ᠮᠠᠨ ᠤ ᠬᠤᠲᠠ ᠬᠤᠴᠣᠷᠴᠤ ᠦᠯᠡᠳᠡᠭᠰᠡᠨ ᠬᠥᠯᠥᠰᠥᠨ ᠠᠵᠢᠯᠴᠢᠨ ᠢ ᠡᠮᠬᠢ ᠵᠢᠷᠤᠮ ᠲᠠᠢ ᠵᠣᠬᠢᠶᠠᠨ ᠪᠠᠶᠢᠭᠤᠯᠵᠤ ᠨᠤᠲᠤᠭ ᠲᠤᠨᠢ ᠪᠤᠴᠠᠭᠠᠵᠤ ᠪᠠᠶᠢᠨ᠎ᠠ
ᠨᠡᠶᠢᠲᠡᠯᠡᠭᠰᠡᠨ ᠴᠠᠭ᠄
2022/11/9
       ︵ᠰᠤᠷᠪᠤᠯᠵᠢᠯᠠᠭᠴᠢ ᠮᠢᠶᠣᠣ ᠴᠢᠩ︶ ᠲᠣᠰ ᠡᠭᠡᠯᠵᠢ ᠶᠢᠨ ᠬᠢᠵᠢᠭ ᠤᠨ ᠪᠠᠶᠢᠳᠠᠯ ᠡᠭᠦᠰᠦᠭᠰᠡᠨ ᠠᠴᠠ ᠨᠠᠰᠢ᠂ ᠥᠪᠡᠷᠲᠡᠭᠡᠨ ᠵᠠᠰᠠᠬᠤ ᠣᠷᠣᠨ ᠪᠠ ᠮᠠᠨ ᠤ ᠬᠤᠲᠠ ᠶᠢᠨ ᠬᠤᠯᠪᠣᠭᠳᠠᠯ ᠪᠥᠬᠦᠶ ᠱᠠᠭᠠᠷᠳᠠᠯᠭ᠎ᠠ ᠶᠢ ᠪᠥᠬᠦ ᠲᠠᠯ᠎ᠠ ᠪᠠᠷ ᠨᠠᠶᠢᠳᠠᠪᠤᠷᠢᠵᠢᠭᠤᠯᠬᠤ ᠶᠢᠨ ᠲᠥᠯᠥᠭᠡ᠂ ᠬᠤᠲᠠ ᠶᠢᠨ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ ᠠᠴᠠ ᠮᠠᠨ ᠤ ᠬᠤᠲᠠ ᠳᠤ ᠬᠤᠴᠣᠷᠴᠤ ᠦᠯᠡᠳᠡᠭᠰᠡᠨ ᠬᠥᠯᠥᠰᠥᠨ ᠠᠵᠢᠯᠴᠢᠨ ᠳᠤ ᠪᠥᠬᠦ ᠬᠦᠴᠦᠨ ᠢᠶᠠᠷ ᠢᠶᠠᠨ ᠰᠠᠭᠠᠳ ᠥᠬᠡᠶ ᠨᠡᠪᠲᠡᠷᠡᠬᠦ ᠵᠠᠮ ᠨᠡᠭᠡᠭᠡᠵᠦ ᠥᠭᠴᠡᠶ᠃      ᠬᠤᠲᠠ ᠶᠢᠨ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠ ᠲᠤᠬᠠᠶᠢᠯᠠᠭᠰᠠᠨ ᠠᠵᠢᠯ ᠢᠶᠠᠨ ︽ᠵᠡᠷᠭᠡᠪᠡᠷ ᠠᠳᠬᠤᠵᠤ᠂ ᠠᠯᠢ ᠶᠢ ᠨᠢ ᠴᠦ ᠣᠰᠣᠯᠳᠠᠭᠤᠯᠬᠤ ᠦᠭᠡᠶ︾ ᠪᠠᠶᠢᠬᠤ ᠶᠢ ᠪᠠᠷᠢᠮᠲᠠᠯᠠᠵᠤ᠂ ᠬᠤᠲᠠ ᠶᠢᠨ ᠬᠥᠯᠥᠰᠥᠨ ᠠᠵᠢᠯᠴᠢᠨ ᠤ ᠴᠠᠯᠢᠩ ᠢ ᠤᠳᠠᠭᠠᠰᠢᠷᠠᠭᠤᠯᠤᠨ ᠥᠷᠢᠲᠦᠬᠦ ᠶᠢ ᠦᠨᠳᠦᠰᠦᠨ ᠠᠴᠠ ᠨᠢ ᠵᠠᠰᠠᠬᠤ ᠠᠵᠢᠯ ᠤᠨ ᠤᠳᠤᠷᠢᠳᠬᠤ ᠳᠤᠭᠤᠶᠢᠯᠠᠩ ᠤᠨ ᠠᠯᠪᠠᠨ ᠭᠡᠷ ᠤᠨ ᠡᠭᠦᠷᠭᠡ ᠴᠢᠳᠠᠪᠤᠷᠢ ᠪᠠ ᠦᠢᠯᠡᠳᠦᠯ ᠢᠶᠠᠨ ᠭᠦᠢᠴᠡᠳ ᠪᠠᠳᠠᠷᠠᠭᠤᠯᠵᠤ᠂ ᠪᠠᠶᠢᠭᠤᠯᠵᠤ ᠪᠠᠶᠢᠭ᠎ᠠ ᠪᠠᠷᠢᠯᠭ᠎ᠠ ᠶᠢᠨ ᠲᠥᠷᠥᠯ ᠵᠦᠢᠯ ᠳᠤ ᠦᠯᠡᠳᠡᠭᠰᠡᠨ ᠠᠵᠢᠯᠴᠢᠳ ᠤᠨ ᠠᠮᠢᠳᠤᠷᠠᠯ ᠤᠨ ᠪᠠᠲᠤᠯᠠᠭ᠎ᠠ ᠶᠢᠨ ᠪᠠᠶᠢᠳᠠᠯ᠂ ᠴᠠᠯᠢᠩ ᠥᠭᠴᠦ ᠪᠠᠶᠢᠭ᠎ᠠ ᠪᠠᠶᠢᠳᠠᠯ ᠪᠣᠯᠤᠨ ᠬᠥᠯᠥᠰᠥᠨ ᠠᠵᠢᠯᠴᠢᠳ ᠤᠨ ᠰᠡᠳᠬᠢᠯ ᠰᠠᠨᠠᠭ᠎ᠠ ᠶᠢ ᠲᠣᠭᠲᠠᠪᠤᠷᠢᠵᠢᠭᠤᠯᠵᠤ ᠪᠠᠶᠢᠭ᠎ᠠ ᠪᠠᠶᠢᠳᠠᠯ ᠢ ᠪᠥᠬᠦ ᠲᠠᠯ᠎ᠠ ᠪᠠᠷ ᠣᠶᠢᠯᠠᠭᠠᠵᠤ᠂ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠵᠡᠷᠭᠡ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠪᠣᠯᠤᠨ ᠬᠠᠷᠢᠶ᠎ᠠ ᠭᠠᠵᠠᠷ ᠤᠨ ᠵᠠᠰᠠᠭ ᠤᠨ ᠣᠷᠳᠣᠨ ᠢ ᠨᠢᠭᠡᠳᠦᠯᠲᠡᠶ ᠲᠥᠯᠥᠪᠯᠡᠨ ᠵᠣᠬᠢᠴᠠᠭᠤᠯᠵᠤ᠂ ᠥᠪᠡᠷ ᠢᠶᠠᠨ ᠲᠡᠷᠭᠡ ᠵᠢᠯᠣᠭᠤᠳᠬᠤ᠂ ᠲᠣᠮᠣ ᠰᠠᠭᠤᠳᠠᠯ ᠤᠨ ᠮᠠᠰᠢᠨ ᠲᠡᠷᠭᠡ ᠵᠢᠴᠢ ᠨᠢᠰᠬᠡᠯ ᠳᠠᠭᠠᠭᠠᠴᠢᠯᠠᠬᠤ ᠵᠡᠷᠭᠡ ᠣᠯᠠᠨ ᠵᠦᠢᠯ ᠤᠨ ᠠᠷᠭ᠎ᠠ ᠮᠠᠶ᠋ᠢᠭ ᠢᠶᠠᠷ ᠳᠠᠮᠵᠢᠭᠤᠯᠤᠨ ᠪᠠᠷᠢᠯᠭ᠎ᠠ ᠶᠢᠨ ᠠᠵᠢᠯᠴᠢᠳ ᠤᠨ ᠨᠤᠲᠤᠭ ᠲᠠᠭᠠᠨ ᠪᠤᠴᠠᠬᠤ ᠠᠵᠢᠯ ᠢ ᠡᠮᠬᠢ ᠵᠢᠷᠤᠮ ᠲᠠᠢ ᠥᠷᠨᠢᠭᠦᠯᠪᠡ᠃ 11 ᠳ᠋ᠦ᠋ᠭᠡᠷ ᠰᠠᠷ᠎ᠠ ᠶᠢᠨ 6 ᠤ ᠡᠳᠦᠷ ᠪᠣᠯᠲᠠᠯ᠎ᠠ᠂ ᠪᠥᠬᠦ ᠬᠤᠲᠠ ᠶᠢᠨ 40 ᠰᠢᠬᠠᠮ ᠪᠠᠶᠢᠭᠤᠯᠵᠤ ᠪᠠᠶᠢᠭ᠎ᠠ ᠲᠥᠷᠥᠯ ᠵᠦᠶ᠋ᠯ ᠤᠨ 2375 ᠬᠥᠯᠥᠰᠥᠨ ᠠᠵᠢᠯᠴᠢᠨ ᠥᠪᠡᠷ ᠢᠶᠠᠨ ᠲᠡᠷᠭᠡ ᠵᠢᠯᠣᠭᠤᠳᠬᠤ᠂ ᠲᠣᠮᠣ ᠰᠠᠭᠤᠳᠠᠯ ᠤᠨ ᠮᠠᠰᠢᠨ ᠪᠠ ᠨᠢᠰᠬᠡᠯ ᠳᠤ ᠰᠠᠭᠤᠬᠤ ᠵᠡᠷᠭᠡ ᠠᠷᠭ᠎ᠠ ᠮᠠᠶ᠋ᠢᠭ ᠢᠶᠠᠷ ᠮᠠᠨ ᠤ ᠬᠤᠲᠠ ᠠᠴᠠ ᠡᠮᠬᠢ ᠵᠢᠷᠤᠮ ᠲᠠᠢ ᠪᠠᠷ ᠪᠤᠴᠠᠪᠠ᠃ ᠣᠯᠠᠩᠬᠢ ᠪᠥᠲᠥᠭᠡᠨ ᠪᠠᠶᠢᠭᠤᠯᠤᠯᠲᠠ ᠶᠢᠨ ᠲᠥᠷᠥᠯ ᠵᠦᠢᠯ ᠨᠤᠲᠤᠭ ᠲᠠᠭᠠᠨ ᠪᠤᠴᠠᠭᠰᠠᠳ ᠤᠨ ᠴᠠᠯᠢᠩ ᠢ ᠨᠢᠭᠡᠨᠲᠡ ᠭᠦᠢᠴᠡᠳ ᠲᠤᠭ᠎ᠠ ᠪᠠᠷ ᠥᠭᠴᠦ᠂ ᠪᠤᠰᠤᠳ ᠲᠥᠷᠥᠯ ᠵᠦᠢᠯ ᠳᠤ ᠨᠢᠭᠡᠨᠲᠡ ᠬᠡᠰᠡᠭ ᠠᠮᠢᠳᠤᠷᠠᠯ ᠤᠨ ᠵᠠᠷᠤᠳᠠᠯ ᠢ ᠥᠭᠭᠦᠭᠰᠡᠨ ᠪᠥᠭᠡᠳ ᠬᠡᠪ ᠤᠨ ᠦᠢᠯᠡᠳᠪᠦᠷᠢᠯᠡᠯ ᠠᠮᠢᠳᠤᠷᠠᠯ ᠤᠨ ᠡᠮᠬᠢ ᠵᠢᠷᠤᠮ ᠢ ᠰᠡᠷᠭᠦᠭᠡᠭᠰᠡᠨ ᠤ ᠳᠠᠷᠠᠭ᠎ᠠ ᠦᠯᠡᠳᠡᠭᠰᠡᠨ ᠴᠠᠯᠢᠩ ᠢ ᠨᠢ ᠴᠠᠭ ᠲᠤᠬᠠᠶ ᠳᠤᠨᠢ ᠥᠭᠬᠦ ᠪᠠᠷ ᠠᠮᠠᠯᠠᠭᠰᠠᠨ ᠪᠠᠶᠢᠨ᠎ᠠ᠃      ᠬᠤᠲᠠ ᠶᠢᠨ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ ᠣᠯᠠᠨ ᠲᠦᠮᠡᠨ ᠤ ᠪᠠᠴᠢᠮᠳᠠᠵᠤ ᠬᠦᠴᠢᠷᠳᠡᠵᠦ ᠵᠣᠪᠠᠵᠤ ᠰᠠᠨᠠᠭᠰᠠᠨ ᠠᠰᠠᠭᠤᠳᠠᠯ ᠢ ᠦᠷᠭᠦᠯᠵᠢᠯᠡᠨ ᠨᠥᠬᠦᠴᠡᠯ ᠳᠤᠷᠠᠳᠬᠤ ᠥᠬᠡᠶ᠂ ᠪᠦᠬᠦ ᠬᠦᠴᠦᠨ ᠢᠶᠠᠷ ᠢᠶᠠᠨ ᠰᠢᠢᠳᠪᠦᠷᠢᠯᠡᠵᠦ᠂ ᠬᠢᠵᠢᠭ ᠤᠨ ᠪᠠᠶᠢᠳᠠᠯ ᠪᠤᠶᠤ ᠪᠤᠰᠤᠳ ᠰᠢᠯᠲᠠᠭᠠᠨ ᠢᠶᠠᠷ ᠬᠥᠯᠥᠰᠥᠨ ᠠᠵᠢᠯᠴᠢᠨ ᠤ ᠴᠠᠯᠢᠩ ᠢ ᠥᠷᠢᠲᠦᠬᠦ᠂ ᠥᠭᠬᠦ ᠦᠭᠡᠢ ᠪᠠᠶᠢᠳᠠᠯ ᠢ ᠡᠷᠡᠰ ᠬᠤᠷᠢᠭᠯᠠᠵᠤ᠂ ᠬᠥᠯᠥᠰᠥᠨ ᠠᠵᠢᠯᠴᠢᠨ ᠢ ᠰᠡᠳᠬᠢᠯ ᠠᠮᠤᠷ ᠨᠤᠲᠤᠭ ᠲᠤᠨᠢ ᠪᠤᠴᠠᠭᠠᠨ᠎ᠠ᠃
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ