ᠤᠯᠤᠰ ᠤᠨ ᠠᠭᠠᠷ ᠤᠨ ᠠᠶᠠᠯᠠᠯ ᠤᠨ ᠺᠣᠮᠫᠠᠨᠢ ᠬᠥᠬᠡᠬᠤᠲᠠ ︱ ᠪᠠᠶᠠᠨᠨᠠᠭᠤᠷ᠂ ᠪᠠᠶᠠᠨᠨᠠᠭᠤᠷ ︱ ᠪᠡᠭᠡᠵᠢᠩ ᠤᠨ ᠡᠭᠡᠯᠵᠢ ᠶᠢᠨ ᠨᠢᠰᠬᠡᠯ ᠤᠨ ᠠᠶᠠᠯᠠᠯ ᠢ ᠰᠡᠷᠭᠦᠭᠡᠪᠡ
ᠨᠡᠶᠢᠲᠡᠯᠡᠭᠰᠡᠨ ᠴᠠᠭ᠄
2022/12/14
      ᠣᠶᠢᠷ᠎ᠠ ᠳᠤ ᠤᠯᠤᠰ ᠤᠨ ᠠᠭᠠᠷ ᠤᠨ ᠠᠶᠠᠯᠠᠯ ᠤᠨ ᠺᠣᠮᠫᠠᠨᠢ ᠶᠢᠨ ᠬᠥᠬᠡᠬᠤᠲᠠ ᠶᠢᠨ ᠡᠵᠡᠩᠨᠡᠯᠲᠡ ᠶᠢᠨ ᠬᠡᠯᠲᠡᠰ ᠠᠴᠠ ᠣᠶᠢᠯᠠᠭᠠᠭᠰᠠᠨ ᠢᠶᠠᠷ᠂ 12 ᠳ᠋ᠤᠭᠠᠷ ᠰᠠᠷ᠎ᠠ ᠶᠢᠨ 9 ᠤ ᠡᠳᠦᠷ ᠠᠴᠠ ᠡᠬᠢᠯᠡᠨ ᠤᠯᠤᠰ ᠤᠨ ᠠᠭᠠᠷ ᠤᠨ ᠠᠶᠠᠯᠠᠯ ᠤᠨ ᠺᠣᠮᠫᠠᠨᠢ ᠬᠥᠬᠡᠬᠤᠲᠠ ︱ ᠪᠠᠶᠠᠨᠨᠠᠭᠤᠷ᠂ ᠪᠠᠶᠠᠨᠨᠠᠭᠤᠷ ︱ ᠪᠡᠭᠡᠵᠢᠩ ᠤᠨ ᠡᠭᠡᠯᠵᠢ ᠶᠢᠨ ᠨᠢᠰᠬᠡᠯ ᠤᠨ ᠠᠶᠠᠯᠠᠯ ᠢ ᠰᠡᠷᠭᠦᠭᠡᠬᠦ ᠪᠠᠷ ᠪᠣᠢ᠃ ᠬᠥᠬᠡᠬᠤᠲᠠ ᠠᠴᠠ ᠪᠠᠶᠠᠨᠨᠠᠭᠤᠷ ᠬᠦᠷᠬᠦ ᠨᠢᠰᠬᠡᠯ ᠡᠳᠦᠷ ᠲᠤ ᠬᠤᠶᠠᠷ ᠡᠭᠡᠯᠵᠢ ᠲᠠᠢ᠂  ARJ21 ᠬᠡᠯᠪᠡᠷᠢ ᠶᠢᠨ ᠨᠢᠰᠬᠡᠯ︔ ᠪᠠᠶᠠᠨᠨᠠᠭᠤᠷ ᠠᠴᠠ ᠪᠡᠭᠡᠵᠢᠩ ᠬᠦᠷᠬᠦ ᠨᠢᠰᠬᠡᠯ ᠡᠳᠦᠷ ᠪᠦᠷᠢ ᠨᠢᠭᠡ ᠡᠭᠡᠯᠵᠢ ᠲᠠᠢ᠂ ᠪᠤᠤᠶ᠋ᠢᠩ 737 ︱ 800 ᠬᠡᠯᠪᠡᠷᠢ ᠶᠢᠨ ᠪᠣᠯᠣᠨ᠎ᠠ᠃      ᠪᠣᠳᠠᠲᠠᠢ ᠠᠶᠠᠯᠠᠯ ᠤᠨ ᠴᠠᠭ ᠨᠢ᠄      1. ᠬᠥᠬᠡᠬᠤᠲᠠ ᠠᠴᠠ ᠪᠠᠶᠠᠨᠨᠠᠭᠤᠷ ︵CA8173︶ ᠬᠦᠷᠬᠦ ᠨᠢᠰᠬᠡᠯ 08᠄ 40 ᠲᠤ ᠨᠢᠰᠴᠦ᠂ 09᠄ 45 ᠲᠤ ᠪᠠᠭᠤᠨ᠎ᠠ︔ ᠪᠠᠶᠠᠨᠨᠠᠭᠤᠷ ᠠᠴᠠ ᠬᠥᠬᠡᠬᠤᠲᠠ ︵CA8174︶ ᠬᠦᠷᠬᠦ ᠨᠢᠰᠬᠡᠯ 10᠄ 45 ᠲᠤ ᠨᠢᠰᠴᠦ᠂ 11᠄ 55 ᠲᠤ ᠪᠠᠭᠤᠨ᠎ᠠ᠃      2. ᠬᠥᠬᠡᠬᠤᠲᠠ ᠠᠴᠠ ᠪᠠᠶᠠᠨᠨᠠᠭᠤᠷ ︵CA8175︶ ᠬᠦᠷᠬᠦ ᠨᠢᠰᠬᠡᠯ 17᠄ 10 ᠲᠤ ᠨᠢᠰᠴᠦ᠂ 18᠄ 15 ᠲᠤ ᠪᠠᠭᠤᠨ᠎ᠠ︔ ᠪᠠᠶᠠᠨᠨᠠᠭᠤᠷ ᠠᠴᠠ ᠬᠥᠬᠡᠬᠤᠲᠠ ︵CA8176︶ ᠬᠦᠷᠬᠦ ᠨᠢᠰᠬᠡᠯ 19᠄ 15 ᠲᠤ ᠨᠢᠰᠴᠦ᠂ 20᠄ 25 ᠲᠤ ᠪᠠᠭᠤᠨ᠎ᠠ᠃      3. ᠪᠠᠶᠠᠨᠨᠠᠭᠤᠷ ᠠᠴᠠ ᠪᠡᠭᠡᠵᠢᠩ ︵CA1148︶ ᠬᠦᠷᠬᠦ ᠨᠢᠰᠬᠡᠯ 10᠄ 00 ᠲᠤ ᠨᠢᠰᠴᠦ᠂ 11᠄ 40 ᠲᠤ ᠪᠠᠭᠤᠨ᠎ᠠ︔ ᠪᠡᠭᠡᠵᠢᠩ‌ᠡᠴᠡ ᠪᠠᠶᠠᠨᠨᠠᠭᠤᠷ ︵CA1147︶ ᠨᠢᠰᠬᠡᠯ 07:20 ᠲᠤ ᠨᠢᠰᠴᠦ᠂ 09:15 ᠲᠤ ᠪᠠᠭᠤᠨ᠎ᠠ᠃      ᠨᠠᠩ ᠣᠯᠠᠨ ᠨᠠᠷᠢᠨ ᠪᠠᠶᠢᠳᠠᠯ ᠢ ᠤᠯᠤᠰ ᠤᠨ ᠠᠭᠠᠷ ᠤᠨ ᠠᠶᠠᠯᠠᠯ ᠤᠨ ᠺᠣᠮᠫᠠᠨᠢ ᠶᠢᠨ ᠠᠯᠪᠠᠨ ᠰᠦᠯᠵᠢᠶ᠎ᠡ᠂ ᠤᠯᠤᠰ ᠤᠨ ᠠᠭᠠᠷ ᠤᠨ ᠠᠶᠠᠯᠠᠯ ᠤᠨ ᠺᠣᠮᠫᠠᠨᠢ ᠶᠢᠨ App᠂ ᠤᠯᠤᠰ ᠤᠨ ᠠᠭᠠᠷ ᠤᠨ ᠠᠶᠠᠯᠠᠯ ᠤᠨ ᠺᠣᠮᠫᠠᠨᠢ ᠶᠢᠨ ᠠᠯᠪᠠᠨ ᠤ ᠸᠢᠴᠠᠲ ᠪᠠ ᡁᠢ ᠹᠦ᠋ ᠪᠣᠣ ᠶᠢᠨ ᠫᠷᠣᠭ᠍ᠷᠠᠮ ᠢᠶᠠᠷ ᠪᠤᠶᠤ ᠤᠯᠤᠰ ᠤᠨ ᠠᠭᠠᠷ ᠤᠨ ᠠᠶᠠᠯᠠᠯ ᠤᠨ ᠺᠣᠮᠫᠠᠨᠢ ᠶᠢᠨ ᠪᠣᠷᠤᠯᠠᠭᠤᠯᠭ᠎ᠠ ᠶᠢᠨ ᠦᠢᠯᠡᠴᠢᠯᠡᠭᠡᠨ ᠤ ᠤᠲᠠᠰᠤ 95583 ᠪᠠᠷ  ᠬᠤᠯᠪᠤᠭ᠎ᠠ ᠠᠪᠴᠤ ᠣᠶᠢᠯᠠᠭᠠᠵᠤ ᠪᠣᠯᠣᠨ᠎ᠠ᠃
ᠢᠷᠡᠯᠲᠡ᠄ ᠬᠦᠬᠡᠬᠤᠲᠠ ᠶᠢᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ