︵ᠰᠤᠷᠪᠤᠯᠵᠢᠯᠠᠭᠴᠢ ᠶᠠᠩ ᠶᠦᠩ ᠭᠠᠩ︶ ᠣᠶᠢᠷ᠎ᠠ ᠳᠤ᠂ ᠤᠩᠰᠢᠭᠴᠢᠳ ᠲᠤ ᠣᠯᠠᠨ ᠵᠦᠢᠯ ᠤᠨ ᠰᠣᠩᠭᠤᠯᠲᠠ ᠪᠦᠬᠦᠢ ᠪᠡᠷᠢᠴᠠᠭᠠᠨ ᠤ ᠮᠥᠩᠭᠦ | ᠳᠥᠯᠥᠬᠦ ᠠᠷᠭ᠎ᠠ ᠶᠢ ᠬᠠᠩᠭᠠᠬᠤ ᠶᠢᠨ ᠲᠥᠯᠥᠭᠡ᠂ ᠬᠥᠬᠡᠬᠤᠲᠠ ᠶᠢᠨ ᠨᠣᠮ ᠤᠨ ᠰᠠᠩ ᠨᠢ ᠹᠦ᠋ ᠹᠠ ᠪᠠᠩᠬᠢ ᠲᠠᠢ ᠬᠠᠮᠲᠤᠷᠠᠨ ᠠᠷᠠᠳ ᠲᠤ ᠲᠥᠬᠦᠮ | ᠦᠵᠡᠭᠦᠯᠬᠦ ᠺᠣᠳ᠋ ᠰᠢᠷᠪᠢᠵᠦ ᠲᠣᠭᠠᠴᠠᠭ᠎ᠠ ᠬᠢᠬᠦ ᠠᠷᠭ᠎ᠠ ᠶᠢ ᠨᠡᠭᠡᠭᠡᠵᠦ᠂ ᠦᠨᠡᠮᠯᠡᠯ ᠠᠪᠬᠤ ᠮᠠᠰᠢᠨ ᠢ ᠲᠠᠰ ᠳᠡᠪᠰᠢᠭᠦᠯᠦᠭᠰᠡᠨ ᠤ ᠳᠠᠷᠠᠭ᠎ᠠ᠂ ᠦᠨᠡᠮᠯᠡᠯ ᠠᠪᠬᠤ | ᠮᠠᠰᠢᠨ ᠪᠡᠷᠢᠴᠠᠭᠠᠨ ᠤ ᠮᠥᠩᠭᠦ ᠬᠤᠷᠢᠶᠠᠬᠤ ᠳᠠᠭᠠᠨ ᠦᠷᠭᠦᠯᠵᠢ ᠲᠣᠬᠢᠶᠠᠯᠳᠤᠳᠠᠭ ᠪᠡᠯᠡᠨ ᠵᠣᠭᠤᠰ ᠢᠶᠠᠷ ᠲᠣᠭᠠᠴᠠᠭ᠎ᠠ ᠬᠢᠬᠦᠦ ᠶᠢ ᠳᠡᠮᠵᠢᠬᠦ ᠠᠴᠠ ᠭᠠᠳᠠᠨ᠎ᠠ | ᠪᠠᠰᠠ ᡁᠢ ᠹᠦ᠋ ᠪᠣᠣ ᠪᠣᠯᠣᠨ ᠸᠢᠴᠠᠲ ᠤᠨ ᠺᠣᠳ᠋ ᠰᠢᠷᠪᠢᠵᠦ ᠲᠣᠭᠠᠴᠠᠭ᠎ᠠ ᠬᠢᠬᠦ ᠶᠢ ᠳᠡᠮᠵᠢᠬᠦ ᠪᠣᠯᠪᠠ᠃ | ᠪᠣᠳᠠᠲᠠᠢ ᠶᠠᠪᠤᠴᠠ ᠨᠢ᠄ ︽ᠦᠨᠡᠮᠯᠡᠯ ᠭᠦᠢᠴᠡᠳᠬᠡᠬᠦ︾ ᠶᠢ ᠲᠣᠪᠴᠢᠳᠠᠵᠤ᠂ ᠳᠠᠷᠠᠭ᠎ᠠ ᠨᠢ ᠺᠠᠷᠲ ᠤᠩᠰᠢᠬᠤ ᠮᠠᠰᠢᠨ ᠢᠶᠠᠷ ᠪᠡᠶ᠎ᠡ ᠶᠢᠨ ᠭᠠᠷᠤᠯ ᠤᠨ | ᠮᠡᠳᠡᠭᠡ ᠵᠠᠩᠭᠢ ᠪᠡᠨ ᠤᠩᠰᠢᠭᠤᠯᠤᠭᠰᠠᠨ ᠤ ᠳᠠᠷᠠᠭ᠎ᠠ ᠤᠩᠰᠢᠭᠴᠢ ᠬᠡᠷᠡᠭᠯᠡᠵᠦ ᠪᠠᠶᠢᠭ᠎ᠠ ᠤᠲᠠᠰᠤᠨ ᠨᠣᠮᠧᠷ ᠢᠶᠠᠨ ᠣᠷᠣᠭᠤᠯᠤᠨ᠎ᠠ᠂ ᠡᠨᠡ ᠦᠶ᠎ᠡ ᠳᠤ | ᠭᠦᠢᠴᠡᠳᠬᠡᠬᠦ ᠭᠡᠵᠦ ᠪᠠᠶᠢᠭ᠎ᠠ ᠣᠩᠰᠢᠭᠴᠢ ᠶᠢᠨ ᠲᠥᠷᠥᠯ ᠵᠦᠢᠯ ᠢ ᠰᠣᠩᠭᠤᠨ᠎ᠠ᠂ 100 ᠲᠥᠭᠦᠷᠢᠭ ᠢᠶᠠᠷ 5 ᠳᠡᠪᠲᠡᠷ ᠨᠣᠮ ᠵᠢᠭᠡᠯᠡᠵᠦ | ᠪᠣᠯᠣᠨ᠎ᠠ᠂ 200 ᠲᠥᠭᠦᠷᠢᠭ ᠢᠶᠠᠷ 10 ᠳᠡᠪᠲᠡᠷ ᠨᠣᠮ ᠵᠢᠭᠡᠯᠡᠵᠦ ᠪᠣᠯᠣᠨ᠎ᠠ᠃ ᠤᠩᠰᠢᠭᠴᠢ ᠶᠢᠨ ᠺᠠᠷᠲ ᠤᠨ ᠲᠥᠷᠥᠯ ᠵᠦᠢᠯ ᠢ ᠰᠣᠩᠭᠤᠭᠰᠠᠨ ᠤ ᠳᠠᠷᠠᠭ᠎ᠠ | ᠳᠡᠯᠭᠡᠴᠡ ᠶᠢᠨ ᠰᠠᠨᠠᠭᠤᠯᠤᠮᠵᠢ ᠶᠢ ᠦᠨᠳᠦᠰᠦᠯᠡᠨ ᠲᠣᠭᠠᠴᠠᠭ᠎ᠠ ᠬᠢᠬᠦ ᠲᠥᠷᠥᠯ ᠵᠦᠢᠯ ᠢ ᠰᠣᠩᠭᠤᠵᠤ ᠪᠣᠯᠣᠨ᠎ᠠ᠂ ᠡᠨᠡ ᠦᠶ᠎ᠡ ᠳᠤ ᠪᠡᠯᠡᠨ ᠵᠣᠭᠤᠰ᠂ ᡁᠢ ᠹᠦ᠋ | ᠪᠣᠣ ᠶᠢᠨ ᠺᠣᠳ᠋ ᠰᠢᠷᠪᠢᠬᠦ᠂ ᠸᠢᠴᠠᠲ ᠤᠨ ᠺᠣᠳ᠋ ᠰᠢᠷᠪᠢᠬᠦ ᠶᠢ ᠰᠣᠩᠭᠤᠵᠤ ᠪᠣᠯᠣᠨ᠎ᠠ᠃ ᠺᠣᠳ᠋ ᠰᠢᠷᠪᠢᠵᠦ ᠲᠣᠭᠠᠴᠠᠭ᠎ᠠ ᠬᠢᠬᠦ ᠠᠷᠭ᠎ᠠ ᠮᠠᠶ᠋ᠢᠭ ᠢ ᠰᠣᠩᠭᠤᠭᠰᠠᠨ ᠤ | ᠳᠠᠷᠠᠭ᠎ᠠ ᠰᠢᠰᠲ᠋ᠧᠮ ᠠᠴᠠ ᠲᠣᠭᠠᠴᠠᠭ᠎ᠠ ᠬᠢᠬᠦ ᠮᠡᠷᠭᠡᠨ ᠴᠣᠬᠤᠷ ᠢ ᠬᠠᠩᠭᠠᠵᠤ᠂ ᠭᠠᠷ ᠤᠲᠠᠰᠤ ᠪᠠᠷ ᠲᠣᠭᠠᠴᠠᠭ᠎ᠠ ᠬᠢᠬᠦ ᠪᠤᠶᠤ ᠸᠢᠴᠠᠲ ᠤᠨ ᠺᠣᠳ᠋ ᠰᠢᠷᠪᠢᠬᠦ ᠪᠠᠷ | ᠳᠡᠮᠵᠢᠨ ᠪᠡᠷᠢᠴᠠᠭᠠᠨ ᠤ ᠮᠥᠩᠭᠦ ᠪᠠᠨ ᠲᠥᠯᠥᠵᠦ ᠪᠣᠯᠣᠨ᠎ᠠ᠂ ᠲᠣᠭᠠᠴᠠᠭ᠎ᠠ ᠬᠢᠭᠡᠳ ᠠᠮᠵᠢᠯᠲᠠ ᠣᠯᠣᠭᠰᠠᠨ ᠤ ᠳᠠᠷᠠᠭ᠎ᠠ ᠮᠠᠰᠢᠨ ᠠᠴᠠ ᠤᠩᠰᠢᠭᠴᠢᠳ ᠲᠤ ᠺᠠᠷᠲ | ᠬᠢᠵᠦ ᠥᠭᠭᠦᠨ᠎ᠡ᠃ ᠬᠡᠷᠪᠡ ᠠᠰᠠᠭᠤᠳᠠᠯ ᠭᠠᠷᠪᠠᠯ᠂ ᠬᠤᠯᠪᠣᠭᠳᠠᠭᠰᠠᠨ ᠵᠣᠭᠤᠰ ᠢ ᠤᠭ ᠵᠠᠮ ᠢᠶᠠᠷ ᠨᠢ ᠪᠤᠴᠠᠭᠠᠨ᠎ᠠ᠃ ᠳᠡᠭᠡᠷ᠎ᠡ ᠳᠤᠷᠠᠳᠤᠭᠰᠠᠨ ᠶᠠᠪᠤᠴᠠ ᠶᠢ | ᠵᠥᠪᠬᠡᠨ ᠬᠥᠬᠡᠬᠤᠲᠠ ᠶᠢᠨ ᠨᠣᠮ ᠤᠨ ᠰᠠᠩ ᠤᠨ ᠮᠠᠰᠢᠨ ᠢᠶᠠᠷ ᠦᠨᠡᠮᠯᠡᠯ ᠠᠪᠬᠤ ᠳᠤ ᠬᠡᠷᠡᠭᠯᠡᠨ᠎ᠡ᠂ ᠢᠲᠡᠭᠡᠮᠵᠢ ᠶᠢᠨ ᠵᠢᠭᠡᠯᠡᠨ ᠤᠩᠰᠢᠬᠤ ᠵᠡᠷᠭᠡ ᠪᠤᠰᠤᠳ | ᠬᠡᠶᠢᠰᠪᠦᠷᠢ ᠦᠨᠡᠮᠯᠡᠯ ᠢ ᠭᠦᠢᠴᠡᠳᠬᠡᠬᠦ ᠳᠤ ᠬᠤᠯᠪᠣᠭᠳᠠᠬᠤ ᠦᠭᠡᠢ᠃ |