠤᠭᠠᠷ ᠰᠢᠮᠳᠠᠭᠤᠯᠤᠨ ᠪᠠᠶᠢᠴᠠᠭᠠᠬᠤ ᠳᠤᠭᠤᠶᠢᠯᠠᠩ ︵ᠳᠣᠷᠣᠭᠰᠢ ︽ᠲᠥᠪ ᠤᠨ ᠰᠢᠮᠳᠠᠭᠤᠯᠤᠨ ᠪᠠᠶᠢᠴᠠᠭᠠᠬᠤ ᠳᠤᠭᠤᠶᠢᠯᠠᠩ︾ ᠭᠡᠵᠦ ᠳᠥᠭᠦᠮᠴᠢᠯᠡᠨ᠎ᠡ︶ ᠠᠴᠠ ᠮᠠᠨ ᠤ ᠬᠤᠳᠠ ᠳᠤ 29 ᠪᠦᠯᠦᠭ ᠤᠨ ᠨᠡᠶᠢᠲᠡ 403 ᠢᠯᠡᠴᠢᠯᠡᠨ ᠮᠡᠳᠡᠭᠦᠯᠦᠭᠰᠡᠨ ᠬᠡᠷᠡᠭ ︵ᠤᠲᠠᠰᠤ ᠪᠠᠷ ᠢᠯᠡᠴᠢᠯᠡᠨ ᠮᠡᠳᠡᠭᠦᠯᠦᠭᠰᠡᠨ ᠨᠢ 219 ᠬᠤᠪᠢ᠂ ᠴᠠᠬᠢᠯᠭᠠᠨ ᠬᠤᠯᠪᠤᠭ᠎ᠠ ᠪᠠᠷ ᠢᠯᠡᠴᠢᠯᠡᠨ ᠮᠡᠳᠡᠭᠦᠯᠦᠭᠰᠡᠨ ᠨᠢ184 ᠬᠤᠪᠢ︶  ᠢ ᠰᠢᠢᠳᠪᠦᠷᠢᠯᠡᠭᠦᠯᠬᠦ ᠪᠠᠷ ᠲᠤᠰᠢᠶᠠᠪᠠ᠃      4 ᠳ᠋ᠦ᠋ᠭᠡᠷ ᠰᠠᠷ᠎ᠠ ᠶᠢᠨ 14 ᠤ ᠡᠳᠦᠷ᠂ ᠲᠥᠪ ᠤᠨ ᠰᠢᠮᠳᠠᠭᠤᠯᠤᠨ ᠪᠠᠶᠢᠴᠠᠭᠠᠬᠤ ᠳᠤᠭᠤᠶᠢᠯᠠᠩ ᠠᠴᠠ ᠮᠠᠨ ᠤ ᠬᠤᠲᠠ ᠳᠤ ᠬᠤᠷᠢᠳᠤᠭᠠᠷ ᠪᠦᠯᠦᠭ ᠤᠨ 9 ︵ᠤᠲᠠᠰᠤ ᠪᠠᠷ ᠢᠯᠡᠴᠢᠯᠡᠨ ᠮᠡᠳᠡᠭᠦᠯᠦᠭᠰᠡᠨ ᠨᠢ 5 ᠬᠤᠪᠢ᠂ ᠴᠠᠬᠢᠯᠭᠠᠨ ᠬᠤᠯᠪᠤᠭ᠎ᠠ ᠪᠠᠷ ᠢᠯᠡᠴᠢᠯᠡᠨ ᠮᠡᠳᠡᠭᠦᠯᠦᠭᠰᠡᠨ ᠨᠢ 4  ᠬᠤᠪᠢ︶ ᠢᠯᠡᠴᠢᠯᠡᠨ ᠮᠡᠳᠡᠭᠦᠯᠦᠭᠰᠡᠨ ᠬᠡᠷᠡᠭ ᠢ ᠰᠢᠢᠳᠪᠦᠷᠢᠯᠡᠭᠦᠯᠬᠦ ᠪᠠᠷ ᠲᠤᠰᠢᠶᠠᠪᠠ᠂ ᠲᠥᠪ ᠤᠨ ᠰᠢᠮᠳᠠᠭᠤᠯᠤᠨ ᠪᠠᠶᠢᠴᠠᠭᠠᠬᠤ ᠳᠤᠭᠤᠶᠢᠯᠠᠩ ᠤᠨ ᠠᠵᠢᠯ ᠤᠨ ᠱᠠᠭᠠᠷᠳᠠᠯᠭ᠎ᠠ ᠶᠣᠰᠣᠭᠠᠷ ᠂ ᠪᠥᠬᠦ ᠬᠤᠲᠠ ᠶᠢᠨ ᠬᠢᠨ ᠨᠢᠭᠡᠨᠲᠡ ᠬᠤᠷᠢᠳᠤᠭᠠᠷ ᠪᠦᠯᠦᠭ ᠤᠨ 9 ᠵᠠᠬᠢᠳᠠᠯ ᠰᠣᠷᠪᠤᠯᠵᠢᠯᠠᠭ᠎ᠠ ᠶᠢᠨ ᠬᠡᠷᠡᠭ ᠢ ᠪᠠᠶᠢᠴᠠᠭᠠᠨ ᠰᠢᠢᠳᠪᠦᠷᠢᠯᠡᠪᠡ᠃ ᠣᠲᠣ ᠪᠣᠯᠲᠠᠯ᠎ᠠ᠂ 5 ᠬᠤᠪᠢ ᠶᠢ ᠨᠢ ᠨᠢᠭᠡᠨᠲᠡ ᠰᠢᠢᠳᠪᠦᠷᠢᠯᠡᠵᠦ ᠳᠠᠭᠤᠰᠬᠠᠨ᠂ 3 ᠬᠤᠪᠢ ᠶᠢ ᠨᠢ ᠱᠠᠲᠤ ᠦᠶ᠎ᠡ ᠶᠢᠨ ᠴᠢᠨᠠᠷᠲᠠᠢ ᠪᠠᠷ ᠰᠢᠢᠳᠪᠦᠷᠢᠯᠡᠵᠦ ᠳᠠᠭᠤᠰᠬᠠᠨ᠂ 1 ᠬᠤᠪᠢ ᠶᠢ ᠨᠢ ᠰᠢᠢᠳᠪᠦᠷᠢᠯᠡᠵᠦ ᠳᠠᠭᠤᠰᠬᠠᠭᠠᠳᠤᠢ᠃4 ᠳ᠋ᠦ᠋ᠭᠡᠷ ᠰᠠᠷ᠎ᠠ ᠶᠢᠨ 23 ᠤ ᠡᠳᠦᠷ ᠪᠣᠯᠲᠠᠯ᠎ᠠ᠂ ᠪᠥᠬᠦ ᠬᠤᠲᠠ ᠶᠢᠨ ᠬᠢᠨ 1 ︱ 20 ᠳ᠋ᠤᠭᠠᠷ ᠪᠦᠯᠦᠭ ᠤᠨ ᠨᠡᠶᠢᠲᠡ 249 ᠬᠤᠪᠢ ᠵᠠᠬᠢᠳᠠᠯ ᠰᠣᠷᠪᠤᠯᠵᠢᠯᠠᠭ᠎ᠠ ᠶᠢᠨ ᠬᠡᠷᠡᠭ ᠢ ᠪᠠᠶᠢᠴᠠᠭᠠᠨ ᠰᠢᠢᠳᠪᠦᠷᠢᠯᠡᠪᠡ᠂ ᠡᠭᠦᠨ ᠳᠤ 101 ᠬᠤᠪᠢ ᠶᠢ ᠨᠢ ᠨᠢᠭᠡᠨᠲᠡ ᠰᠢᠢᠳᠪᠦᠷᠢᠯᠡᠵᠦ ᠳᠠᠭᠤᠰᠬᠠᠨ᠂ 96 ᠬᠤᠪᠢ ᠶᠢ  ᠨᠢ ᠱᠠᠲᠤ ᠦᠶ᠎ᠡ ᠶᠢᠨ ᠴᠢᠨᠠᠷᠲᠠᠢ ᠪᠠᠷ ᠰᠢᠢᠳᠪᠦᠷᠢᠯᠡᠵᠦ ᠳᠠᠭᠤᠰᠬᠠᠨ᠂ 52 ᠬᠤᠪᠢ ᠶᠢ ᠨᠢ ᠰᠢᠢᠳᠪᠦᠷᠢᠯᠡᠵᠦ ᠳᠠᠭᠤᠰᠬᠠᠭᠠᠳᠤᠢ᠂ 28 ᠶᠢ ᠨᠢ ᠵᠠᠷᠯᠢᠭᠳᠠᠨ ᠴᠡᠭᠴᠡᠯᠡᠨ ᠰᠠᠶᠢᠵᠢᠷᠠᠭᠤᠯᠵᠤ᠂ 11 ᠶᠢ ᠨᠢ ᠬᠡᠷᠡᠭ ᠪᠣᠯᠭᠠᠨ ᠳᠡᠩᠰᠡᠯᠡᠵᠦ᠂ 45.2258 ᠲᠦᠮᠡᠨ ᠲᠥᠭᠦᠷᠢᠭ  ᠵᠣᠭᠤᠰ ᠢᠶᠠᠷ ᠲᠣᠷᠭᠠᠵᠠᠢ︔13ᠬᠡᠷᠡᠭ ᠢ ᠬᠡᠷᠡᠭ ᠪᠣᠯᠭᠠᠨ ᠳᠡᠩᠰᠡᠯᠡᠵᠦ ᠲᠠᠩᠨᠠᠨ ᠪᠠᠶᠢᠴᠠᠭᠠᠪᠠ᠂ ᠡᠭᠦᠨ ᠤ ᠳᠣᠲᠣᠷ᠎ᠠ 11 ᠬᠥᠮᠥᠨ ᠢ ᠡᠷᠡᠭᠦᠦ ᠶᠢᠨ ᠬᠡᠷᠡᠭ ᠢᠶᠠᠷ ᠲᠦᠷ ᠬᠤᠷᠢᠪᠠ︔ 2 ᠨᠢᠭᠡᠴᠡ᠂ 13  ᠬᠥᠮᠥᠨ ᠠᠴᠠ ᠬᠠᠷᠢᠭᠤᠴᠠᠯᠭ᠎ᠠ ᠨᠡᠬᠡᠮᠵᠢᠯᠡᠪᠡ︔11 ᠬᠥᠮᠥᠨ ᠢ ᠬᠡᠷᠡᠭ ᠪᠣᠯᠭᠠᠨ ᠳᠡᠩᠰᠡᠯᠡᠵᠦ ᠬᠢᠨᠠᠨ ᠪᠠᠶᠢᠴᠠᠭᠠᠪᠠ᠂ ᠡᠭᠦᠨ ᠳᠤ 1 ᠬᠥᠮᠥᠨ ᠢ ᠵᠠᠰᠠᠭ ᠵᠠᠬᠢᠷᠭᠠᠨ ᠤ ᠬᠡᠷᠡᠭ ᠢᠶᠠᠷ ᠲᠦᠷ ᠬᠤᠷᠢᠪᠠ᠃      ᠬᠤᠯᠪᠣᠭᠳᠠᠯ ᠪᠦᠬᠦᠢ ᠬᠡᠷᠡᠭ ᠢ ᠲᠥᠪ ᠤᠨ ᠰᠢᠮᠳᠠᠭᠤᠯᠤᠨ ᠪᠠᠶᠢᠴᠠᠭᠠᠬᠤ ᠳᠤᠭᠤᠶᠢᠯᠠᠩ ᠤᠨ  ᠰᠢᠮᠳᠠᠭᠤᠯᠤᠨ ᠪᠠᠶᠢᠴᠠᠭᠠᠬᠤ ᠶᠢᠨ ᠳᠠᠭᠠᠤ ᠴᠡᠭᠴᠡᠯᠡᠨ ᠰᠠᠶᠢᠵᠢᠷᠠᠭᠤᠯᠬᠤ ᠠᠵᠢᠯ ᠤᠨ ᠱᠠᠭᠠᠷᠳᠠᠯᠭ᠎ᠠ ᠶᠣᠰᠣᠭᠠᠷ ᠪᠠᠶᠢᠴᠠᠭᠠᠨ ᠰᠢᠢᠳᠪᠦᠷᠢᠯᠡᠵᠦ ᠴᠡᠭᠴᠡᠯᠡᠨ ᠰᠠᠶᠢᠵᠢᠷᠠᠭᠤᠯᠬᠤ ᠠᠵᠢᠯ ᠢ ᠦᠷᠭᠦᠯᠵᠢᠯᠡᠨ  ᠠᠬᠢᠭᠤᠯᠵᠤ ᠪᠠᠶᠢᠨ᠎ᠠ᠃
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ