ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠠᠭᠤᠤ ᠶᠡᠭᠡ ᠲᠤᠭ ᠢ ᠥᠨᠳᠥᠷ ᠮᠠᠨᠳᠤᠭᠤᠯᠵᠤ ᠨᠡᠶᠢᠭᠡᠮ ᠵᠢᠷᠤᠮᠳᠤ ᠣᠳᠣᠬᠢᠴᠢᠯᠠᠭᠰᠠᠨ | ᠤᠯᠤᠰ ᠢ ᠪᠥᠬᠦ ᠲᠠᠯ᠎ᠠ ᠪᠠᠷ ᠪᠥᠲᠥᠭᠡᠨ ᠪᠠᠶᠢᠭᠤᠯᠬᠤ ᠶᠢᠨ ᠲᠥᠯᠥᠭᠡ ᠪᠦᠯᠬᠦᠮᠳᠡᠨ ᠲᠡᠮᠡᠴᠡᠰᠦᠬᠡᠢ | ᠰᠢ ᠶᠢᠨ ᠫᠢᠩ ᠠᠷᠪᠠ ᠶᠢᠰᠦᠳᠦᠬᠡᠷ ᠬᠤᠭᠤᠴᠠᠭᠠᠨ ᠤ ᠳᠦᠪ ᠬᠤᠷᠢᠶ᠎ᠠ ᠶᠢ ᠲᠦᠯᠦᠬᠡᠯᠡᠨ ᠶᠡᠭᠡ ᠬᠤᠷᠠᠯ ᠳᠤ ᠢᠯᠡᠳᠬᠡᠯ ᠬᠢᠪᠡ | ᠰᠢ ᠶᠢᠨ ᠫᠢᠡᠭ ᠵᠢᠭᠠᠵᠦ ᠭᠠᠷᠭᠠᠬᠰᠡᠨ ᠨᠢ᠂ ᠤᠳᠤ ᠠᠴᠠ ᠡᠬᠢᠯᠡᠨ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠤᠣᠯ ᠡᠭᠦᠷᠭᠡ ᠪᠣᠯ ᠪᠦᠬᠦ ᠤᠯᠤᠰ ᠤᠨ | ᠦᠨᠳᠦᠰᠦᠲᠡᠨ ᠨᠦᠭᠦᠳ ᠤᠨ ᠠᠷᠠᠳ ᠲᠦᠮᠡᠨ ᠢ ᠪᠦᠯᠬᠦᠮᠳᠡᠭᠦᠯᠦᠨ ᠳᠠᠭᠠᠭᠤᠯᠵᠤ ᠨᠡᠶᠢᠭᠡᠮ ᠵᠢᠷᠤᠮᠲᠦ ᠣᠳᠣᠬᠢᠴᠢᠯᠠᠭᠰᠠᠨ ᠬᠦᠴᠦᠷᠬᠡᠭ ᠤᠯᠤᠰ ᠢ ᠪᠦᠬᠦ ᠲᠠᠯ᠎ᠠ ᠪᠠᠷ | ᠪᠦᠲᠦᠭᠡᠨ ᠪᠠᠶᠢᠭᠤᠯᠵᠤ᠂ ᠬᠤᠶᠠᠳᠤᠭᠠᠷ ᠵᠠᠭᠤᠨ ᠵᠢᠯ ᠤᠨ ᠲᠡᠮᠡᠴᠡᠬᠦ ᠬᠠᠷᠠᠯᠲᠠ ᠶᠢ ᠪᠡᠶᠡᠯᠡᠭᠦᠯᠵᠦ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠪᠠᠷ | ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠦᠬᠦ ᠲᠠᠯ᠎ᠠ ᠪᠠᠷ ᠠᠬᠢᠭᠤᠯᠬᠤ ᠶᠠᠪᠤᠳᠠᠯ ᠪᠣᠯᠣᠨ᠎ᠠ᠃ ᠤᠷᠤᠭᠰᠢᠯᠠᠯᠲᠠ ᠶᠢᠨ ᠵᠠᠮ ᠳᠡᠭᠡᠷ᠎ᠡ | ᠡᠷᠬᠡᠪᠰᠢ ᠴᠢᠬᠤᠯᠠ ᠶᠡᠭᠡ ᠵᠠᠷᠴᠢᠮ ᠢ ᠪᠠᠲᠤ ᠡᠵᠡᠮᠳᠡᠬᠦ ᠬᠡᠷᠡᠭᠲᠡᠢ᠄ ᠨᠠᠮ ᠤᠨ ᠪᠦᠬᠦ ᠲᠠᠯ᠎ᠠ ᠶᠢᠨ ᠤᠳᠤᠷᠢᠳᠤᠯᠭ᠎ᠠ ᠶᠢ ᠪᠠᠷᠢᠮᠲᠠᠯᠠᠨ ᠴᠢᠩᠭᠠᠳᠬᠠᠵᠤ᠂ ᠳᠤᠮᠳᠠᠳᠤ | ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠵᠠᠮ ᠢ ᠪᠠᠷᠢᠮᠲᠠᠯᠠᠵᠤ᠂ ᠠᠷᠠᠳ ᠲᠦᠮᠡᠨ ᠢᠶᠠᠷ ᠭᠤᠣᠯ ᠪᠣᠯᠭᠠᠬᠤ ᠬᠥᠭᠵᠢᠯᠲᠡ ᠶᠢᠨ ᠦᠵᠡᠯ ᠰᠠᠨᠠᠭ᠎ᠠ ᠶᠢ | ᠪᠠᠷᠢᠮᠲᠠᠯᠠᠵᠤ᠂ ᠥᠭᠡᠷᠡᠴᠢᠯᠡᠯᠲᠡ ᠨᠡᠭᠡᠭᠡᠯᠲᠡ ᠶᠢ ᠭᠦᠨᠵᠡᠭᠡᠶᠢᠷᠡᠭᠦᠯᠬᠦ ᠶᠢ ᠪᠠᠷᠢᠮᠲᠠᠯᠠᠵᠤ᠂ ᠲᠡᠮᠡᠴᠡᠯ ᠤᠨ ᠵᠣᠷᠢᠭ ᠰᠠᠨᠠᠭ᠎ᠠ ᠶᠢ ᠪᠠᠳᠠᠷᠠᠭᠤᠯᠬᠤ ᠶᠢ ᠪᠠᠷᠢᠮᠲᠠᠯᠠᠨ᠎ᠠ | | ᠯᠢ ᠺᠧ ᠴᠢᠶᠠᠩ ᠶᠡᠭᠡ ᠬᠤᠷᠠᠯ ᠢ ᠡᠷᠬᠢᠯᠡᠵᠥ 2340 ᠲᠦᠯᠦᠬᠡᠯᠡᠭᠴᠢ ᠪᠤᠯᠤᠨ ᠤᠨᠴᠠ ᠤᠷᠢᠬᠰᠠᠨ ᠳᠦᠯᠦᠬᠡᠯᠡᠭᠴᠢ ᠶᠡᠭᠡ ᠬᠤᠷᠠᠯ ᠳᠤ ᠤᠷᠤᠯᠴᠠᠵᠠᠢ | | | | | 10 ᠰᠠᠷ᠎ᠠ ᠶᠢᠨ 16 ᠤ ᠡᠳᠦᠷ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠤᠷᠢᠳᠤᠭᠠᠷ ᠤᠳᠠᠭ᠎ᠠ ᠶᠢᠨ ᠪᠦᠬᠦ ᠤᠯᠤᠰ ᠤᠨ ᠲᠥᠯᠥᠭᠡᠯᠡᠭᠴᠢᠳ ᠤᠨ | ᠶᠡᠭᠡ ᠬᠤᠷᠠᠯ ᠪᠡᠭᠡᠵᠢᠩ ᠤᠨ ᠠᠷᠠᠳ ᠤᠨ ᠶᠡᠭᠡ ᠬᠤᠷᠠᠯ ᠤᠨ ᠲᠠᠩᠬᠢᠮ ᠳᠤ ᠡᠬᠢᠯᠡᠪᠡ᠃ ᠰᠢ ᠶᠢᠨ ᠫᠢᠩ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶ᠎ᠠ ᠶᠢ | ᠲᠦᠯᠦᠭᠡᠯᠡᠨ ᠶᠡᠭᠡ ᠬᠤᠷᠠᠯ ᠳᠤ ᠢᠯᠡᠳᠭᠡᠯ ᠬᠢᠵᠡᠢ᠃ | ᠰᠢᠨᠬᠤᠸᠠ ᠬᠤᠷᠢᠶᠠᠨ ᠤ ᠰᠤᠷᠪᠤᠯᠵᠢᠯᠠᠭᠴᠢ ᠷᠤᠤ ᠠᠶ ᠮᠢᠨ ᠰᠡᠭᠦᠳᠡᠷᠯᠡᠪᠡ | | ᠰᠡᠳᠭᠢᠯ ᠨᠢᠭᠡᠳᠦᠨ ᠬᠦᠴᠦ ᠪᠠᠨ ᠬᠠᠮᠲᠤᠳᠬᠠᠵᠤ ᠰᠡᠷᠭᠦᠨ ᠮᠠᠨᠳᠤᠯᠲᠠ ᠶᠢᠨ ᠰᠢᠨ᠎ᠡ ᠠᠤᠭ᠎ᠠ ᠲᠥᠰᠥᠪ ᠢ ᠵᠢᠷᠤᠭᠯᠠᠵᠤ᠂ ᠪᠦᠯᠬᠦᠮᠳᠡᠨ ᠲᠡᠮᠡᠴᠡᠵᠦ ᠲᠡᠦᠬᠡ ᠶᠢᠨ | ᠰᠢᠨ᠎ᠡ ᠠᠭᠤᠤ ᠦᠢᠯᠡᠰ ᠢ ᠡᠭᠦᠳᠦᠨ ᠪᠦᠲᠦᠭᠡᠨ᠎ᠡ᠃ ᠳᠡᠯᠡᠬᠡᠶ ᠳ᠋ᠠᠬᠢᠨ ᠤ ᠠᠩᠬᠠᠷᠤᠯ ᠢ ᠲᠠᠲᠠᠭᠰᠠᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠤᠷᠢᠳᠤᠭᠠᠷ | ᠤᠲᠠᠭ᠎ᠠ ᠶᠢᠨ ᠪᠦᠬᠦ ᠤᠯᠤᠰ ᠤᠨ ᠲᠥᠯᠥᠭᠡᠯᠡᠭᠴᠢᠳ ᠤᠨ ᠶᠡᠭᠡ ᠬᠤᠷᠠᠯ 16 ᠤ ᠦᠳᠡ ᠶᠢᠨ ᠡᠮᠦᠨ᠎ᠡ ᠠᠷᠠᠳ ᠤᠨ ᠶᠡᠭᠡ ᠬᠤᠷᠠᠯ ᠤᠨ ᠲᠠᠩᠭᠢᠮ ᠳᠤ ᠡᠬᠢᠯᠡᠪᠡ᠃ | ᠰᠢ ᠶᠢᠨ ᠫᠢᠩ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠡᠮᠤᠨ᠎ᠠ ᠠᠴᠠ ᠶᠡᠭᠡ ᠬᠤᠷᠠᠯ ᠳᠤ ︽ᠳᠤᠮᠳᠠᠳᠤ ᠤᠯᠤᠰ ᠤᠨ ᠣᠨᠴᠠᠯᠢᠭ ᠲᠠᠢ | ᠨᠡᠶᠢᠭᠡᠮ ᠵᠢᠷᠤᠮ ᠤᠨ ᠠᠭᠤᠤ ᠶᠡᠭᠡ ᠲᠤᠭ ᠢ ᠥᠨᠳᠥᠷ ᠮᠠᠨᠳᠤᠭᠤᠯᠵᠤ ᠨᠡᠶᠢᠭᠡᠮ ᠵᠢᠷᠤᠮᠳᠤ ᠣᠳᠣᠬᠢᠴᠢᠯᠠᠭᠰᠠᠨ ᠤᠯᠤᠰ ᠢ ᠪᠥᠬᠦ ᠲᠠᠯ᠎ᠠ ᠪᠠᠷ ᠪᠥᠲᠥᠭᠡᠨ | ᠪᠠᠶᠢᠭᠤᠯᠬᠤ ᠶᠢᠨ ᠲᠥᠯᠥᠭᠡ ᠪᠦᠯᠬᠦᠮᠳᠡᠨ ᠲᠡᠮᠡᠴᠡᠰᠦᠬᠡᠢ︾ ᠭᠡᠬᠦ ᠰᠡᠳᠦᠪ ᠢᠶᠠᠷ ᠢᠯᠡᠳᠭᠡᠯ ᠬᠢᠪᠠ᠃ ᠰᠢ ᠶᠢᠨ ᠫᠢᠩ᠂ ᠳᠤᠮᠳᠠᠳᠤ ᠤᠯᠤᠰ ᠤᠨ ᠡᠪ ᠬᠠᠮᠲᠤ ᠨᠠᠮ ᠤᠨ | ᠬᠤᠷᠢᠳᠤᠭᠠᠷ ᠤᠳᠠᠭ᠎ᠠ ᠶᠢᠨ ᠪᠦᠬᠦ ᠤᠯᠤᠰ ᠤᠨ ᠲᠥᠯᠥᠭᠡᠯᠡᠭᠴᠢᠳ ᠤᠨ ᠶᠡᠭᠡ ᠬᠤᠷᠠᠯ ᠪᠣᠯ ᠪᠦᠬᠦ ᠨᠠᠮ ᠪᠦᠬᠦ ᠤᠯᠤᠰ ᠤᠨ ᠦᠨᠳᠦᠰᠦᠲᠡᠨ ᠨᠦᠭᠦᠳ ᠤᠨ ᠠᠷᠠᠳ | ᠲᠦᠮᠡᠨ ᠨᠡᠶᠢᠭᠡᠮ ᠵᠢᠷᠤᠮᠲᠤ ᠣᠳᠣᠬᠢᠴᠢᠯᠠᠭᠰᠠᠨ ᠤᠯᠤᠰ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠰᠢᠨ᠎ᠡ ᠠᠶᠠᠨ ᠳᠤ ᠮᠤᠷᠳᠠᠵᠤ᠂ ᠬᠤᠶᠠᠳᠤᠭᠠᠷ ᠵᠠᠭᠤᠨ ᠵᠢᠯ ᠤᠨ | ᠲᠡᠮᠡᠴᠡᠬᠦ ᠬᠠᠷᠠᠯᠲᠠ ᠲᠡᠶᠢᠰᠢ ᠤᠷᠤᠭᠰᠢᠯᠠᠬᠤ ᠵᠠᠩᠭᠢᠯᠠᠭ᠎ᠠ ᠶᠢᠨ ᠦᠶ᠎ᠡ ᠳᠤ ᠬᠤᠷᠠᠯᠳᠤᠭᠰᠠᠨ ᠨᠢᠭᠡ ᠤᠳᠠᠭ᠎ᠠ ᠶᠢᠨ ᠲᠦᠢᠯ ᠤᠨ ᠴᠢᠬᠤᠯᠠ ᠶᠡᠭᠡ ᠬᠤᠷᠠᠯ ᠪᠣᠯᠤᠨ᠎ᠠ᠃ | ᠶᠡᠭᠡ ᠬᠤᠷᠠᠯ ᠤᠨ ᠭᠤᠣᠯ ᠰᠡᠳᠦᠪ ᠪᠣᠯ᠄ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠠᠭᠤᠤ ᠶᠡᠭᠡ ᠲᠤᠭ ᠢ ᠥᠨᠳᠥᠷ ᠮᠠᠨᠳᠤᠭᠤᠯᠵᠤ᠂ ᠰᠢᠨ᠎ᠡ | ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠪᠦᠬᠦ ᠲᠠᠯ᠎ᠠ ᠪᠠᠷ ᠲᠤᠭᠤᠰᠢᠯᠠᠭᠤᠯᠵᠤ᠂ ᠠᠭᠤᠤ ᠶᠡᠭᠡ ᠨᠠᠮ | ᠪᠠᠶᠢᠭᠤᠯᠤᠬᠰᠠᠨ ᠵᠣᠷᠢᠭ ᠰᠠᠨᠠᠭ᠎ᠠ ᠶᠢ ᠪᠠᠳᠠᠷᠠᠭᠤᠯᠵᠤ᠂ ᠥᠪᠡᠷ ᠢ ᠪᠠᠨ ᠢᠲᠡᠬᠡᠵᠤ ᠥᠪᠡᠷ ᠢ ᠪᠠᠨ ᠬᠥᠴᠥᠷᠬᠡᠭᠵᠢᠬᠦᠯᠥᠨ᠂ ᠲᠥᠪ ᠶᠣᠰᠣ ᠶᠢ ᠪᠠᠷᠢᠮᠲᠠᠯᠠᠨ ᠰᠢᠨ᠎ᠡ ᠶᠢ | ᠡᠭᠦᠳᠴᠦ᠂ ᠤᠮᠤᠬ ᠵᠤᠷᠢᠭ ᠪᠠᠳᠠᠷᠠᠩᠭᠤᠢ ᠡᠷᠡᠮᠡᠬᠡᠶᠢᠯᠡᠨ ᠳᠡᠮᠡᠴᠡᠵᠥ᠂ ᠡᠷᠡᠯᠬᠡᠭ ᠰᠢᠭᠤᠷᠬᠠᠢ ᠪᠠᠷ ᠤᠷᠤᠬᠰᠢᠯᠠᠵᠤ᠂ ᠨᠡᠶᠢᠭᠡᠮ ᠵᠢᠷᠤᠮᠳᠤ ᠣᠳᠣᠬᠢᠴᠢᠯᠠᠭᠰᠠᠨ ᠤᠯᠤᠰ ᠢ | ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠦᠬᠦ ᠲᠠᠯ᠎ᠠ ᠪᠠᠷ ᠠᠬᠢᠭᠤᠯᠬᠤ ᠶᠢᠨ ᠲᠥᠯᠥᠭᠡ | ᠪᠦᠯᠬᠦᠮᠳᠡᠨ ᠲᠡᠮᠡᠴᠡᠬᠦ ᠶᠠᠪᠤᠳᠠᠯ ᠪᠤᠯᠤᠨ᠎ᠠ ᠬᠡᠵᠥ ᠵᠢᠭᠠᠵᠥ ᠭᠠᠷᠭᠠᠪᠠ᠃ | | | | | 10 ᠰᠠᠷ᠎ᠠ ᠶᠢᠨ 16 ᠤ ᠡᠳᠦᠷ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠤᠷᠢᠳᠤᠭᠠᠷ ᠤᠳᠠᠭ᠎ᠠ ᠶᠢᠨ ᠪᠦᠬᠦ ᠤᠯᠤᠰ ᠤᠨ ᠲᠥᠯᠥᠭᠡᠯᠡᠭᠴᠢᠳ ᠤᠨ | ᠶᠡᠭᠡ ᠬᠤᠷᠠᠯ ᠪᠡᠭᠡᠵᠢᠩ ᠤᠨ ᠠᠷᠠᠳ ᠤᠨ ᠶᠡᠭᠡ ᠬᠤᠷᠠᠯ ᠤᠨ ᠲᠠᠩᠬᠢᠮ ᠳᠤ ᠡᠬᠢᠯᠡᠪᠡ᠃ ᠵᠢᠷᠤᠭ ᠪᠤᠯ ᠰᠢ ᠶᠢᠨ ᠫᠢᠩ᠂ ᠯᠢ ᠺᠧ ᠴᠢᠶᠠᠩ᠂ ᠯᠢ ᠵᠠᠨ ᠱᠤ᠋᠂ ᠸᠠᠩ ᠶᠠᠩ | ᠂ ᠸᠠᠩ ᠬᠤ᠋ ᠨᠢᠩ᠂ ᠵᠣᠣ ᠯᠧ ᠵᠢᠶ᠂ ᠬᠠᠨ ᠵᠧᠩ᠂ ᠬᠤ᠋ ᠶᠢᠨ ᠲᠤᠤ ᠨᠠᠷ ᠲᠡᠷᠢᠭᠦᠯᠡᠭᠴᠢ ᠶᠢᠨ ᠲᠠᠶᠢᠰᠠᠨ ᠲᠡᠭᠡᠷ᠎ᠡ ᠪᠠᠶᠢᠭ᠎ᠠ ᠨᠢ᠃ | ᠰᠢᠨᠬᠤᠸᠠ ᠬᠤᠷᠢᠶᠠᠨ ᠤ ᠰᠤᠷᠪᠤᠯᠵᠢᠯᠠᠭᠴᠢ ᠯᠢ ᠰᠢᠤᠸᠠᠢ ᠷᠧᠨ ᠰᠡᠭᠦᠳᠡᠷᠯᠡᠪᠡ | | ᠠᠷᠠᠳ ᠤᠨ ᠶᠡᠭᠡ ᠬᠤᠷᠠᠯ ᠤᠨ ᠲᠠᠩᠭᠢᠮ ᠰᠦᠷ ᠵᠢᠪᠬᠤᠯᠠᠩᠳᠠᠢ ᠪᠦᠬᠡᠳ ᠳᠦᠪ ᠶᠡᠬᠡᠮᠰᠦᠭ ᠪᠠᠶᠢᠵᠤ᠂ ᠲᠦᠮᠡᠨ ᠬᠦᠮᠦᠨ ᠤ ᠶᠣᠰᠣᠯᠠᠯ ᠤᠨ ᠲᠠᠩᠭᠢᠮ ᠳᠤ | ᠪᠠᠶᠠᠷ ᠬᠦᠷ ᠢᠶᠠᠷ ᠪᠢᠯᠬᠠᠵᠥ ᠪᠠᠶᠢᠯ᠎ᠠ᠃ ᠲᠡᠷᠢᠭᠦᠯᠡᠭᠴᠢ ᠶᠢᠨ ᠲᠠᠶᠢᠰᠠᠨ ᠤ ᠳᠡᠭᠡᠷ᠎ᠡ ᠲᠠᠯ᠎ᠠ ᠳᠤ ︽ᠳᠤᠮᠳᠠᠳᠤ ᠤᠯᠤᠰ ᠤᠨ ᠡᠪ ᠬᠠᠮᠲᠤ ᠨᠠᠮ ᠤᠨ ᠬᠤᠷᠢᠳᠤᠭᠠᠷ | ᠤᠳᠠᠭ᠎ᠠ ᠶᠢᠨ ᠪᠦᠬᠦ ᠤᠯᠤᠰ ᠤᠨ ᠲᠥᠯᠥᠭᠡᠯᠡᠭᠴᠢᠳ ᠤᠨ ᠶᠡᠭᠡ ᠬᠤᠷᠠᠯ︾ ᠭᠡᠬᠦ ᠬᠤᠷᠠᠯ ᠤᠨ ᠲᠡᠮᠳᠡᠭ ᠢ ᠡᠯᠭᠦᠵᠦ᠂ ᠠᠷᠤ ᠶᠢᠨ ᠬᠦᠰᠢᠭᠡ ᠶᠢᠨ ᠭᠤᠣᠯ ᠳᠤᠮᠳᠠ ᠨᠢ | ᠠᠯᠤᠬ᠎ᠠ ᠬᠠᠳᠤᠭᠤᠷ ᠢᠶᠠᠷ ᠪᠦᠷᠢᠯᠳᠦᠭᠰᠡᠨ ᠨᠠᠮ ᠤᠨ ᠰᠦᠯᠳᠡ ᠶᠢ ᠡᠯᠭᠦᠵᠦ᠂ 10 ᠤᠯᠠᠭᠠᠨ ᠲᠤᠭ ᠢ ᠬᠤᠶᠠᠷ ᠲᠠᠯ᠎ᠠ ᠪᠠᠷ ᠨᠢ ᠵᠢᠬᠰᠠᠭᠠᠨ ᠳᠠᠯᠪᠢᠵᠠᠢ᠃ ᠬᠤᠶᠠᠳᠤᠭᠠᠷ | ᠳᠠᠪᠬᠤᠷᠯᠢᠭ ᠪᠠ ᠭᠤᠷᠪᠠᠳᠤᠭᠠᠷ ᠳᠠᠪᠬᠤᠷᠯᠢᠭ ᠤᠨ ᠪᠠᠷᠠᠯᠠᠬᠤ ᠲᠠᠶᠢᠰᠠᠨ ᠳᠡᠭᠡᠷ᠎ᠡ ︽ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠠᠭᠤᠤ ᠶᠡᠭᠡ | ᠲᠤᠭ ᠢ ᠥᠨᠳᠥᠷ ᠮᠠᠨᠳᠤᠭᠤᠯᠵᠤ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ | ᠪᠦᠬᠦ ᠲᠠᠯ᠎ᠠ ᠪᠠᠷ ᠲᠤᠭᠤᠰᠢᠯᠠᠭᠤᠯᠵᠤ᠂ ᠠᠭᠤᠤ ᠶᠡᠭᠡ ᠨᠠᠮ ᠪᠠᠶᠢᠭᠤᠯᠤᠬᠰᠠᠨ ᠵᠣᠷᠢᠭ ᠰᠠᠨᠠᠭ᠎ᠠ ᠶᠢ ᠪᠠᠳᠠᠷᠠᠭᠤᠯᠵᠤ᠂ ᠨᠡᠶᠢᠭᠡᠮ ᠵᠢᠷᠦᠮᠳᠤ ᠣᠳᠣᠬᠢᠴᠢᠯᠠᠭᠰᠠᠨ ᠤᠯᠤᠰ ᠢ | ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠦᠬᠦ ᠲᠠᠯ᠎ᠠ ᠪᠠᠷ ᠠᠬᠢᠭᠤᠯᠬᠤ ᠶᠢᠨ ᠲᠥᠯᠥᠭᠡ | ᠪᠦᠯᠬᠦᠮᠳᠡᠨ ᠲᠡᠮᠡᠴᠡᠰᠦᠭᠡᠢ︕︾᠂ ︽ᠠᠭᠤᠤ ᠶᠡᠭᠡ᠂ ᠢᠷᠠᠭᠤ ᠠᠯᠳᠠᠷ ᠲᠠᠢ᠂ ᠵᠥᠪ ᠣᠨᠣᠪᠴᠢᠲᠠᠢ ᠳᠤᠮᠳᠠᠳᠤ ᠤᠯᠤᠰ ᠤᠨ ᠡᠪ ᠬᠠᠮᠲᠤ ᠨᠠᠮ ᠮᠠᠨᠳᠤᠲᠤᠭᠠᠢ︕︾ | ᠭᠡᠬᠦ ᠬᠥᠨᠳᠡᠯᠡᠨ ᠪᠢᠴᠢᠭᠡᠰᠦ ᠶᠢ ᠲᠤᠰ ᠲᠤᠰ ᠡᠯᠬᠦᠵᠡᠢ᠃ | ᠲᠡᠷᠢᠭᠦᠯᠡᠭᠴᠢ ᠶᠢᠨ ᠲᠠᠶᠢᠰᠠᠨ ᠤ ᠡᠮᠦᠨ᠎ᠡ ᠮᠥᠷ ᠲᠤ ᠰᠠᠭᠠᠲᠠᠭᠰᠠᠨ ᠶᠡᠭᠡ ᠬᠤᠷᠠᠯ ᠤᠨ ᠲᠡᠷᠢᠭᠦᠯᠡᠭᠴᠢᠳ ᠤᠨ ᠪᠦᠯᠬᠦᠮ ᠤᠨ ᠪᠠᠶᠢᠩᠭᠤ ᠶᠢᠨ ᠺᠤᠮᠢᠰ ᠤᠨ | ᠪᠦᠷᠢᠯᠳᠦᠬᠦᠨ ᠳᠤ ᠰᠢ ᠶᠢᠨ ᠫᠢᠩ᠂ ᠯᠢ ᠺᠧ ᠴᠢᠶᠠᠩ᠂ ᠯᠢ ᠵᠠᠨ ᠱᠤ᠋᠂ ᠸᠠᠩ ᠶᠠᠩ᠂ ᠸᠠᠩ ᠬᠤ᠋ ᠨᠢᠩ᠂ ᠵᠣᠣ ᠯᠧ ᠵᠢᠶ᠂ ᠬᠠᠨ ᠵᠧᠩ᠂ ᠳ᠋ᠢᠩ ᠰᠢᠤᠸᠠᠢ ᠰᠢᠶᠠᠩ᠂ | ᠸᠠᠩ ᠴᠧᠨ᠂ ᠯᠢᠦ ᠾᠧ᠂ ᠰᠢᠤᠢ ᠴᠢ ᠯᠢᠶᠠᠩ᠂ ᠰᠦᠨ ᠴᠦᠨ ᠯᠠᠨ᠂ ᠯᠢ ᠰᠢ᠂ ᠯᠢ ᠴᠢᠶᠠᠩ᠂ ᠯᠢ ᠬᠤᠩ ᠵᠥᠩ᠂ ᠶᠠᠩ ᠵᠢᠶᠧ ᡂᠢ᠂ ᠶᠠᠩ ᠰᠢᠶᠣᠣ ᠳ᠋ᠦ᠋᠂ | ᠵᠠᠩ ᠶᠢᠦ ᠰᠢᠶᠠ᠂ ᠴᠧᠨ ᠰᠢ᠂ ᠴᠧᠨ ᠴᠢᠤᠸᠠᠨ ᠭᠦᠸᠧ᠂ ᠴᠧᠨ ᠮᠢᠨ ᠡᠯ᠂ ᠬᠤ᠋ ᠴᠦᠨ ᠬᠤᠸᠠ᠂ ᠭᠦᠸᠧ ᠱᠧᠩ ᠺᠦᠨ᠂ ᠬᠤᠸᠠᠩ ᠺᠦᠨ ᠮᠢᠩ᠂ ᠼᠠᠢ ᠴᠢ᠂ | ᠬᠤ᠋ ᠶᠢᠨ ᠲᠤᠤ᠂ ᠯᠢ ᠷᠦᠢ ᠬᠤᠸᠠᠨ᠂ ᠸᠧᠨ ᠵᠢᠶᠠ ᠪᠦᠦ᠂ ᠵᠢᠶᠠ ᠴᠢᠩ ᠯᠢᠨ᠂ ᠵᠠᠩ ᠳ᠋ᠧ ᠵᠢᠶᠠᠩ᠂ ᠢᠦᠶ ᠵᠧᠩ ᠱᠧᠩ᠂ ᠰᠦᠩ ᠫᠢᠩ᠂ ᠯᠢ ᠯᠠᠨ ᠴᠢᠩ᠂ | ᠽᠤᠩ ᠴᠢᠩ ᠬᠤᠩ᠂ ᠡᠦ ᠭᠤᠸᠠᠨ ᠵᠧᠩ᠂ ᠯᠢ ᠴᠠᠩ ᠴᠦᠨ᠂ ᠾᠧ ᠭᠦᠸᠧ ᠴᠢᠶᠠᠩ᠂ ᠯᠢᠦ ᠶᠦᠨ ᠱᠠᠨ᠂ ᠵᠠᠩ ᠭᠤᠤ ᠯᠢ᠂ ᠶᠢᠦ ᠴᠢᠤᠸᠠᠨ᠂ ᠵᠠᠩ ᠴᠢᠩ ᠯᠢ | ᠨᠠᠷ ᠪᠤᠢ᠃ | ᠶᠡᠭᠡ ᠬᠤᠷᠠᠯ ᠢ ᠯᠢ ᠺᠧ ᠴᠢᠶᠠᠩ ᠡᠷᠬᠢᠯᠡᠪᠡ᠃ ᠦᠳᠡ ᠶᠢᠨ ᠡᠮᠦᠨᠡᠬᠢ 10 ᠴᠠᠭ ᠲᠤ ᠶᠡᠭᠡ ᠬᠤᠷᠠᠯ ᠡᠬᠢᠯᠡᠪᠡ᠃ ᠪᠦᠬᠦᠳᠡᠬᠡᠷ ᠢᠶᠠᠨ ᠪᠣᠰᠴᠤ ᠵᠣᠭᠰᠣᠨ᠂ ︽ | ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠦᠯᠳᠡ ᠳᠠᠭᠤᠤ︾ ᠶᠢ ᠬᠠᠩᠭᠢᠨᠠᠳᠠᠯ᠎ᠠ ᠳᠠᠭᠤᠯᠠᠪᠠ᠃ ᠳᠠᠷᠠᠭ᠎ᠠ ᠨᠢ᠂ ᠪᠦᠬᠦᠳᠡᠬᠡᠷ ᠢᠶᠠᠨ ᠮᠠᠤ ᠽᠧ ᠳ᠋ᠦᠩ᠂ | ᠵᠧᠦ ᠧᠨ ᠯᠠᠢ᠂ ᠯᠢᠦ ᠱᠤᠤ ᠴᠢ᠂ ᠵᠦ ᠳ᠋ᠧ᠂ ᠳ᠋ᠧᠩ ᠰᠢᠶᠣᠣ ᠫᠢᠩ᠂ ᠴᠧᠨ ᠶᠦᠨ ᠵᠡᠷᠭᠡ ᠨᠠᠰᠤ ᠪᠠᠷᠠᠭᠰᠠᠨ ᠠᠬᠠᠮᠠᠳ ᠨᠢᠭᠡ ᠦᠶ᠎ᠡ ᠶᠢᠨ ᠦᠭᠡᠶᠢᠭᠦᠦ ᠠᠩᠭᠢ ᠶᠢᠨ | ᠬᠤᠪᠢᠰᠬᠠᠯᠴᠢ ᠪᠣᠯᠤᠨ ᠬᠤᠪᠢᠰᠬᠠᠯᠲᠤ ᠦᠷᠡᠭᠳᠡᠭᠰᠡᠨ ᠪᠠᠭᠠᠲᠤᠷᠴᠤᠳ ᠢ ᠨᠠᠮᠠᠨᠴᠢᠯᠠᠨ ᠭᠠᠰᠢᠭᠤᠳᠠᠪᠠ᠃ | ᠯᠢ ᠺᠧ ᠴᠢᠶᠠᠩ᠂ ᠨᠠᠮ ᠤᠨ ᠬᠤᠷᠢᠳᠤᠭᠠᠷ ᠶᠡᠭᠡ ᠬᠤᠷᠠᠯ ᠳᠤ ᠣᠷᠣᠯᠴᠠᠪᠠᠯ ᠵᠣᠬᠢᠬᠤ ᠲᠥᠯᠥᠭᠡᠯᠡᠭᠴᠢ 2296 ᠬᠥᠮᠦᠨ᠂ ᠣᠨᠴᠠ ᠤᠷᠢᠭᠰᠠᠨ | ᠲᠥᠯᠥᠭᠡᠯᠡᠭᠴᠢ 83 ᠬᠥᠮᠦᠨ᠂ ᠨᠡᠶᠢᠲᠡ 2379 ᠬᠥᠮᠦᠨ ᠪᠤᠢ᠂ ᠡᠨᠡ ᠡᠳᠦᠷ ᠤᠨ ᠬᠤᠷᠠᠯ ᠳᠤ 2340 ᠬᠥᠮᠦᠨ ᠤᠷᠤᠯᠴᠠᠵᠠᠢ ᠭᠡᠵᠥ ᠨᠡᠶᠢᠳᠡᠯᠡᠪᠡ᠃ ᠲᠡᠷᠡ | ᠶᠡᠭᠡ ᠬᠤᠷᠠᠯ ᠳᠤ ᠰᠤᠯᠠ ᠣᠷᠣᠯᠴᠠᠭᠰᠠᠨ ᠨᠠᠮ ᠤᠨ ᠭᠠᠳᠠᠨᠠᠬᠢ ᠨᠠᠶᠢᠵᠠ ᠨᠠᠷ ᠪᠣᠯᠤᠨ ᠬᠤᠯᠪᠣᠭᠳᠠᠯ ᠪᠦᠬᠦᠢ ᠲᠠᠯ᠎ᠠ ᠶᠢᠨ ᠬᠠᠷᠢᠭᠤᠴᠠᠯᠭᠠᠲᠠᠨ ᠨᠥᠬᠦᠳ ᠢ | ᠬᠠᠯᠠᠭᠤᠨ ᠢᠶᠠᠷ ᠤᠭᠲᠤᠵᠤ ᠪᠠᠶᠢᠬᠤ ᠪᠠᠨ ᠢᠯᠡᠳᠬᠡᠵᠡᠢ᠃ | ᠰᠢ ᠶᠢᠨ ᠫᠢᠩ ᠤᠨ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶ᠎ᠡ ᠶᠢ ᠲᠦᠯᠦᠭᠡᠯᠡᠨ ᠶᠡᠭᠡ ᠬᠤᠷᠠᠯ ᠳᠤ ᠬᠢᠭᠰᠡᠨ ᠢᠯᠡᠳᠭᠡᠯ 15 ᠬᠡᠰᠡᠭ ᠲᠤ | ᠬᠤᠪᠢᠶᠠᠬᠳᠠᠪᠠ᠄ ᠨᠢᠭᠡ᠂ ᠥᠩᠭᠡᠷᠡᠭᠰᠡᠨ ᠲᠠᠪᠤᠨ ᠵᠢᠯ ᠤᠨ ᠠᠵᠢᠯ ᠪᠣᠯᠤᠨ ᠰᠢᠨ᠎ᠡ ᠴᠠᠭ ᠦᠶ᠎ᠡ ᠶᠢᠨ ᠠᠷᠪᠠᠨ ᠵᠢᠯ ᠤᠨ ᠠᠭᠤᠤ ᠶᠡᠭᠡ ᠬᠤᠪᠢᠰᠤᠯᠲᠠ︔ ᠬᠤᠶᠠᠷ᠂ | ᠮᠠᠷᠺᠰ ᠤᠨ ᠦᠵᠡᠯ ᠢ ᠳᠤᠮᠳᠠᠳᠤ ᠤᠯᠤᠰᠴᠢᠯᠠᠬᠤ ᠴᠠᠭ ᠦᠶᠡᠴᠢᠯᠡᠬᠦ ᠰᠢᠨ᠎ᠡ ᠠᠬᠤᠢ ᠪᠠᠶᠢᠳᠠᠯ ᠢ ᠨᠡᠭᠡᠭᠡᠨ᠎ᠠ︔ ᠭᠤᠷᠪᠠ᠂ ᠰᠢᠨ᠎ᠡ ᠴᠠᠭ ᠦᠶ᠎ᠡ ᠰᠢᠨ᠎ᠡ ᠠᠶᠠᠨ ᠳᠠᠬᠢ | ᠳᠤᠮᠳᠠᠳᠤ ᠤᠯᠤᠰ ᠤᠨ ᠡᠪ ᠬᠠᠮᠲᠤ ᠨᠠᠮ ᠤᠨ ᠡᠭᠦᠷᠭᠡ ᠬᠠᠷᠢᠭᠤᠴᠠᠯᠭ᠎ᠠ︔ ᠳᠥᠷᠪᠡ᠂ ᠰᠢᠨ᠎ᠡ ᠬᠥᠭᠵᠢᠯᠲᠡ ᠶᠢᠨ ᠪᠠᠶᠢᠷᠢᠰᠢᠯ ᠢ ᠲᠦᠷᠭᠡᠳᠭᠡᠨ ᠪᠠᠶᠢᠭᠤᠯᠵᠤ᠂ ᠴᠢᠨᠠᠷ | ᠰᠠᠶᠢᠲᠠᠶ ᠬᠥᠭᠵᠢᠯᠲᠡ ᠶᠢ ᠬᠦᠴᠦᠯᠡᠨ ᠠᠬᠢᠭᠤᠯᠤᠨ᠎ᠠ︔ ᠲᠠᠪᠤ᠂ ᠰᠢᠨᠵᠢᠯᠡᠬᠦ ᠤᠬᠠᠭᠠᠨ ᠰᠤᠷᠭᠠᠨ ᠬᠥᠮᠦᠵᠢᠯ ᠢᠶᠠᠷ ᠤᠯᠤᠰ ᠢᠶᠠᠨ ᠮᠠᠨᠳᠤᠭᠤᠯᠬᠤ ᠪᠠᠶᠢᠯᠳᠤᠬᠤ | ᠪᠤᠳᠤᠯᠭ᠎ᠠ ᠶᠢ ᠬᠡᠷᠡᠭᠵᠢᠭᠦᠯᠵᠦ᠂ ᠣᠳᠣᠬᠢᠴᠢᠯᠠᠬᠤ ᠪᠦᠳᠦᠭᠡᠨ ᠪᠠᠶᠢᠭᠤᠯᠤᠯᠲᠠ ᠶᠢᠨ ᠴᠢᠳᠠᠪᠤᠷᠢᠲᠠᠨ ᠤ ᠲᠤᠯᠭᠠᠭᠤᠷᠢᠯᠠᠯ ᠢ ᠴᠢᠩᠭᠠᠳᠬᠠᠨ᠎ᠠ︔ ᠵᠢᠷᠭᠤᠭ᠎ᠠ᠂ ᠪᠦᠬᠦ | ᠶᠠᠪᠤᠴᠠ ᠶᠢᠨ ᠠᠷᠠᠳ ᠤᠨ ᠠᠷᠠᠳᠴᠢᠯᠠᠯ ᠢ ᠬᠥᠭᠵᠢᠭᠦᠯᠵᠦ᠂ ᠠᠷᠠᠳ ᠲᠦᠮᠡᠨ ᠤ ᠡᠷᠬᠡ ᠮᠡᠳᠡᠵᠥ ᠡᠵᠡᠨ ᠰᠠᠭᠤᠬᠤ ᠶᠢ ᠪᠠᠲᠤᠯᠠᠨ᠎ᠠ︔ ᠲᠤᠯᠤᠭ᠎ᠠ᠂ ᠪᠦᠬᠦ ᠲᠠᠯ᠎ᠠ ᠪᠠᠷ | ᠬᠠᠤᠯᠢ ᠪᠠᠷ ᠤᠯᠤᠰ ᠢᠶᠠᠨ ᠵᠠᠰᠠᠬᠤ ᠶᠢ ᠪᠠᠷᠢᠮᠲᠠᠯᠠᠵᠤ᠂ ᠬᠠᠤᠯᠢᠵᠢᠯ ᠤᠨ ᠳᠤᠮᠳᠠᠳᠤ ᠤᠯᠤᠰ ᠤᠨ ᠪᠠᠶᠢᠭᠤᠯᠤᠯᠲᠠ ᠶᠢ ᠠᠬᠢᠭᠤᠯᠤᠨ᠎ᠠ︔ ᠨᠠᠢᠮᠠ᠂ ᠰᠣᠶᠣᠯ ᠤᠨ | ᠢᠲᠡᠭᠡᠯ ᠢᠶᠠᠷ ᠥᠪᠡᠷ ᠢ ᠪᠠᠨ ᠬᠦᠴᠦᠷᠬᠡᠭᠵᠢᠭᠦᠯᠬᠦ ᠶᠢ ᠠᠬᠢᠭᠤᠯᠵᠤ᠂ ᠨᠡᠶᠢᠭᠡᠮ ᠵᠢᠷᠤᠮ ᠤᠨ ᠰᠣᠶᠣᠯ ᠤᠨ ᠰᠢᠨ᠎ᠡ ᠭᠡᠷᠡᠯ ᠰᠠᠴᠤᠷᠠᠩᠭᠤᠢ ᠠᠮᠵᠢᠯᠲᠠ ᠶᠢ ᠡᠭᠦᠲᠤᠨ᠎ᠠ︔ | ᠶᠢᠰᠦ᠂ ᠠᠷᠠᠳ ᠤᠨ ᠠᠮᠢᠳᠤᠷᠠᠯ ᠤᠨ ᠪᠤᠶᠠᠨ ᠵᠢᠷᠭᠠᠯ ᠢ ᠨᠡᠮᠡᠭᠳᠡᠭᠦᠯᠵᠦ᠂ ᠠᠷᠠᠳ ᠤᠨ ᠠᠮᠢᠳᠤᠷᠠᠯ ᠤᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠦᠨ᠎ᠡ︔ ᠠᠷᠪᠠ᠂ | ᠪᠣᠬᠢᠷᠲᠤᠯ ᠦᠭᠡᠢ ᠬᠥᠭᠵᠢᠯᠲᠡ ᠶᠢ ᠠᠬᠢᠭᠤᠯᠵᠤ᠂ ᠬᠥᠮᠦᠨ ᠪᠠᠶᠢᠭᠠᠯᠢ ᠶᠢᠨ ᠡᠶ᠎ᠡ ᠵᠣᠬᠢᠴᠠᠩᠭᠤᠢ ᠪᠠᠷ ᠬᠠᠮᠲᠤ ᠣᠷᠣᠰᠢᠬᠤ ᠶᠢ ᠠᠬᠢᠭᠤᠯᠤᠨ᠎ᠠ︔ ᠠᠷᠪᠠᠨ ᠨᠢᠭᠡ᠂ | ᠤᠯᠤᠰ ᠤᠨ ᠠᠮᠤᠷ ᠲᠦᠪᠰᠢᠨ ᠤ ᠰᠢᠰᠲ᠋ᠧᠮ ᠪᠠ ᠴᠢᠳᠠᠪᠤᠷᠢ ᠶᠢᠨ ᠣᠳᠣᠬᠢᠴᠢᠯᠠᠯᠲᠠ ᠶᠢ ᠠᠬᠢᠭᠤᠯᠵᠤ᠂ ᠤᠯᠤᠰ ᠤᠨ ᠠᠮᠤᠷ ᠲᠦᠪᠰᠢᠨ ᠪᠠ ᠨᠡᠶᠢᠭᠡᠮ ᠤᠨ | ᠲᠣᠭᠲᠠᠭᠤᠨ ᠪᠠᠶᠢᠳᠠᠯ ᠢ ᠡᠷᠡᠰ ᠬᠠᠮᠠᠭᠠᠯᠠᠨ᠎ᠠ︔ ᠠᠷᠪᠠᠨ ᠬᠤᠶᠠᠷ᠂ ᠴᠡᠷᠢᠭ ᠪᠠᠶᠢᠭᠤᠯᠤᠭᠳᠠᠭᠰᠠᠨ ᠵᠠᠭᠤᠨ ᠵᠢᠯ ᠤᠨ ᠲᠡᠮᠡᠴᠡᠬᠦ ᠬᠠᠷᠠᠯᠲᠠ ᠶᠢ ᠪᠡᠶᠡᠯᠡᠭᠦᠯᠵᠦ᠂ | ᠤᠯᠤᠰ ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠩᠭᠢ ᠶᠢᠨ ᠣᠳᠣᠬᠢᠴᠢᠯᠠᠯᠲᠠ ᠶᠢᠨ ᠰᠢᠨ᠎ᠡ ᠪᠠᠶᠢᠳᠠᠯ ᠢ ᠡᠭᠦᠲᠤᠨ᠎ᠠ ; ᠠᠷᠪᠠᠨ ᠭᠤᠷᠪᠠ᠂ ︽ᠨᠢᠭᠡ ᠤᠯᠤᠰ ᠲᠤ | ᠬᠤᠶᠠᠷ ᠪᠠᠶᠢᠭᠤᠯᠤᠯ ᠢ ᠬᠡᠷᠡᠭᠵᠢᠭᠦᠯᠬᠦ︾ ᠶᠢ ᠪᠠᠷᠢᠮᠲᠠᠯᠠᠨ ᠲᠡᠭᠦᠯᠳᠡᠷᠵᠢᠭᠦᠯᠵᠦ᠂ ᠡᠬᠡ ᠤᠯᠤᠰ ᠤᠨ ᠨᠢᠭᠡᠳᠦᠯ ᠢ ᠠᠬᠢᠭᠤᠯᠤᠨ᠎ᠠ︔ ᠠᠷᠪᠠᠨ ᠲᠦᠷᠪᠡ᠂ ᠳᠡᠯᠡᠬᠡᠢ ᠶᠢᠨ | ᠡᠩᠬᠡ ᠲᠠᠶᠢᠪᠤᠩ ᠪᠣᠯᠤᠨ ᠬᠥᠭᠵᠢᠯᠲᠡ ᠶᠢ ᠠᠬᠢᠭᠤᠯᠵᠤ᠂ ᠬᠥᠮᠦᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠶᠢ ᠠᠬᠢᠭᠤᠯᠤᠨ᠎ᠠ ; | ᠠᠷᠪᠠᠨ ᠲᠠᠪᠤ᠂ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠶᠢ ᠭᠤᠶᠢᠪᠢᠰᠢ ᠦᠭᠡᠢ ᠪᠠᠷᠢᠮᠲᠠᠯᠠᠵᠤ᠂ ᠰᠢᠨ᠎ᠡ ᠴᠠᠭ ᠦᠶ᠎ᠡ ᠶᠢᠨ ᠨᠠᠮ ᠤᠨ ᠪᠠᠶᠢᠭᠤᠯᠤᠯᠲᠠ ᠶᠢᠨ ᠠᠭᠤᠤ | ᠶᠡᠭᠡ ᠰᠢᠨ᠎ᠡ ᠢᠨᠵᠧᠨᠧᠷᠢᠩ ᠢ ᠭᠦᠨᠵᠡᠭᠡᠢ ᠠᠬᠢᠭᠤᠯᠤᠨ᠎ᠠ᠃ | ᠰᠢ ᠶᠢᠨ ᠫᠢᠩ ᠢᠯᠡᠳᠬᠡᠯ ᠳᠡᠭᠡᠨ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠠᠴᠠ ᠨᠠᠭᠠᠰᠢᠬᠢ ᠲᠠᠪᠤᠨ ᠵᠢᠯ ᠳᠤ᠂ ᠨᠠᠮ ᠤᠨ ᠲᠥᠪ ᠬᠤᠷᠢᠶ᠎ᠠ | ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠪᠠᠶᠢᠯᠳᠤᠬᠤ ᠪᠤᠳᠤᠯᠭ᠎ᠠ ᠶᠢᠨ ᠪᠦᠬᠦ ᠲᠠᠯ᠎ᠠ ᠪᠣᠯᠤᠨ ᠳᠡᠯᠡᠬᠡᠢ ᠳ᠋ᠠᠬᠢᠨ ᠤ ᠵᠠᠭᠤᠨ ᠵᠢᠯ ᠳᠤ | ᠲᠣᠬᠢᠶᠠᠯᠳᠤᠭ᠎ᠠ ᠦᠭᠡᠢ ᠶᠡᠭᠡ ᠬᠤᠪᠢᠰᠤᠯᠲᠠ ᠶᠢ ᠨᠢᠭᠡᠳᠦᠯᠲᠡᠢ ᠲᠥᠯᠥᠪᠵᠢᠭᠦᠯᠵᠦ᠂ ᠨᠠᠮ ᠪᠣᠯᠤᠨ ᠤᠯᠤᠰ ᠤᠨ ᠠᠵᠢᠯ ᠦᠢᠯᠡᠰ ᠤᠨ ᠬᠥᠭᠵᠢᠯᠲᠡ ᠶᠢᠨ ᠲᠤᠬᠠᠢ | ᠴᠢᠬᠤᠯᠠ ᠶᠡᠭᠡ ᠪᠠᠶᠢᠯᠳᠤᠬᠤ ᠪᠤᠳᠤᠯᠭ᠎ᠠ ᠶᠢᠨ ᠪᠠᠶᠢᠷᠢᠯᠠᠭᠤᠯᠤᠯᠲᠠ ᠬᠢᠵᠦ᠂ ᠪᠦᠬᠦ ᠨᠠᠮ ᠪᠦᠬᠦ ᠴᠡᠷᠢᠭ ᠪᠦᠬᠦ ᠤᠯᠤᠰ ᠤᠨ ᠦᠨᠳᠦᠰᠦᠲᠡᠨ ᠨᠦᠭᠦᠳ ᠤᠨ ᠠᠷᠠᠳ | ᠲᠦᠮᠡᠨ ᠢ ᠪᠦᠯᠬᠦᠮᠳᠡᠭᠦᠯᠦᠨ ᠳᠠᠭᠠᠭᠤᠯᠵᠤ ᠬᠦᠨᠳᠦ ᠬᠡᠴᠡᠭᠦᠦ ᠨᠠᠷᠢᠨ ᠪᠤᠳᠤᠯᠢᠶᠠᠨᠲᠠᠢ ᠳᠡᠯᠡᠬᠡᠢ ᠶᠢᠨ ᠪᠠᠶᠢᠳᠠᠯ ᠪᠣᠯᠤᠨ ᠵᠠᠯᠭᠠᠭ᠎ᠠ ᠪᠠᠷ ᠡᠭᠦᠰᠤ᠋ᠭ᠋ᠰᠡᠨ ᠯᠤᠲᠤ ᠶᠡᠭᠡ | ᠠᠶᠤᠯ ᠲᠦᠭᠰᠢᠭᠦᠷᠢ ᠥᠷᠢᠰᠦᠯᠳᠦᠭᠡᠨ ᠢ ᠪᠦᠲᠦᠮᠵᠢᠲᠡᠢ ᠠᠷᠭᠠᠴᠠᠭᠠᠵᠤ᠂ ᠡᠷᠡᠮᠡᠬᠡᠶᠢᠯᠡᠨ ᠲᠡᠮᠡᠴᠡᠵᠥ ᠵᠢᠳᠬᠦᠯ ᠴᠢᠷᠮᠠᠶᠢᠯᠭ᠎ᠠ ᠭᠠᠷᠭᠠᠬᠤ ᠵᠣᠷᠢᠭ ᠰᠠᠨᠠᠭ᠎ᠠ ᠪᠠᠷ ᠰᠢᠨ᠎ᠡ | ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠢ ᠲᠠᠰᠤᠷᠠᠯᠳᠠ ᠦᠭᠡᠢ ᠤᠷᠤᠭᠰᠢ ᠠᠬᠢᠭᠤᠯᠪᠠ᠃ ᠲᠠᠪᠤᠨ ᠵᠢᠯ ᠤᠨ ᠲᠤᠷᠰᠢ᠂ ᠮᠠᠨ ᠤ | ᠨᠠᠮ ᠠᠷᠠᠳ ᠲᠦᠮᠡᠨ ᠢ ᠪᠦᠯᠬᠦᠮᠳᠡᠭᠦᠯᠦᠨ ᠳᠠᠭᠠᠭᠤᠯᠵᠤ᠂ ᠤᠷᠳᠤ ᠬᠤᠭᠤᠴᠠᠭ᠎ᠠ ᠪᠠᠷ ᠰᠢᠢᠳᠪᠦᠷᠢᠯᠡᠵᠦ ᠳᠡᠶᠢᠯᠦᠭᠡᠳᠦᠢ ᠪᠠᠶᠢᠭᠰᠠᠨ ᠮᠠᠰᠢ ᠤᠯᠠᠨ ᠬᠦᠴᠢᠷ | ᠠᠰᠠᠭᠤᠳᠠᠯ ᠢ ᠰᠢᠢᠳᠪᠦᠷᠢᠯᠡᠨ᠂ ᠠᠯᠤᠰ ᠬᠡᠲᠦ ᠳᠤ ᠬᠤᠯᠪᠣᠭᠳᠠᠬᠤ ᠮᠠᠰᠢ ᠤᠯᠠᠨ ᠶᠡᠭᠡ ᠶᠠᠪᠤᠳᠠᠯ ᠴᠢᠬᠤᠯᠠ ᠶᠠᠪᠤᠳᠠᠯ ᠢ ᠪᠦᠲᠦᠭᠡᠵᠦ᠂ ᠨᠠᠮ ᠪᠣᠯᠤᠨ ᠤᠯᠤᠰ ᠤᠨ | ᠠᠵᠢᠯ ᠦᠢᠯᠡᠰ ᠤᠨ ᠳᠡᠯᠡᠬᠡᠢ ᠳ᠋ᠠᠬᠢᠨ ᠤ ᠠᠩᠬᠠᠷᠤᠯ ᠢ ᠲᠠᠲᠠᠭᠰᠠᠨ ᠴᠢᠬᠤᠯᠠ ᠶᠡᠭᠡ ᠠᠮᠵᠢᠯᠲᠠ ᠣᠯᠬᠤ ᠶᠢ ᠠᠬᠢᠭᠤᠯᠪᠠ ᠭᠡᠵᠥ ᠵᠢᠭᠠᠵᠥ ᠭᠠᠷᠭᠠᠪᠠ᠃ | ᠰᠢᠨ᠎ᠡ ᠴᠠᠭ ᠦᠶ᠎ᠡ ᠶᠢᠨ ᠠᠷᠪᠠᠨ ᠵᠢᠯ ᠤᠨ ᠠᠵᠢᠯ ᠢ ᠳ᠋ᠦᠩᠨᠡᠬᠦ ᠦᠶ᠎ᠡ ᠳᠤ ᠰᠢ ᠶᠢᠨ ᠫᠢᠩ᠂ ᠠᠷᠪᠠᠨ ᠵᠢᠯ ᠤᠨ ᠲᠤᠷᠰᠢ᠂ ᠪᠢᠳᠡ ᠨᠠᠮ ᠪᠣᠯᠣᠨ ᠠᠷᠠᠳ | ᠲᠦᠮᠡᠨ ᠤ ᠦᠢᠯᠡᠰ ᠲᠤ ᠴᠢᠬᠤᠯᠠ ᠶᠡᠭᠡ ᠪᠣᠳᠠᠲᠤ ᠠᠴᠢ ᠬᠤᠯᠪᠣᠭᠳᠠᠯ ᠲᠠᠢ ᠪᠥᠭᠡᠳ ᠠᠯᠤᠰ ᠬᠡᠲᠦ ᠶᠢᠨ ᠲᠡᠦᠬᠡᠲᠦ ᠠᠴᠢ ᠬᠤᠯᠪᠣᠭᠳᠠᠯ ᠲᠠᠢ ᠭᠤᠷᠪᠠᠨ ᠶᠡᠭᠡ | ᠶᠠᠪᠤᠳᠠᠯ ᠢ ᠥᠩᠭᠡᠷᠡᠭᠦᠯᠵᠡᠢ᠄ ᠨᠢᠭᠡ ᠨᠢ ᠳᠤᠮᠳᠠᠳᠤ ᠤᠯᠤᠰ ᠤᠨ ᠡᠪ ᠬᠠᠮᠲᠤ ᠨᠠᠮ ᠪᠠᠶᠢᠭᠤᠯᠤᠭᠳᠠᠭᠰᠠᠨ ᠵᠠᠭᠤᠨ ᠵᠢᠯ ᠤᠨ ᠣᠢ ᠶᠢ ᠤᠭᠲᠤᠨ ᠠᠪᠴᠢᠷᠠᠪᠠ᠂ | ᠬᠤᠶᠠᠷ ᠨᠢ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠰᠢᠨ᠎ᠡ ᠴᠠᠭ ᠦᠶ᠎ᠡ ᠳᠤ ᠣᠷᠣᠪᠠ᠂ ᠭᠤᠷᠪᠠ ᠨᠢ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ | ᠰᠢᠪᠲᠤᠯᠬᠤ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠲᠡᠦᠬᠡᠲᠦ ᠡᠭᠦᠷᠭᠡ ᠶᠢ ᠪᠡᠶᠡᠯᠡᠭᠦᠯᠵᠦ᠂ ᠨᠢᠭᠡᠳᠦᠭᠡᠷ ᠵᠠᠭᠤᠨ ᠵᠢᠯ ᠤᠨ ᠲᠡᠮᠡᠴᠡᠬᠦ ᠬᠠᠷᠠᠯᠲᠠ ᠶᠢ | ᠪᠡᠶᠡᠯᠡᠭᠦᠯᠪᠡ᠃ ᠡᠨᠡ ᠪᠣᠯ ᠳᠤᠮᠳᠠᠳᠤ ᠤᠯᠤᠰ ᠤᠨ ᠡᠪ ᠬᠠᠮᠲᠤ ᠨᠠᠮ ᠪᠣᠯᠣᠨ ᠳᠤᠮᠳᠠᠳᠤ ᠤᠯᠤᠰ ᠤᠨ ᠠᠷᠠᠳ ᠲᠦᠮᠡᠨ ᠤ ᠪᠦᠯᠬᠦᠮᠳᠡᠨ ᠲᠡᠮᠡᠴᠡᠵᠦ ᠣᠯᠣᠭᠰᠠᠨ | ᠲᠡᠦᠬᠡᠲᠦ ᠴᠢᠨᠠᠷᠲᠠᠢ ᠢᠯᠠᠯᠲᠠ ᠮᠥᠨ᠂ ᠳᠤᠮᠳᠠᠳᠤ ᠶᠢᠨ ᠦᠨᠳᠦᠰᠦᠲᠡᠨ ᠤ ᠬᠥᠭᠵᠢᠯᠲᠡ ᠶᠢᠨ ᠲᠡᠦᠬᠡᠨ ᠬᠠᠭᠤᠳᠠᠰᠤ ᠶᠢ ᠭᠡᠶᠢᠭᠦᠯᠦᠭᠰᠡᠨ ᠲᠡᠦᠬᠡᠲᠦ ᠴᠢᠨᠠᠷᠲᠠᠢ | ᠢᠯᠠᠯᠲᠠ ᠮᠥᠨ᠂ ᠪᠠᠰᠠ ᠴᠦ ᠳᠡᠯᠡᠬᠡᠢ ᠳ᠋ᠠᠬᠢᠨ ᠳᠤ ᠠᠯᠤᠰ ᠬᠡᠲᠦ ᠶᠢᠨ ᠨᠥᠯᠥᠭᠡ ᠲᠠᠢ ᠲᠡᠦᠬᠡᠲᠦ ᠴᠢᠨᠠᠷᠲᠠᠢ ᠢᠯᠠᠯᠲᠠ ᠮᠥᠨ ᠬᠡᠵᠦ ᠵᠢᠭᠠᠵᠦ ᠭᠠᠷᠭᠠᠪᠠ᠃ | ᠰᠢ ᠶᠢᠨ ᠫᠢᠩ᠂ ᠠᠷᠪᠠᠨ ᠵᠢᠯ ᠤᠨ ᠲᠤᠷᠰᠢ ᠨᠠᠮ ᠪᠣᠯᠣᠨ ᠤᠯᠤᠰ ᠤᠨ ᠠᠵᠢᠯ ᠦᠢᠯᠡᠰ ᠲᠡᠦᠬᠡᠲᠦ ᠴᠢᠨᠠᠷᠲᠠᠢ ᠠᠮᠵᠢᠯᠲᠠ ᠣᠯᠵᠤ᠂ ᠲᠡᠦᠬᠡᠲᠦ ᠴᠢᠨᠠᠷᠲᠠᠢ | ᠬᠤᠪᠢᠰᠤᠯᠲᠠ ᠭᠠᠷᠴᠤ᠂ ᠮᠠᠨ ᠤ ᠤᠯᠤᠰ ᠤᠨ ᠨᠡᠶᠢᠭᠡᠮ ᠵᠢᠷᠤᠮᠲᠦ ᠣᠳᠣᠬᠢᠴᠢᠯᠠᠭᠰᠠᠨ ᠤᠯᠤᠰ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ ᠰᠢᠨ᠎ᠡ ᠠᠶᠠᠨ ᠵᠠᠮ ᠳᠤ | ᠣᠷᠣᠬᠤ ᠶᠢ ᠠᠬᠢᠭᠤᠯᠪᠠ᠃ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠡᠭᠦᠳᠦᠨ ᠪᠠᠶᠢᠭᠤᠯᠵᠤ᠂ | ᠨᠠᠮ ᠤᠨ ᠤᠳᠤᠷᠢᠳᠤᠯᠭ᠎ᠠ ᠶᠢ ᠪᠦᠬᠦ ᠲᠠᠯ᠎ᠠ ᠪᠠᠷ ᠴᠢᠩᠭᠠᠳᠬᠠᠵᠤ᠂ ᠴᠢᠨᠡᠭᠡᠯᠢᠭ ᠨᠡᠶᠢᠭᠡᠮ ᠭᠡᠬᠦ ᠡᠨᠡ ᠬᠦ ᠳᠤᠮᠳᠠᠳᠤ ᠶᠢᠨ ᠦᠨᠳᠦᠰᠦᠲᠡᠨ ᠤ ᠮᠢᠩᠭᠠᠨ ᠣᠨ ᠤ ᠬᠦᠰᠡᠯ | ᠵᠡᠭᠦᠳᠦ ᠶᠢ ᠪᠡᠶᠡᠯᠡᠭᠦᠯᠵᠦ᠂ ᠰᠢᠨ᠎ᠡ ᠴᠠᠭ ᠦᠶ᠎ᠡ ᠶᠢᠨ ᠨᠠᠮ ᠪᠣᠯᠣᠨ ᠤᠯᠤᠰ ᠤᠨ ᠠᠵᠢᠯ ᠦᠢᠯᠡᠰ ᠤᠨ ᠬᠥᠭᠵᠢᠯᠲᠡ ᠳᠤ ᠰᠢᠨᠵᠢᠯᠡᠬᠦ ᠤᠬᠠᠭᠠᠨᠴᠢ ᠪᠦᠷᠢᠨ ᠪᠦᠲᠦᠨ | ᠪᠠᠶᠢᠯᠳᠤᠬᠤ ᠪᠣᠳᠣᠯᠭ᠎ᠠ ᠶᠢᠨ ᠪᠠᠶᠢᠷᠢᠯᠠᠭᠤᠯᠤᠯᠲᠠ ᠬᠢᠵᠦ᠂ ᠰᠢᠨ᠎ᠡ ᠬᠥᠭᠵᠢᠯᠲᠡ ᠶᠢᠨ ᠣᠶᠢᠯᠠᠭᠠᠭᠳᠠᠬᠤᠨ ᠢ ᠳᠤᠷᠠᠳᠬᠠᠬᠤ ᠶᠢᠨ ᠬᠠᠮᠲᠤ ᠲᠤᠭᠤᠰᠢᠯᠠᠭᠤᠯᠵᠤ᠂ ᠯᠤᠲᠤ | ᠶᠡᠭᠡ ᠤᠯᠤᠰ ᠲᠥᠷᠥ ᠶᠢᠨ ᠰᠥᠰᠥ ᠵᠣᠷᠢᠭ ᠢᠶᠠᠷ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠵᠦ᠂ ᠨᠡᠩ ᠢᠳᠡᠪᠬᠢᠲᠡᠢ ᠪᠥᠭᠡᠳ ᠰᠠᠨᠠᠭᠠᠴᠢᠯᠠᠭ᠎ᠠ ᠲᠠᠢ | ᠨᠡᠭᠡᠭᠡᠯᠲᠡ ᠬᠢᠬᠦ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠵᠦ᠂ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠤᠯᠤᠰ ᠲᠥᠷᠥ ᠶᠢᠨ ᠬᠥᠭᠵᠢᠯᠲᠡ ᠶᠢᠨ | ᠵᠠᠮ ᠢᠶᠠᠷ ᠵᠠᠮᠨᠠᠬᠤ ᠶᠢ ᠪᠠᠷᠢᠮᠲᠠᠯᠠᠵᠦ᠂ ᠮᠠᠷᠺᠰ ᠤᠨ ᠦᠵᠡᠯ ᠤᠨ ᠦᠵᠡᠯ ᠤᠬᠠᠮᠰᠠᠷ ᠤᠨ ᠬᠡᠯᠪᠡᠷᠢ ᠶᠢᠨ ᠬᠦᠷᠢᠶᠡᠨ ᠳᠠᠬᠢ ᠵᠢᠯᠤᠭᠤᠳᠬᠤ ᠪᠠᠶᠢᠷᠢ ᠰᠠᠭᠤᠷᠢ ᠶᠢᠨ | ᠦᠨᠳᠦᠰᠦᠨ ᠪᠠᠶᠢᠭᠤᠯᠤᠯ ᠢ ᠲᠣᠭᠲᠠᠭᠠᠨ ᠪᠠᠷᠢᠮᠲᠠᠯᠠᠵᠤ᠂ ᠠᠷᠠᠳ ᠲᠦᠮᠡᠨ ᠢᠶᠠᠷ ᠭᠤᠣᠯ ᠪᠣᠯᠭᠠᠬᠤ ᠬᠥᠭᠵᠢᠯᠲᠡ ᠶᠢᠨ ᠦᠵᠡᠯ ᠰᠠᠨᠠᠭ᠎ᠠ ᠶᠢ ᠭᠦᠨᠵᠡᠭᠡᠢ | ᠲᠤᠭᠤᠰᠢᠯᠠᠭᠤᠯᠵᠤ᠂ ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠳᠠ ᠮᠥᠩᠭᠦᠨ ᠠᠭᠤᠯᠠ ᠭᠡᠬᠦ ᠣᠶᠢᠯᠠᠭᠠᠭᠳᠠᠬᠤᠨ ᠢ ᠪᠠᠷᠢᠮᠲᠠᠯᠠᠵᠤ᠂ ᠤᠯᠤᠰ ᠤᠨ ᠶᠡᠷᠦᠩᠬᠡᠢ | ᠠᠮᠤᠷ ᠲᠦᠪᠰᠢᠨ ᠤ ᠦᠵᠡᠯᠲᠡ ᠶᠢ ᠲᠤᠭᠤᠰᠢᠯᠠᠭᠤᠯᠵᠤ᠂ ᠨᠠᠮ ᠤᠨ ᠰᠢᠨ᠎ᠡ ᠴᠠᠭ ᠦᠶ᠎ᠡ ᠶᠢᠨ ᠴᠡᠷᠢᠭ ᠢ ᠬᠦᠴᠦᠷᠬᠡᠭᠵᠢᠭᠦᠯᠬᠦ ᠬᠠᠷᠠᠯᠲᠠ ᠶᠢ ᠲᠣᠭᠲᠠᠭᠠᠵᠤ᠂ ︽ᠨᠢᠭᠡ | ᠤᠯᠤᠰ ᠲᠤ ᠬᠤᠶᠠᠷ ᠪᠠᠶᠢᠭᠤᠯᠤᠯ ᠢ ᠬᠡᠷᠡᠭᠵᠢᠬᠦᠯᠬᠦ︾ ᠦᠢᠯᠡᠳᠦᠯᠭᠡ ᠶᠢ ᠪᠦᠬᠦ ᠲᠠᠯ᠎ᠠ ᠪᠠᠷ ᠣᠨᠣᠪᠴᠢᠲᠠᠢ ᠠᠬᠢᠭᠤᠯᠵᠤ᠂ ᠳᠤᠮᠳᠠᠳᠤ ᠤᠯᠤᠰ ᠤᠨ ᠣᠨᠴᠠᠯᠢᠭ ᠲᠠᠢ | ᠲᠣᠮᠣ ᠤᠯᠤᠰ ᠤᠨ ᠭᠠᠳᠠᠭᠠᠳᠤ ᠬᠠᠷᠢᠯᠴᠠᠭ᠎ᠠ ᠶᠢ ᠪᠦᠬᠦ ᠲᠠᠯ᠎ᠠ ᠪᠠᠷ ᠠᠬᠢᠭᠤᠯᠵᠤ᠂ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠶᠢ ᠭᠦᠨᠵᠡᠭᠡᠢ ᠠᠬᠢᠭᠤᠯᠪᠠ᠃ ᠡᠭᠦᠨ ᠤ | ᠵᠡᠷᠭᠡ ᠪᠠᠷ᠂ ᠮᠠᠨ ᠤ ᠠᠵᠢᠯ ᠳᠤ ᠪᠠᠰᠠ ᠡᠳᠦᠢ ᠲᠡᠳᠦᠢ ᠬᠦᠷᠦᠯᠴᠡᠬᠦ ᠦᠭᠡᠢ ᠲᠠᠯ᠎ᠠ ᠣᠷᠣᠰᠢᠵᠤ᠂ ᠴᠥᠭᠡᠨ ᠪᠤᠰᠤ ᠬᠦᠴᠢᠷᠳᠡᠯ ᠪᠠ ᠠᠰᠠᠭᠤᠳᠠᠯ ᠲᠤᠯᠭᠠᠷᠠᠵᠤ | ᠪᠠᠶᠢᠬᠤ ᠶᠢ ᠡᠷᠬᠡᠪᠰᠢ ᠰᠡᠷᠭᠡᠭ ᠢᠶᠠᠷ ᠣᠯᠵᠤ ᠬᠠᠷᠠᠬᠤ ᠬᠡᠷᠡᠭᠲᠡᠢ ᠬᠡᠵᠦ ᠬᠡᠯᠡᠪᠡ᠃ | ᠰᠢ ᠶᠢᠨ ᠫᠢᠩ᠂ ᠰᠢᠨ᠎ᠡ ᠴᠠᠭ ᠦᠶ᠎ᠡ ᠶᠢᠨ ᠠᠷᠪᠠᠨ ᠵᠢᠯ ᠤᠨ ᠠᠭᠤᠤ ᠶᠡᠭᠡ ᠬᠤᠪᠢᠰᠤᠯᠲᠠ ᠨᠢ ᠨᠠᠮ ᠤᠨ ᠲᠡᠦᠬᠡ᠂ ᠰᠢᠨ᠎ᠡ ᠳᠤᠮᠳᠠᠳᠤ ᠤᠯᠤᠰ ᠤᠨ ᠲᠡᠦᠬᠡ᠂ | ᠥᠭᠡᠷᠡᠴᠢᠯᠡᠯᠲᠡ ᠨᠡᠭᠡᠭᠡᠯᠲᠡ ᠶᠢᠨ ᠲᠡᠦᠬᠡ᠂ ᠨᠡᠶᠢᠭᠡᠮ ᠵᠢᠷᠤᠮ ᠤᠨ ᠬᠥᠭᠵᠢᠯᠲᠡ ᠶᠢᠨ ᠲᠡᠦᠬᠡ᠂ ᠳᠤᠮᠳᠠᠳᠤ ᠶᠢᠨ ᠦᠨᠳᠦᠰᠦᠲᠡᠨ ᠤ ᠬᠥᠭᠵᠢᠯᠲᠡ ᠶᠢᠨ ᠲᠡᠦᠬᠡᠨ ᠳᠤ | ᠬᠥᠰᠢᠶ᠎ᠡ ᠳᠤᠷᠠᠰᠬᠠᠯ ᠤᠨ ᠴᠢᠨᠠᠷᠲᠠᠢ ᠠᠴᠢ ᠬᠤᠯᠪᠣᠭᠳᠠᠯ ᠲᠠᠢ ᠶᠤᠮ᠃ ᠵᠠᠭᠤᠨ ᠵᠢᠯ ᠤᠨ ᠲᠡᠮᠡᠴᠡᠯ ᠤᠨ ᠶᠠᠪᠤᠴᠠ ᠶᠢ ᠥᠩᠭᠡᠷᠡᠭᠦᠯᠦᠭᠰᠡᠨ ᠳᠤᠮᠳᠠᠳᠤ ᠤᠯᠤᠰ ᠤᠨ ᠡᠪ | ᠬᠠᠮᠲᠤ ᠨᠠᠮ ᠬᠤᠪᠢᠰᠬᠠᠯ ᠤᠨ ᠴᠢᠨᠠᠷᠲᠠᠢ ᠳᠠᠪᠲᠠᠯᠲᠠ ᠳᠤᠮᠳᠠ ᠨᠡᠩ ᠪᠠᠲᠤ ᠴᠢᠩᠭ᠎ᠠ ᠬᠦᠴᠦᠨ ᠲᠠᠢ ᠪᠣᠯᠵᠤ᠂ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ | ᠵᠢᠷᠤᠮ ᠢ ᠪᠠᠷᠢᠮᠲᠠᠯᠠᠨ ᠬᠥᠭᠵᠢᠭᠦᠯᠬᠦ ᠲᠡᠦᠬᠡᠨ ᠶᠠᠪᠤᠴᠠ ᠳᠤ ᠢᠮᠠᠭᠲᠠ ᠪᠠᠲᠤ ᠴᠢᠩᠭ᠎ᠠ ᠤᠳᠤᠷᠢᠳᠬᠤ ᠭᠤᠣᠯᠯᠠᠭᠴᠢ ᠪᠤᠯᠵᠠᠢ᠃ ᠳᠤᠮᠳᠠᠳᠤ ᠤᠯᠤᠰ ᠤᠨ ᠠᠷᠠᠳ | ᠲᠦᠮᠡᠨ ᠤ ᠤᠷᠤᠭᠰᠢᠯᠠᠯᠲᠠ ᠶᠢᠨ ᠬᠥᠳᠡᠯᠭᠡᠭᠦ ᠬᠦᠴᠦᠨ ᠨᠡᠩ ᠬᠦᠴᠦᠷᠬᠡᠭᠵᠢᠵᠦ᠂ ᠲᠡᠮᠡᠴᠡᠯ ᠤᠨ ᠵᠣᠷᠢᠭ ᠰᠠᠨᠠᠭ᠎ᠠ ᠨᠡᠩ ᠪᠠᠳᠠᠷᠠᠨ᠂ ᠵᠠᠪᠠᠯ ᠢᠯᠠᠬᠤ ᠢᠲᠡᠭᠡᠯ ᠵᠣᠷᠢᠭ | ᠨᠡᠩ ᠪᠠᠲᠤᠵᠢᠵᠤ᠂ ᠳᠤᠮᠳᠠᠳᠤ ᠤᠯᠤᠰ ᠤᠨ ᠡᠪ ᠬᠠᠮᠲᠤ ᠨᠠᠮ ᠪᠣᠯᠣᠨ ᠳᠤᠮᠳᠠᠳᠤ ᠤᠯᠤᠰ ᠤᠨ ᠠᠷᠠᠳ ᠲᠦᠮᠡᠨ ᠳᠤᠮᠳᠠᠳᠤ ᠶᠢᠨ ᠦᠨᠳᠦᠰᠦᠲᠡᠨ ᠤ ᠪᠣᠰᠴᠤ | ᠵᠣᠭᠰᠣᠭᠰᠠᠨ᠂ ᠪᠠᠶᠠᠵᠢᠭᠰᠠᠨ ᠠᠴᠠ ᠬᠦᠴᠦᠷᠬᠡᠭᠵᠢᠭᠰᠡᠨ ᠠᠭᠤᠤ ᠶᠡᠭᠡ ᠦᠰᠦᠷᠦᠯᠲᠡ ᠶᠢ ᠢᠲᠡᠭᠡᠯ ᠲᠡᠭᠦᠯᠳᠡᠷ ᠢᠶᠠᠷ ᠠᠬᠢᠭᠤᠯᠵᠤ ᠪᠠᠶᠢᠨ᠎ᠠ ᠬᠡᠵᠦ ᠵᠢᠭᠠᠵᠦ ᠭᠠᠷᠭᠠᠪᠠ᠃ | | ᠰᠢ ᠶᠢᠨ ᠫᠢᠩ᠂ ᠮᠠᠷᠺᠰ ᠤᠨ ᠦᠵᠡᠯ ᠢ ᠳᠤᠮᠳᠠᠳᠤ ᠤᠯᠤᠰᠴᠢᠯᠠᠬᠤ ᠴᠠᠭ ᠦᠶᠡᠴᠢᠯᠡᠬᠦ ᠰᠢᠨ᠎ᠡ ᠬᠠᠭᠤᠳᠠᠰᠤ ᠶᠢ ᠲᠠᠰᠤᠷᠠᠯᠲᠠ ᠦᠭᠡᠢ ᠪᠢᠴᠢᠭᠯᠡᠬᠦ ᠪᠣᠯ ᠤᠳᠤ | ᠦᠶ᠎ᠡ ᠶᠢᠨ ᠳᠤᠮᠳᠠᠳᠤ ᠤᠯᠤᠰ ᠤᠨ ᠡᠪ ᠬᠠᠮᠲᠤᠴᠤᠳ ᠤᠨ ᠲᠥᠪ ᠴᠢᠩᠭ᠎ᠠ ᠲᠡᠦᠬᠡᠲᠦ ᠬᠠᠷᠢᠭᠤᠴᠠᠯᠭ᠎ᠠ ᠮᠥᠨ᠃ ᠦᠢᠯᠡᠳᠦᠯᠭᠡ ᠶᠢᠨ ᠰᠠᠭᠤᠷᠢᠨ ᠳᠡᠭᠡᠷᠡᠬᠢ | ᠤᠨᠤᠯ ᠤᠨ ᠰᠢᠨ᠎ᠡ ᠡᠭᠦᠳᠦᠯᠲᠡ ᠶᠢ ᠦᠷᠭᠦᠯᠵᠢᠯᠡᠨ ᠠᠬᠢᠭᠤᠯᠬᠤ ᠳᠤ᠂ ᠡᠩ ᠲᠡᠷᠢᠭᠦᠨ ᠳᠤ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ | ᠨᠡᠶᠢᠭᠡᠮ ᠵᠢᠷᠤᠮ ᠤᠨ ᠦᠵᠡᠯ ᠰᠠᠨᠠᠭᠠᠨ ᠤ ᠶᠢᠷᠲᠢᠨᠴᠦ ᠶᠢᠨ ᠦᠵᠡᠯᠲᠡ ᠪᠣᠯᠣᠨ ᠠᠷᠭ᠎ᠠ ᠶᠢᠨ ᠤᠨᠤᠯ ᠢ ᠰᠠᠶᠢᠲᠤᠷ ᠡᠵᠡᠮᠳᠡᠵᠦ᠂ ᠲᠡᠭᠦᠨ ᠳᠤ ᠲᠤᠭᠤᠰᠢᠯᠠᠭᠳᠠᠵᠤ | ᠪᠠᠶᠢᠭ᠎ᠠ ᠵᠣᠭᠰᠣᠯᠲᠠ ᠦᠵᠡᠯᠲᠡ ᠠᠷᠭ᠎ᠠ ᠶᠢ ᠰᠠᠶᠢᠲᠤᠷ ᠪᠠᠷᠢᠮᠲᠠᠯᠠᠵᠤ᠂ ᠰᠠᠶᠢᠲᠤᠷ ᠬᠡᠷᠡᠭᠯᠡᠬᠦ ᠬᠡᠷᠡᠭᠲᠡᠢ᠃ ᠠᠷᠠᠳ ᠲᠦᠮᠡᠨ ᠢ ᠳᠡᠭᠡᠳᠦᠯᠡᠬᠦ ᠶᠢ ᠪᠠᠷᠢᠮᠲᠠᠯᠠᠵᠤ᠂ ᠢᠲᠡᠭᠡᠯ | ᠲᠡᠭᠦᠯᠲᠡᠷ ᠢᠶᠠᠷ ᠪᠡᠶ᠎ᠡ ᠪᠠᠨ ᠳᠠᠭᠠᠭᠠᠬᠤ ᠶᠢ ᠪᠠᠷᠢᠮᠲᠠᠯᠠᠵᠤ᠂ ᠲᠥᠪ ᠶᠤᠰᠤ ᠶᠢ ᠪᠠᠷᠢᠮᠲᠠᠯᠠᠨ ᠰᠢᠨ᠎ᠡ ᠶᠢ ᠡᠭᠦᠳᠬᠦ ᠶᠢ ᠪᠠᠷᠢᠮᠲᠠᠯᠠᠵᠤ᠂ ᠠᠰᠠᠭᠤᠳᠠᠯ ᠢᠶᠠᠷ ᠤᠳᠤᠷᠢᠳᠤᠮᠵᠢ | ᠪᠣᠯᠭᠠᠬᠤ ᠶᠢ ᠪᠠᠷᠢᠮᠲᠠᠯᠠᠵᠤ᠂ ᠰᠢᠰᠲ᠋ᠧᠮ ᠤᠨ ᠦᠵᠡᠯᠲᠡ ᠶᠢ ᠪᠠᠷᠢᠮᠲᠠᠯᠠᠵᠤ᠂ ᠬᠡᠬᠦᠳᠡᠭ ᠴᠡᠭᠡᠵᠢᠨ ᠳᠡᠭᠡᠨ ᠳᠡᠯᠡᠬᠡᠢ ᠳ᠋ᠠᠬᠢᠨ ᠢ ᠪᠠᠭᠲᠠᠭᠠᠬᠤ ᠶᠢ ᠪᠠᠷᠢᠮᠲᠠᠯᠠᠬᠤ ᠬᠡᠷᠡᠭᠲᠡᠢ | ᠬᠡᠵᠦ ᠴᠢᠬᠤᠯᠠᠴᠢᠯᠠᠪᠠ᠃ | ᠰᠢᠨ᠎ᠡ ᠴᠠᠭ ᠦᠶ᠎ᠡ ᠶᠢᠨ ᠰᠢᠨ᠎ᠡ ᠠᠶᠠᠨ ᠳᠠᠬᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠡᠭᠦᠷᠭᠡ ᠬᠠᠷᠢᠭᠤᠴᠠᠯᠭ᠎ᠠ ᠶᠢᠨ ᠲᠤᠬᠠᠢ ᠶᠠᠷᠢᠬᠤ ᠳᠠᠭᠠᠨ | ᠰᠢ ᠶᠢᠨ ᠫᠢᠩ᠂ ᠤᠳᠤ ᠠᠴᠠ ᠡᠬᠢᠯᠡᠨ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠤᠣᠯ ᠡᠭᠦᠷᠭᠡ ᠪᠣᠯ ᠪᠦᠬᠦ ᠤᠯᠤᠰ ᠤᠨ ᠦᠨᠳᠦᠰᠦᠲᠡᠨ ᠨᠦᠭᠦᠳ ᠤᠨ | ᠠᠷᠠᠳ ᠲᠦᠮᠡᠨ ᠢ ᠪᠦᠯᠬᠦᠮᠳᠡᠭᠦᠯᠦᠨ ᠳᠠᠭᠠᠭᠤᠯᠵᠤ ᠨᠡᠶᠢᠭᠡᠮ ᠵᠢᠷᠤᠮᠲᠦ ᠣᠳᠣᠬᠢᠴᠢᠯᠠᠭᠰᠠᠨ ᠬᠦᠴᠦᠷᠬᠡᠭ ᠤᠯᠤᠰ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠵᠤ᠂ | ᠬᠤᠶᠠᠳᠤᠭᠠᠷ ᠵᠠᠭᠤᠨ ᠵᠢᠯ ᠤᠨ ᠲᠡᠮᠡᠴᠡᠬᠦ ᠬᠠᠷᠠᠯᠲᠠ ᠶᠢ ᠪᠡᠶᠡᠯᠡᠭᠦᠯᠵᠦ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠪᠠᠷ ᠳᠤᠮᠳᠠᠳᠤ ᠶᠢᠨ | ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠦᠬᠦ ᠲᠠᠯ᠎ᠠ ᠪᠠᠷ ᠠᠬᠢᠭᠤᠯᠬᠤ ᠶᠠᠪᠤᠳᠠᠯ ᠪᠣᠯᠣᠨ᠎ᠠ᠃ ᠤᠷᠤᠭᠰᠢᠯᠠᠯᠲᠠ ᠶᠢᠨ ᠵᠠᠮ ᠳᠡᠭᠡᠷ᠎ᠡ ᠡᠷᠬᠡᠪᠰᠢ | ᠴᠢᠬᠤᠯᠠ ᠶᠡᠭᠡ ᠵᠠᠷᠴᠢᠮ ᠢ ᠪᠠᠲᠤ ᠡᠵᠡᠮᠳᠡᠬᠦ ᠬᠡᠷᠡᠭᠲᠡᠢ᠄ ᠨᠠᠮ ᠤᠨ ᠪᠦᠬᠦ ᠲᠠᠯ᠎ᠠ ᠶᠢᠨ ᠤᠳᠤᠷᠢᠳᠤᠯᠭ᠎ᠠ ᠶᠢ ᠪᠠᠷᠢᠮᠲᠠᠯᠠᠨ ᠴᠢᠩᠭᠠᠳᠬᠠᠵᠤ᠂ ᠳᠤᠮᠳᠠᠳᠤ ᠤᠯᠤᠰ ᠤᠨ | ᠣᠨᠴᠠᠯᠢᠭ ᠲᠠᠢ ᠨᠡᠶᠢᠭᠡᠮ ᠵᠢᠷᠤᠮ ᠤᠨ ᠵᠠᠮ ᠢ ᠪᠠᠷᠢᠮᠲᠠᠯᠠᠵᠤ᠂ ᠠᠷᠠᠳ ᠲᠦᠮᠡᠨ ᠢᠶᠠᠷ ᠭᠤᠣᠯ ᠪᠣᠯᠭᠠᠬᠤ ᠬᠥᠭᠵᠢᠯᠲᠡ ᠶᠢᠨ ᠦᠵᠡᠯ ᠰᠠᠨᠠᠭ᠎ᠠ ᠶᠢ ᠪᠠᠷᠢᠮᠲᠠᠯᠠᠵᠤ᠂ | ᠥᠭᠡᠷᠡᠴᠢᠯᠡᠯᠲᠡ ᠨᠡᠭᠡᠭᠡᠯᠲᠡ ᠶᠢ ᠭᠦᠨᠵᠡᠭᠡᠶᠢᠷᠡᠭᠦᠯᠬᠦ ᠶᠢ ᠪᠠᠷᠢᠮᠲᠠᠯᠠᠵᠤ᠂ ᠲᠡᠮᠡᠴᠡᠯ ᠤᠨ ᠵᠣᠷᠢᠭ ᠰᠠᠨᠠᠭ᠎ᠠ ᠶᠢ ᠪᠠᠳᠠᠷᠠᠭᠤᠯᠬᠤ ᠶᠢ ᠪᠠᠷᠢᠮᠲᠠᠯᠠᠨ᠎ᠠ ᠭᠡᠵᠦ ᠵᠢᠭᠠᠵᠤ ᠭᠠᠷᠭᠠᠪᠠ᠃ | | ᠰᠢ ᠶᠢᠨ ᠫᠢᠩ᠂ ᠰᠢᠨ᠎ᠡ ᠬᠥᠭᠵᠢᠯᠲᠡ ᠶᠢᠨ ᠣᠢᠯᠠᠭᠠᠭᠳᠠᠬᠤᠨ ᠢ ᠡᠷᠬᠡᠪᠰᠢ ᠪᠦᠷᠢᠨ ᠪᠦᠲᠦᠨ᠂ ᠵᠦᠪ ᠣᠨᠣᠪᠴᠢᠲᠠᠶ᠂ ᠪᠦᠬᠦ ᠲᠠᠯ᠎ᠠ ᠪᠠᠷ ᠲᠤᠭᠤᠰᠢᠯᠠᠭᠤᠯᠵᠤ᠂ | ᠨᠡᠶᠢᠭᠡᠮ ᠵᠢᠷᠤᠮ ᠤᠨ ᠵᠠᠬ᠎ᠠ ᠳᠡᠯᠭᠡᠭᠦᠷ ᠤᠨ ᠠᠵᠤ ᠠᠬᠤᠢ ᠶᠢᠨ ᠥᠭᠡᠷᠡᠴᠢᠯᠡᠯᠲᠡ ᠶᠢᠨ ᠴᠢᠭᠯᠡᠯ ᠢ ᠪᠠᠷᠢᠮᠲᠠᠯᠠᠨ᠂ ᠥᠨᠳᠥᠷ ᠲᠦᠪᠰᠢᠨ ᠪᠦᠬᠦᠢ ᠭᠠᠳᠠᠭᠠᠲᠦ | ᠨᠡᠭᠡᠭᠡᠯᠲᠡ ᠶᠢ ᠪᠠᠷᠢᠮᠲᠠᠯᠠᠵᠤ᠂ ᠤᠯᠤᠰ ᠤᠨ ᠳᠣᠲᠣᠭᠠᠳᠤ ᠶᠢᠨ ᠶᠡᠭᠡ ᠣᠷᠴᠢᠯ ᠢᠶᠠᠷ ᠭᠤᠣᠯ ᠴᠣᠭᠴᠠ ᠪᠣᠯᠭᠠᠭᠰᠠᠨ᠂ ᠤᠯᠤᠰ ᠤᠨ ᠳᠣᠲᠣᠭᠠᠳᠤ ᠶᠢᠨ ᠪᠠ ᠣᠯᠠᠨ | ᠤᠯᠤᠰ ᠤᠨ ᠬᠤᠣᠰ ᠣᠷᠴᠢᠯ ᠬᠠᠷᠢᠯᠴᠠᠨ ᠠᠬᠢᠭᠤᠯᠤᠯᠴᠠᠭᠰᠠᠨ ᠰᠢᠨ᠎ᠡ ᠬᠥᠭᠵᠢᠯᠲᠡ ᠶᠢᠨ ᠪᠠᠶᠢᠷᠢᠰᠢᠯ ᠢ ᠲᠦᠷᠭᠡᠳᠬᠡᠨ ᠪᠤᠶ ᠪᠣᠯᠭᠠᠬᠤ ᠬᠡᠷᠡᠭᠲᠡᠢ᠃ ᠥᠨᠳᠥᠷ | ᠲᠦᠪᠰᠢᠨ ᠪᠦᠬᠦᠢ ᠨᠡᠶᠢᠭᠡᠮ ᠵᠢᠷᠤᠮ ᠤᠨ ᠵᠠᠬ᠎ᠠ ᠳᠡᠯᠭᠡᠭᠦᠷ ᠤᠨ ᠠᠵᠤ ᠠᠬᠤᠢ ᠶᠢᠨ ᠪᠠᠶᠢᠭᠤᠯᠤᠮᠵᠢ ᠶᠢ ᠪᠠᠶᠢᠭᠤᠯᠵᠤ᠂ ᠣᠳᠣᠬᠢᠴᠢᠯᠠᠭᠰᠠᠨ ᠠᠵᠤ ᠦᠢᠯᠡᠰ ᠤᠨ | ᠰᠢᠰᠲ᠋ᠧᠮ ᠢ ᠪᠠᠶᠢᠭᠤᠯᠵᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠪᠦᠬᠦ ᠲᠠᠯ᠎ᠠ ᠪᠠᠷ ᠠᠬᠢᠭᠤᠯᠵᠤ᠂ ᠣᠷᠣᠨ ᠪᠦᠰᠡ ᠶᠢᠨ ᠵᠣᠬᠢᠴᠠᠩᠭᠤᠢ | ᠬᠥᠭᠵᠢᠯᠲᠡ ᠶᠢ ᠠᠬᠢᠭᠤᠯᠵᠤ᠂ ᠥᠨᠳᠥᠷ ᠲᠦᠪᠰᠢᠨ ᠪᠦᠬᠦᠢ ᠭᠠᠳᠠᠭᠠᠳᠤ ᠨᠡᠭᠡᠭᠡᠯᠲᠡ ᠶᠢ ᠠᠬᠢᠭᠤᠯᠬᠤ ᠬᠡᠷᠡᠭᠲᠡᠢ ᠬᠡᠵᠦ ᠴᠢᠬᠤᠯᠠᠴᠢᠯᠠᠪᠠ᠃ | ᠰᠢ ᠶᠢᠨ ᠫᠢᠩ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠪᠣᠯ ᠨᠢᠭᠡᠳᠦᠭᠡᠷ ᠦᠢᠯᠡᠳᠪᠦᠷᠢᠯᠡᠯ ᠤᠨ ᠬᠦᠴᠦᠨ᠂ ᠴᠢᠳᠠᠪᠤᠷᠢᠲᠠᠨ ᠪᠣᠯ ᠨᠢᠭᠡᠳᠦᠭᠡᠷ ᠡᠬᠢ | ᠪᠠᠶᠠᠯᠢᠭ᠂ ᠰᠢᠨ᠎ᠡ ᠶᠢ ᠡᠭᠦᠳᠬᠦ ᠪᠣᠯ ᠨᠢᠭᠡᠳᠦᠭᠡᠷ ᠬᠥᠳᠡᠯᠭᠡᠭᠦ ᠬᠦᠴᠦᠨ ᠪᠣᠯᠬᠤ ᠶᠢ ᠪᠠᠷᠢᠮᠲᠠᠯᠠᠵᠤ᠂ ᠰᠢᠨᠵᠢᠯᠡᠬᠦ ᠤᠬᠠᠭᠠᠨ ᠰᠤᠷᠭᠠᠨ ᠬᠥᠮᠦᠵᠢᠯ ᠢᠶᠠᠷ ᠤᠯᠤᠰ ᠢᠶᠠᠨ | ᠮᠠᠨᠳᠤᠭᠤᠯᠬᠤ ᠪᠠᠶᠢᠯᠳᠤᠬᠤ ᠪᠣᠳᠣᠯᠭ᠎ᠠ᠂ ᠴᠢᠳᠠᠪᠤᠷᠢᠲᠠᠨ ᠢᠶᠠᠷ ᠤᠯᠤᠰ ᠢᠶᠠᠨ ᠬᠦᠴᠦᠷᠬᠡᠭᠵᠢᠭᠦᠯᠬᠦ ᠪᠠᠶᠢᠯᠳᠤᠬᠤ ᠪᠣᠳᠣᠯᠭ᠎ᠠ᠂ ᠰᠢᠨ᠎ᠡ ᠶᠢ ᠡᠭᠦᠳᠬᠦ ᠪᠠᠷ | ᠬᠥᠭᠵᠢᠯᠲᠡ ᠶᠢᠨ ᠬᠥᠳᠡᠯᠭᠡᠭᠦᠷ ᠪᠣᠯᠭᠠᠬᠤ ᠪᠠᠶᠢᠯᠳᠤᠬᠤ ᠪᠣᠳᠣᠯᠭ᠎ᠠ ᠶᠢ ᠭᠦᠨᠵᠡᠭᠡᠢ ᠬᠡᠷᠡᠭᠵᠢᠭᠦᠯᠵᠦ᠂ ᠬᠥᠭᠵᠢᠯᠲᠡ ᠶᠢᠨ ᠰᠢᠨ᠎ᠡ ᠬᠦᠷᠢᠶ᠎ᠡ ᠰᠢᠨ᠎ᠡ ᠤᠷᠤᠯᠳᠤᠭᠠᠨ ᠤ | ᠵᠠᠮ ᠢ ᠨᠡᠭᠡᠭᠡᠵᠦ᠂ ᠬᠥᠭᠵᠢᠯᠲᠡ ᠶᠢᠨ ᠰᠢᠨ᠎ᠡ ᠬᠥᠳᠡᠯᠭᠡᠭᠦ ᠬᠦᠴᠦᠨ ᠰᠢᠨ᠎ᠡ ᠳᠠᠪᠠᠭᠤᠯᠢᠭ ᠢ ᠳᠠᠰᠤᠷᠠᠯᠳᠠ ᠦᠭᠡᠢ ᠪᠤᠢ ᠪᠣᠯᠭᠠᠬᠤ ᠬᠡᠷᠡᠭᠲᠡᠢ᠃ ᠰᠤᠷᠭᠠᠨ ᠬᠥᠮᠦᠵᠢᠯ ᠢ | ᠤᠷᠢᠳ ᠢᠶᠠᠷ ᠬᠥᠭᠵᠢᠭᠦᠯᠬᠦ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠲᠠᠯ᠎ᠠ ᠪᠠᠷ ᠪᠡᠶ᠎ᠡ ᠪᠠᠨ ᠳᠠᠭᠠᠭᠠᠵᠤ ᠥᠪᠡᠷ ᠢ ᠪᠠᠨ ᠬᠦᠴᠦᠷᠬᠡᠭᠵᠢᠭᠦᠯᠬᠦ᠂ | ᠴᠢᠳᠠᠪᠤᠷᠢᠲᠠᠨ ᠢᠶᠠᠷ ᠬᠦᠳᠡᠯᠭᠡᠭᠦᠷ ᠢ ᠬᠥᠲᠥᠯᠥᠨ ᠳᠠᠭᠠᠭᠤᠯᠬᠤ ᠶᠢ ᠪᠠᠷᠢᠮᠲᠠᠯᠠᠵᠤ᠂ ᠰᠤᠷᠭᠠᠨ ᠬᠥᠮᠦᠵᠢᠯ ᠤᠨ ᠬᠦᠴᠦᠷᠬᠡᠭ ᠤᠯᠤᠰ᠂ ᠰᠢᠨᠵᠢᠯᠡᠬᠦ ᠤᠬᠠᠭᠠᠨ ᠲᠧᠭᠨᠢᠭ | ᠮᠡᠷᠭᠡᠵᠢᠯ ᠤᠨ ᠬᠦᠴᠦᠷᠬᠡᠭ ᠤᠯᠤᠰ᠂ ᠴᠢᠳᠠᠪᠤᠷᠢᠲᠠᠨ ᠤ ᠬᠦᠴᠦᠷᠬᠡᠭ ᠤᠯᠤᠰ ᠢ ᠲᠦᠷᠭᠡᠳᠬᠡᠨ ᠪᠦᠲᠦᠭᠡᠨ ᠪᠠᠶᠢᠭᠤᠯᠬᠤ ᠬᠡᠷᠡᠭᠲᠡᠢ ᠬᠡᠵᠦ ᠵᠢᠭᠠᠵᠤ ᠭᠠᠷᠭᠠᠪᠠ᠃ | ᠰᠢ ᠶᠢᠨ ᠫᠢᠩ᠂ ᠡᠷᠬᠡᠪᠰᠢ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠤᠯᠤᠰ ᠲᠦᠷᠦ ᠶᠢᠨ ᠬᠥᠭᠵᠢᠯᠲᠡ ᠶᠢᠨ ᠵᠠᠮ ᠢᠶᠠᠷ ᠡᠷᠡᠰ | ᠭᠤᠶᠢᠪᠢᠰᠢ ᠦᠭᠡᠢ ᠵᠠᠮᠨᠠᠵᠤ᠂ ᠨᠠᠮ ᠤᠨ ᠤᠳᠤᠷᠢᠳᠤᠯᠭ᠎ᠠ᠂ ᠠᠷᠠᠳ ᠲᠦᠮᠡᠨ ᠡᠷᠬᠡ ᠮᠡᠳᠡᠵᠦ ᠡᠵᠡᠨ ᠰᠠᠭᠤᠬᠤ᠂ ᠬᠠᠤᠯᠢ ᠪᠠᠷ ᠤᠯᠤᠰ ᠢᠶᠠᠨ ᠵᠠᠰᠠᠬᠤ ᠶᠢ | ᠣᠷᠭᠠᠨᠢᠭ ᠢᠶᠠᠷ ᠨᠢᠬᠡᠳᠬᠡᠬᠦ ᠶᠢ ᠪᠠᠷᠢᠮᠲᠠᠯᠠᠬᠤ ᠬᠡᠷᠡᠭᠲᠡᠢ᠃ ᠠᠷᠠᠳ ᠲᠦᠮᠡᠨ ᠤ ᠡᠷᠬᠡ ᠮᠡᠳᠡᠵᠦ ᠡᠵᠡᠨ ᠰᠠᠭᠤᠬᠤ ᠲᠦᠷᠢᠮ ᠤᠨ ᠪᠠᠲᠤᠯᠠᠭ᠎ᠠ ᠶᠢ ᠴᠢᠩᠭᠠᠳᠬᠠᠵᠤ᠂ | ᠵᠥᠪᠯᠡᠬᠦ ᠠᠷᠠᠳᠴᠢᠯᠠᠯ ᠢ ᠪᠦᠬᠦ ᠲᠠᠯ᠎ᠠ ᠪᠠᠷ ᠬᠥᠭᠵᠢᠭᠦᠯᠵᠦ᠂ ᠦᠨᠳᠦᠰᠦᠨ ᠱᠠᠲᠤᠨ ᠤ ᠠᠷᠠᠳᠴᠢᠯᠠᠯ ᠢ ᠢᠳᠡᠪᠬᠢᠲᠡᠢ ᠬᠥᠭᠵᠢᠭᠦᠯᠵᠦ᠂ ᠬᠠᠮᠤᠭ ᠤᠨ ᠥᠷᠭᠡᠨ ᠳᠡᠯᠭᠡᠷ | ᠡᠬᠡ ᠣᠷᠣᠨᠴᠢ ᠨᠢᠭᠡᠳᠦᠮᠡᠯ ᠹᠷᠣᠨᠲ ᠢ ᠪᠠᠬᠢᠵᠢᠭᠦᠯᠦᠨ ᠬᠥᠭᠵᠢᠭᠦᠯᠬᠦ ᠬᠡᠷᠡᠭᠲᠡᠢ ᠬᠡᠵᠦ ᠬᠡᠯᠡᠪᠡ᠃ | ᠰᠢ ᠶᠢᠨ ᠫᠢᠩ᠂ ᠡᠷᠬᠡᠪᠰᠢ ᠦᠨᠳᠦᠰᠦ ᠶᠢ ᠪᠠᠬᠢᠵᠢᠭᠦᠯᠬᠦ᠂ ᠵᠢᠱᠢᠯᠲᠡ ᠶᠢ ᠲᠣᠭᠲᠠᠪᠤᠷᠢᠵᠢᠭᠤᠯᠬᠤ᠂ ᠠᠯᠤᠰ ᠬᠡᠲᠦ ᠳᠤ ᠠᠰᠢᠭᠲᠠᠢ ᠪᠠᠶᠢᠯᠭᠠᠬᠤ ᠬᠠᠤᠯᠢᠵᠢᠯ ᠤᠨ | ᠪᠠᠲᠤᠯᠠᠭ᠎ᠠ ᠶᠢᠨ ᠦᠢᠯᠡᠳᠦᠯ ᠢ ᠨᠠᠩ ᠰᠠᠶᠢᠲᠤᠷ ᠪᠠᠳᠠᠷᠠᠭᠤᠯᠵᠤ᠂ ᠬᠠᠤᠯᠢᠵᠢᠯ ᠤᠨ ᠵᠠᠮ ᠢᠶᠠᠷ ᠨᠡᠶᠢᠭᠡᠮ ᠵᠢᠷᠤᠮᠳᠦ ᠣᠳᠣᠬᠢᠴᠢᠯᠠᠭᠰᠠᠨ ᠤᠯᠤᠰ ᠢ ᠪᠥᠬᠦ ᠲᠠᠯ᠎ᠠ ᠪᠠᠷ | ᠪᠦᠲᠦᠭᠡᠨ ᠪᠠᠶᠢᠭᠤᠯᠬᠤ ᠬᠡᠷᠡᠭᠲᠡᠢ᠃ ᠦᠨᠳᠦᠰᠦᠨ ᠬᠠᠤᠯᠢ ᠪᠠᠷ ᠭᠤᠣᠯ ᠪᠤᠯᠭᠠᠭᠰᠠᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠬᠠᠤᠯᠢ | ᠴᠠᠭᠠᠵᠠ ᠶᠢᠨ ᠰᠢᠰᠲ᠋ᠧᠮ ᠢ ᠲᠡᠭᠦᠯᠳᠡᠷᠵᠢᠭᠦᠯᠵᠦ᠂ ᠬᠠᠤᠯᠢ ᠶᠤᠰᠤᠭᠠᠷ ᠵᠠᠰᠠᠭ ᠶᠠᠪᠤᠭᠤᠯᠬᠤ ᠶᠢ ᠯᠠᠪᠳᠠᠭᠤᠨ ᠢᠶᠠᠷ ᠠᠬᠢᠭᠤᠯᠵᠤ᠂ ᠲᠥᠪ ᠭᠤᠣᠯᠴᠢ ᠪᠠᠷ ᠬᠠᠤᠯᠢ | ᠪᠠᠷᠢᠬᠤ ᠶᠢ ᠴᠢᠩᠳᠠᠯᠠᠵᠤ᠂ ᠬᠠᠤᠯᠢᠵᠢᠯ ᠤᠨ ᠨᠡᠶᠢᠭᠡᠮ ᠢ ᠲᠦᠷᠭᠡᠳᠭᠡᠨ ᠪᠠᠶᠢᠭᠤᠯᠬᠤ ᠬᠡᠷᠡᠭᠲᠡᠢ ᠬᠡᠵᠦ ᠵᠢᠭᠠᠵᠤ ᠭᠠᠷᠭᠠᠪᠠ᠃ | ᠰᠢ ᠶᠢᠨ ᠫᠢᠩ᠂ ᠬᠦᠴᠦᠷᠬᠡᠭ ᠶᠡᠭᠡ ᠨᠢᠭᠲᠠᠷᠠᠯ ᠤᠨ ᠬᠦᠴᠦᠨ ᠪᠠ ᠬᠥᠲᠥᠯᠥᠨ ᠳᠠᠭᠠᠭᠤᠯᠬᠤ ᠬᠦᠴᠦᠨ ᠪᠦᠬᠦᠢ ᠨᠡᠶᠢᠭᠡᠮ ᠵᠢᠷᠤᠮ ᠤᠨ ᠦᠵᠡᠯ ᠤᠬᠠᠮᠰᠠᠷ ᠤᠨ | ᠬᠡᠯᠪᠡᠷᠢ ᠶᠢ ᠪᠠᠶᠢᠭᠤᠯᠵᠤ᠂ ᠨᠡᠶᠢᠭᠡᠮ ᠵᠢᠷᠤᠮ ᠤᠨ ᠭᠤᠣᠯᠯᠠᠬᠴᠢ ᠥᠷᠲᠡᠭ ᠤᠨ ᠦᠵᠡᠯᠲᠡ ᠶᠢ ᠥᠷᠭᠡᠨ ᠲᠠᠯᠬᠡᠷ ᠦᠢᠯᠡᠳᠦᠯᠭᠡᠵᠢᠭᠦᠯᠵᠤ᠂ ᠪᠥᠬᠦ ᠨᠡᠶᠢᠭᠡᠮ ᠤᠨ | ᠪᠣᠯᠪᠠᠰᠤᠨ ᠤ ᠬᠡᠮᠵᠢᠶ᠎ᠡ ᠶᠢ ᠳᠡᠭᠡᠭᠰᠢᠯᠡᠭᠦᠯᠵᠦ᠂ ᠰᠣᠶᠣᠯ ᠤᠨ ᠦᠢᠯᠡᠰ ᠪᠠ ᠰᠣᠶᠣᠯ ᠤᠨ ᠠᠵᠤ ᠦᠢᠯᠡᠰ ᠢ ᠴᠡᠴᠡᠭᠯᠡᠭᠦᠯᠦᠨ ᠬᠥᠭᠵᠢᠭᠦᠯᠵᠦ᠂ ᠳᠤᠮᠳᠠᠳᠤ ᠶᠢᠨ | ᠪᠣᠯᠪᠠᠰᠤᠨ ᠤ ᠲᠠᠮᠵᠢᠭᠤᠯᠬᠤ ᠬᠦᠴᠦᠨ ᠪᠠ ᠨᠥᠯᠥᠭᠡᠯᠡᠬᠦ ᠬᠦᠴᠦᠨ ᠢ ᠴᠢᠩᠭᠠᠷᠠᠭᠤᠯᠤᠨ᠎ᠠ ᠬᠡᠵᠦ ᠢᠯᠡᠷᠬᠡᠶᠢᠯᠡᠪᠡ᠃ | ᠰᠢ ᠶᠢᠨ ᠫᠢᠩ᠂ ᠬᠠᠮᠤᠭ ᠤᠨ ᠥᠷᠭᠡᠨ ᠣᠯᠠᠨ ᠠᠷᠠᠳ ᠲᠦᠮᠡᠨ ᠤ ᠦᠨᠳᠦᠰᠦᠨ ᠠᠰᠢᠭ ᠲᠤᠰᠠ ᠶᠢ ᠰᠠᠶᠢᠲᠤᠷ ᠪᠡᠶᠡᠯᠡᠭᠦᠯᠵᠦ᠂ ᠰᠠᠶᠢᠲᠤᠷ ᠬᠠᠮᠠᠭᠠᠯᠠᠨ᠂ | ᠰᠠᠶᠢᠲᠤᠷ ᠬᠥᠭᠵᠢᠭᠦᠯᠵᠦ᠂ ᠠᠷᠠᠳ ᠲᠦᠮᠡᠨ ᠤ ᠬᠠᠮᠤᠭ ᠠᠴᠠ ᠠᠩᠬᠠᠷᠴᠤ ᠪᠠᠶᠢᠭ᠎ᠠ ᠬᠠᠮᠤᠭ ᠤᠨ ᠰᠢᠭᠤᠳ᠂ ᠬᠠᠮᠤᠭ ᠤᠨ ᠪᠣᠳᠠᠲᠠᠢ ᠠᠰᠢᠭ ᠲᠤᠰᠠ ᠶᠢᠨ | ᠠᠰᠠᠭᠤᠳᠠᠯ ᠢ ᠴᠢᠩᠭ᠎ᠠ ᠠᠳᠬᠤᠵᠤ᠂ ᠪᠦᠬᠦ ᠬᠦᠴᠦ ᠪᠠᠷ ᠢᠶᠠᠨ ᠴᠢᠷᠮᠠᠶᠢᠬᠤ᠂ ᠴᠢᠳᠠᠯ ᠤᠨ ᠢᠶᠠᠨ ᠬᠢᠷᠢ ᠪᠠᠷ ᠬᠢᠬᠦ ᠶᠢ ᠪᠠᠷᠢᠮᠲᠠᠯᠠᠬᠤ ᠬᠡᠷᠡᠭᠲᠡᠢ᠃ ᠬᠤᠪᠢᠶᠠᠷᠢᠯᠠᠯᠲᠠ ᠶᠢᠨ | ᠳᠦᠷᠢᠮ ᠢ ᠲᠡᠭᠦᠯᠳᠡᠷᠵᠢᠭᠦᠯᠵᠦ᠂ ᠠᠵᠢᠯ ᠣᠯᠭᠤᠯᠲᠠ ᠶᠢ ᠲᠡᠷᠢᠭᠦᠨ ᠳᠤ ᠲᠠᠯᠪᠢᠬᠤ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠵᠤ᠂ ᠨᠡᠶᠢᠭᠡᠮ ᠤᠨ ᠪᠠᠲᠤᠯᠠᠭ᠎ᠠ ᠶᠢᠨ | ᠰᠢᠰᠲ᠋ᠧᠮ ᠢ ᠲᠡᠭᠦᠯᠳᠡᠷᠵᠢᠭᠦᠯᠵᠦ᠂ ᠡᠷᠡᠭᠦᠯ ᠡᠩᠬᠡ ᠳᠤᠮᠳᠠᠳᠤ ᠤᠯᠤᠰ ᠤᠨ ᠪᠦᠲᠦᠭᠡᠨ ᠪᠠᠶᠢᠭᠤᠯᠤᠯᠲᠠ ᠶᠢ ᠲᠦᠯᠬᠢᠨ ᠠᠬᠢᠭᠤᠯᠬᠤ ᠬᠡᠷᠡᠭᠳᠠᠢ ᠬᠡᠵᠦ ᠵᠢᠭᠠᠵᠤ ᠭᠠᠷᠭᠠᠪᠠ | ᠃ | ᠰᠢ ᠶᠢᠨ ᠫᠢᠩ᠂ ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠲᠠ ᠮᠥᠩᠭᠦᠨ ᠠᠭᠤᠯᠠ ᠭᠡᠬᠦ ᠣᠶᠢᠯᠠᠭᠠᠭᠳᠠᠬᠤᠨ ᠢ ᠡᠷᠬᠡᠪᠰᠢ ᠪᠠᠲᠤ ᠪᠠᠬᠢ ᠪᠣᠶ ᠪᠣᠯᠭᠠᠨ | ᠦᠢᠯᠡᠳᠦᠯᠭᠡᠵᠢᠭᠦᠯᠵᠦ᠂ ᠬᠥᠮᠥᠨ ᠬᠢᠭᠡᠳ ᠪᠠᠶᠢᠭᠠᠯᠢ ᠶᠢᠨ ᠡᠶ᠎ᠡ ᠵᠣᠬᠢᠴᠠᠯ ᠲᠠᠢ ᠪᠠᠷ ᠬᠠᠮᠲᠤ ᠣᠷᠣᠰᠢᠬᠤ ᠥᠨᠳᠥᠷᠴᠡ ᠠᠴᠠ ᠬᠥᠭᠵᠢᠯᠲᠡ ᠶᠢ ᠰᠦᠪᠡᠭᠴᠢᠯᠡᠬᠦ ᠬᠡᠷᠡᠭᠲᠡᠢ | ᠃ ᠬᠥᠭᠵᠢᠯᠲᠡ ᠶᠢᠨ ᠠᠷᠭ᠎ᠠ ᠬᠡᠯᠪᠡᠷᠢ ᠶᠢ ᠪᠣᠬᠢᠷᠳᠤᠯ ᠦᠭᠡᠢ ᠬᠦᠭᠵᠢᠯᠳᠠ ᠲᠡᠶᠢᠰᠢ ᠬᠤᠪᠢᠷᠠᠭᠤᠯᠬᠤ ᠶᠢ ᠲᠦᠷᠭᠡᠳᠬᠡᠨ᠂ ᠣᠷᠴᠢᠨ ᠲᠣᠭᠤᠷᠢᠨ ᠤ ᠪᠣᠬᠢᠷᠳᠤᠯ ᠢ | ᠰᠡᠷᠭᠡᠶᠢᠯᠡᠨ ᠵᠠᠰᠠᠬᠤ ᠶᠢ ᠭᠦᠨᠵᠡᠭᠡᠢ ᠠᠬᠢᠭᠤᠯᠵᠤ᠂ ᠠᠮᠢ ᠠᠬᠤᠢ ᠶᠢᠨ ᠰᠢᠰᠲ᠋ᠧᠮ ᠤᠨ ᠤᠯᠠᠨ ᠶᠠᠩᠵᠤᠲᠤ ᠴᠢᠨᠠᠷ᠂ ᠲᠣᠭᠲᠠᠪᠤᠷᠢᠲᠤ ᠴᠢᠨᠠᠷ᠂ ᠦᠷᠭᠦᠯᠵᠢᠯᠡᠬᠦ ᠴᠢᠨᠠᠷ ᠢ | ᠳᠡᠭᠡᠭᠰᠢᠯᠡᠭᠦᠯᠵᠦ᠂ ᠨᠡᠭᠦᠷᠡᠰᠦᠲᠥ᠋ᠷᠥᠭᠴᠢ ᠶᠢᠨ ᠭᠠᠳᠠᠭᠰᠢᠯᠠᠭᠤᠯᠤᠯᠳᠠ ᠤᠷᠬᠢᠯ ᠬᠡᠮᠵᠢᠭᠲᠡᠯ ᠳᠤ ᠬᠦᠷᠬᠦ ᠨᠡᠭᠦᠷᠡᠰᠦᠲᠥ᠋ᠷᠥᠭᠴᠢ ᠶᠢ ᠰᠠᠭᠠᠷᠮᠠᠭᠵᠢᠭᠤᠯᠬᠤ ᠶᠢ ᠢᠳᠡᠪᠬᠢᠲᠡᠢ | ᠪᠦᠬᠡᠳ ᠯᠠᠪᠳᠠᠭᠤᠨ ᠢᠶᠠᠷ ᠠᠬᠢᠭᠤᠯᠬᠤ ᠬᠡᠷᠡᠭᠲᠡᠢ ᠬᠡᠵᠦ ᠴᠢᠬᠤᠯᠠᠴᠢᠯᠠᠪᠠ᠃ | ᠰᠢ ᠶᠢᠨ ᠫᠢᠩ᠂ ᠤᠯᠤᠰ ᠤᠨ ᠶᠡᠷᠦᠩᠬᠡᠢ ᠠᠮᠤᠷ ᠲᠦᠪᠰᠢᠨ ᠤ ᠦᠵᠡᠯᠲᠡ ᠶᠢ ᠡᠷᠡᠰ ᠭᠤᠶᠢᠪᠢᠰᠢ ᠦᠭᠡᠢ ᠲᠤᠭᠤᠰᠢᠯᠠᠭᠤᠯᠵᠤ᠂ ᠤᠯᠤᠰ ᠤᠨ ᠠᠮᠤᠷ | ᠲᠦᠪᠰᠢᠨ ᠢ ᠬᠠᠮᠠᠭᠠᠯᠠᠬᠤ ᠶᠢ ᠨᠠᠮ ᠪᠣᠯᠣᠨ ᠤᠯᠤᠰ ᠤᠨ ᠠᠵᠢᠯ ᠤᠨ ᠡᠯ᠎ᠡ ᠲᠠᠯ᠎ᠠ ᠪᠦᠬᠦ ᠶᠠᠪᠤᠴᠠ ᠳᠤ ᠲᠤᠭᠤᠰᠢᠯᠠᠭᠤᠯᠬᠤ ᠬᠡᠷᠡᠭᠲᠡᠢ᠃ ᠤᠯᠤᠰ ᠤᠨ ᠠᠮᠤᠷ | ᠲᠦᠪᠰᠢᠨ ᠤ ᠰᠢᠰᠲ᠋ᠧᠮ ᠢ ᠪᠦᠷᠢᠨᠰᠢᠭᠦᠯᠵᠦ᠂ ᠤᠯᠤᠰ ᠤᠨ ᠠᠮᠤᠷ ᠲᠦᠪᠰᠢᠨ ᠢ ᠬᠠᠮᠠᠭᠠᠯᠠᠬᠤ ᠴᠢᠳᠠᠪᠤᠷᠢ ᠶᠢ ᠴᠢᠩᠭᠠᠳᠬᠠᠵᠤ᠂ ᠤᠯᠠᠨ ᠨᠡᠶᠢᠲᠡ ᠶᠢᠨ ᠠᠮᠤᠷ | ᠲᠦᠪᠰᠢᠨ ᠤ ᠵᠠᠰᠠᠯᠲᠠ ᠶᠢᠨ ᠲᠦᠪᠰᠢᠨ ᠢ ᠳᠡᠭᠡᠭᠰᠢᠯᠡᠭᠦᠯᠵᠦ᠂ ᠨᠡᠶᠢᠭᠡᠮ ᠤᠨ ᠵᠠᠰᠠᠯᠲᠠ ᠶᠢᠨ ᠰᠢᠰᠲ᠋ᠧᠮ ᠢ ᠲᠡᠭᠦᠯᠳᠡᠷᠵᠢᠭᠦᠯᠬᠦ ᠬᠡᠷᠡᠭᠲᠡᠢ ᠬᠡᠵᠦ ᠲᠤᠷᠠᠳᠴᠠᠢ᠃ | ᠰᠢ ᠶᠢᠨ ᠫᠢᠩ᠂ ᠴᠡᠷᠢᠭ ᠪᠠᠶᠢᠭᠤᠯᠤᠭᠳᠠᠭᠰᠠᠨ ᠵᠠᠭᠤᠨ ᠵᠢᠯ ᠤᠨ ᠲᠡᠮᠡᠴᠡᠯ ᠤᠨ ᠬᠠᠷᠠᠯᠲᠠ ᠶᠢ ᠲᠣᠭᠲᠠᠭᠰᠠᠨ ᠬᠤᠭᠤᠴᠠᠭᠠᠨ ᠳᠤ ᠪᠡᠶᠡᠯᠡᠭᠦᠯᠵᠦ᠂ ᠠᠷᠠᠳ ᠤᠨ | ᠴᠡᠷᠢᠭ ᠠᠩᠭᠢ ᠶᠢ ᠳᠡᠯᠡᠬᠡᠢ ᠶᠢᠨ ᠲᠡᠷᠢᠭᠦᠨ ᠵᠡᠷᠭᠡ ᠶᠢᠨ ᠴᠡᠷᠢᠭ ᠠᠩᠭᠢ ᠪᠣᠯᠭᠠᠨ ᠪᠦᠲᠦᠭᠡᠨ ᠪᠠᠶᠢᠭᠤᠯᠬᠤ ᠶᠢ ᠲᠦᠷᠭᠡᠳᠬᠡᠬᠦ ᠪᠣᠯ ᠨᠡᠶᠢᠭᠡᠮ ᠵᠢᠷᠤᠮᠳᠤ | ᠣᠳᠣᠬᠢᠴᠢᠯᠠᠭᠰᠠᠨ ᠤᠯᠤᠰ ᠢ ᠪᠥᠬᠦ ᠲᠠᠯ᠎ᠠ ᠪᠠᠷ ᠪᠦᠲᠦᠭᠡᠨ ᠪᠠᠶᠢᠭᠤᠯᠬᠤ ᠶᠢᠨ ᠪᠠᠶᠢᠯᠳᠤᠬᠤ ᠪᠣᠳᠣᠯᠭ᠎ᠠ ᠶᠢᠨ ᠱᠠᠭᠠᠷᠳᠠᠯᠭ᠎ᠠ ᠮᠥᠨ᠃ ᠴᠡᠷᠢᠭ ᠢ ᠪᠣᠯᠪᠠᠰᠤᠷᠠᠭᠤᠯᠵᠤ | ᠲᠠᠶᠢᠨ ᠳᠤ ᠪᠡᠯᠡᠳᠬᠡᠬᠦ ᠶᠢ ᠪᠦᠬᠦ ᠲᠠᠯ᠎ᠠ ᠪᠠᠷ ᠴᠢᠩᠭᠠᠳᠬᠠᠵᠤ᠂ ᠴᠡᠷᠢᠭ ᠤᠨ ᠶᠠᠪᠤᠳᠠᠯ ᠤᠨ ᠵᠠᠰᠠᠯᠲᠠ ᠶᠢ ᠪᠦᠬᠦ ᠲᠠᠯ᠎ᠠ ᠪᠠᠷ ᠴᠢᠩᠭᠠᠳᠬᠠᠵᠤ᠂ ᠨᠢᠭᠡ | ᠴᠣᠭᠴᠠᠵᠢᠭᠤᠯᠤᠭᠰᠠᠨ ᠤᠯᠤᠰ ᠤᠨ ᠪᠠᠶᠢᠯᠳᠤᠬᠤ ᠪᠣᠳᠣᠯᠭ᠎ᠠ ᠶᠢᠨ ᠰᠢᠰᠲ᠋ᠧᠮ ᠪᠠ ᠴᠢᠳᠠᠪᠤᠷᠢ ᠶᠢ ᠪᠠᠬᠢᠵᠢᠭᠦᠯᠦᠨ ᠳᠡᠭᠡᠭᠰᠢᠯᠡᠭᠦᠯᠤᠨ᠎ᠠ ᠬᠡᠵᠦ ᠢᠯᠡᠷᠬᠡᠢᠯᠡᠪᠡ᠃ | ᠰᠢ ᠶᠢᠨ ᠫᠢᠩ᠂ ︽ᠨᠢᠭᠡ ᠤᠯᠤᠰ ᠲᠤ ᠬᠤᠶᠠᠷ ᠪᠠᠶᠢᠭᠤᠯᠤᠯ ᠢ ᠬᠡᠷᠡᠭᠵᠢᠭᠦᠯᠬᠦ︾ ᠪᠣᠯ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠠᠭᠤᠤ | ᠶᠡᠭᠡ ᠡᠭᠦᠳᠦᠯᠲᠡ ᠮᠥᠨ᠂ ᠰᠢᠶᠠᠩᠭᠠᠩ᠂ ᠣᠣᠮᠧᠨ ᠡᠬᠡ ᠤᠯᠤᠰ ᠲᠠᠭᠠᠨ ᠪᠤᠴᠠᠵᠤ ᠢᠷᠡᠭᠰᠡᠨ ᠤ ᠳᠠᠷᠠᠭᠠᠬᠢ ᠣᠷᠳᠣ ᠬᠤᠭᠤᠴᠠᠭᠠᠨ ᠤ ᠬᠥᠭᠵᠢᠯ ᠴᠡᠴᠡᠭᠯᠡᠯ ᠪᠠ | ᠲᠣᠭᠲᠠᠭᠤᠨ ᠪᠠᠶᠢᠳᠠᠯ ᠢ ᠪᠠᠲᠤᠯᠠᠬᠤ ᠬᠠᠮᠤᠭ ᠤᠨ ᠰᠠᠶᠢᠨ ᠳᠦᠷᠢᠮ ᠤᠨ ᠲᠣᠬᠢᠷᠠᠭᠤᠯᠤᠯᠲᠠ ᠮᠥᠨ᠂ ᠡᠷᠬᠡᠪᠰᠢ ᠣᠷᠳᠣ ᠬᠤᠭᠤᠴᠠᠭ᠎ᠠ ᠪᠠᠷ ᠪᠠᠷᠢᠮᠲᠠᠯᠠᠬᠤ ᠬᠡᠷᠡᠭᠲᠡᠢ᠃ | ᠬᠠᠤᠯᠢ ᠪᠠᠷ ᠰᠢᠶᠠᠩᠭᠠᠩ ᠢ ᠵᠠᠰᠠᠬᠤ ᠬᠠᠤᠯᠢ ᠪᠠᠷ ᠣᠣᠮᠧᠨ ᠢ ᠵᠠᠰᠠᠬᠤ ᠶᠢ ᠪᠠᠷᠢᠮᠲᠠᠯᠠᠵᠤ᠂ ᠲᠥᠪ ᠤᠨ ᠪᠦᠬᠦ ᠲᠠᠯ᠎ᠠ ᠪᠠᠷ ᠬᠠᠮᠢᠶᠠᠷᠤᠨ ᠵᠠᠰᠠᠬᠤ ᠡᠷᠬᠡ ᠶᠢ | ᠨᠠᠶᠢᠳᠠᠪᠤᠷᠢᠵᠢᠭᠤᠯᠵᠤ᠂ ︽ᠡᠬᠡ ᠤᠷᠤᠨᠴᠢ ᠬᠦᠮᠦᠰ ᠢᠶᠠᠷ ᠰᠢᠶᠠᠩᠭᠠᠩ ᠢ ᠵᠠᠰᠠᠭᠤᠯᠬᠤ︾᠂ ︽ᠡᠬᠡ ᠤᠷᠤᠨᠴᠢ ᠬᠦᠮᠦᠰ ᠢᠶᠠᠷ ᠣᠣᠮᠧᠨ ᠢ ᠵᠠᠰᠠᠭᠤᠯᠬᠤ︾ ᠵᠠᠷᠴᠢᠮ ᠢ | ᠨᠠᠶᠢᠳᠠᠪᠤᠷᠢᠵᠢᠭᠤᠯᠵᠤ᠂ ᠰᠢᠶᠠᠩᠭᠠᠩ᠂ ᠣᠣᠮᠧᠨ ᠤ ᠤᠯᠤᠰ ᠤᠨ ᠬᠥᠭᠵᠢᠯᠲᠡ ᠶᠢᠨ ᠶᠡᠭᠡ ᠲᠠᠯ᠎ᠠ ᠳᠤ ᠨᠡᠩ ᠰᠠᠶᠢᠲᠤᠷ ᠠᠭᠤᠰᠤᠯᠴᠠᠬᠤ ᠶᠢ ᠲᠡᠮᠵᠢᠵᠤ᠂ | ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠡᠶᠡᠯᠡᠭᠦᠯᠬᠦ ᠳᠤ ᠦᠢᠯᠡᠳᠤᠯ ᠢ ᠨᠢ ᠨᠡᠩ ᠰᠠᠶᠢᠲᠤᠷ ᠪᠠᠳᠠᠷᠠᠭᠤᠯᠬᠤ ᠬᠡᠷᠡᠭᠳᠠᠢ᠃ | ᠬᠠᠮᠤᠭ ᠤᠨ ᠶᠡᠭᠡ ᠦᠨᠡᠨᠴᠢ ᠰᠡᠳᠬᠢᠯ ᠢᠶᠠᠷ᠂ ᠬᠠᠮᠤᠭ ᠤᠨ ᠶᠡᠭᠡ ᠴᠢᠷᠮᠠᠶᠢᠯᠭ᠎ᠠ ᠭᠠᠷᠭᠠᠵᠤ ᠪᠠᠶᠢᠭᠠᠳ ᠨᠠᠶᠢᠷᠠᠮᠳᠠᠯ ᠢᠶᠠᠷ ᠨᠢᠭᠡᠳᠬᠡᠬᠦ ᠢᠷᠡᠭᠡᠳᠦᠢ ᠶᠢ ᠲᠡᠮᠡᠴᠡᠨ | ᠣᠯᠬᠤ ᠶᠢ ᠪᠠᠷᠢᠮᠲᠠᠯᠠᠨ᠎ᠠ᠂ ᠭᠡᠪᠡᠴᠦ ᠠᠯᠢᠪᠠ ᠴᠢᠬᠤᠯᠠ ᠪᠦᠬᠦᠢ ᠠᠷᠭ᠎ᠠ ᠬᠡᠮᠵᠢᠶ᠎ᠡ ᠠᠪᠬᠤ ᠰᠣᠩᠭᠤᠯᠲᠠ ᠪᠠᠨ ᠦᠯᠡᠳᠡᠬᠡᠨᠠ᠃ ᠡᠬᠡ ᠤᠯᠤᠰ ᠤᠨ ᠪᠦᠷᠢᠨ ᠨᠢᠭᠡᠳᠦᠯ ᠢ | ᠵᠠᠪᠠᠯ ᠪᠡᠶᠡᠯᠡᠭᠦᠯᠬᠦ ᠪᠥᠭᠡᠳ ᠯᠠᠪᠲᠠᠢ ᠪᠡᠶᠡᠯᠡᠭᠦᠯᠵᠦ ᠴᠢᠳᠠᠨ᠎ᠠ︕ ᠭᠡᠵᠦ ᠴᠢᠬᠤᠯᠠᠴᠢᠯᠠᠪᠠ᠃ | ᠰᠢ ᠶᠢᠨ ᠫᠢᠩ᠂ ᠣᠳᠣᠬᠠᠨ ᠳᠤ ᠳᠡᠯᠡᠬᠡᠢ ᠶᠢᠨ ᠬᠤᠪᠢᠷᠠᠯᠲᠠ᠂ ᠴᠠᠭ ᠦᠶ᠎ᠡ ᠶᠢᠨ ᠬᠤᠪᠢᠷᠠᠯᠲᠠ᠂ ᠲᠡᠦᠬᠡ ᠶᠢᠨ ᠬᠤᠪᠢᠷᠠᠯᠲᠠ ᠶᠠᠭ ᠤᠷᠢᠳ ᠡᠮᠦᠨ᠎ᠡ ᠪᠠᠶᠢᠭ᠎ᠠ | ᠦᠭᠡᠢ ᠠᠷᠭ᠎ᠠ ᠬᠡᠯᠪᠡᠷᠢ ᠪᠠᠷ ᠶᠠᠪᠤᠭᠳᠠᠵᠤ ᠪᠠᠶᠢᠨ᠎ᠠ᠃ ᠳᠤᠮᠳᠠᠳᠤ ᠤᠯᠤᠰ ᠪᠡᠶ᠎ᠡ ᠪᠠᠨ ᠳᠠᠭᠠᠭᠠᠵᠤ ᠡᠵᠡᠨ ᠮᠡᠳᠡᠬᠦ ᠨᠠᠶᠢᠷᠠᠮᠳᠠᠯ ᠤᠨ ᠭᠠᠳᠠᠭᠠᠳᠤ ᠬᠠᠷᠢᠯᠴᠠᠭᠠᠨ ᠤ | ᠲᠦᠷᠦ ᠶᠢᠨ ᠪᠣᠳᠣᠯᠭ᠎ᠠ ᠶᠢ ᠡᠷᠡᠰ ᠬᠡᠷᠡᠭᠵᠢᠭᠦᠯᠵᠦ᠂ ᠨᠠᠶᠢᠷᠠᠮᠳᠠᠯ ᠢᠶᠠᠷ ᠵᠡᠷᠭᠡᠴᠡᠨ ᠣᠷᠣᠰᠢᠬᠤ ᠲᠠᠪᠤᠨ ᠵᠠᠷᠴᠢᠮ ᠤᠨ ᠰᠠᠭᠤᠷᠢᠨ ᠳᠡᠭᠡᠷ᠎ᠡ ᠡᠯ᠎ᠡ ᠤᠯᠤᠰ ᠯᠤᠭ᠎ᠠ | ᠨᠥᠬᠦᠷᠰᠡᠭ ᠬᠠᠮᠲᠤᠷᠠᠯᠴᠠᠭ᠎ᠠ ᠪᠠᠨ ᠬᠥᠭᠵᠢᠭᠦᠯᠬᠦ ᠶᠢ ᠪᠠᠷᠢᠮᠲᠠᠯᠠᠵᠤ᠂ ᠭᠠᠳᠠᠭᠰᠢ ᠨᠡᠭᠡᠭᠡᠯᠲᠡ ᠬᠢᠬᠦ ᠤᠯᠤᠰ ᠤᠨ ᠦᠨᠳᠦᠰᠦᠨ ᠪᠣᠳᠣᠯᠭ᠎ᠠ ᠶᠢ ᠪᠠᠷᠢᠮᠲᠠᠯᠠᠨ᠎ᠠ᠂ ᠳᠤᠮᠳᠠᠳᠤ | ᠤᠯᠤᠰ ᠤᠨ ᠠᠷᠠᠳ ᠲᠦᠮᠡᠨ ᠳᠤᠷᠠᠲᠠᠶ᠎ᠠ ᠳᠡᠯᠡᠬᠡᠢ ᠶᠢᠨ ᠠᠷᠠᠳ ᠲᠦᠮᠡᠨ ᠲᠠᠢ ᠭᠠᠷ ᠬᠤᠯᠪᠣᠯᠴᠠᠨ ᠬᠥᠮᠥᠨ ᠲᠥᠷᠥᠯᠬᠢᠲᠡᠨ ᠤ ᠨᠡᠩ ᠰᠠᠶᠢᠨ ᠰᠠᠶᠢᠬᠠᠨ ᠢᠷᠡᠭᠡᠳᠦᠢ ᠶᠢ | ᠡᠭᠦᠳᠦᠨ᠎ᠠ︕ ᠬᠡᠵᠦ ᠢᠯᠡᠷᠬᠡᠶᠢᠯᠡᠪᠡ᠃ | ᠰᠢ ᠶᠢᠨ ᠫᠢᠩ᠂ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠠᠵᠢᠯ ᠡᠭᠦᠷᠢᠳᠡ ᠵᠣᠭᠰᠣᠰᠢ ᠦᠭᠡᠢ᠂ ᠨᠠᠮ ᠤᠨ ᠥᠪᠡᠷ ᠤᠨ ᠪᠡᠶ᠎ᠡ ᠳᠡᠭᠡᠨ ᠬᠢᠬᠦ ᠬᠤᠪᠢᠰᠬᠠᠯ | ᠡᠭᠦᠷᠢᠳᠡ ᠵᠣᠭᠰᠣᠰᠢ ᠦᠭᠡᠢ ᠶᠤᠮ᠂ ᠶᠠᠭᠠᠬᠢᠭᠰᠠᠨ ᠴᠦ ᠬᠦᠴᠦ ᠪᠠᠨ ᠰᠤᠯᠠᠷᠠᠭᠤᠯᠵᠤ ᠬᠦᠯ ᠢᠶᠠᠨ ᠠᠮᠠᠷᠠᠭᠤᠯᠬᠤ᠂ ᠵᠦᠳᠡᠷᠡᠯ᠎ᠠ ᠬᠡᠮᠡᠨ ᠬᠠᠯᠠᠰᠢᠷᠠᠬᠤ ᠪᠤᠳᠤᠯ ᠲᠠᠢ | ᠪᠠᠶᠢᠵᠤ ᠪᠣᠯᠬᠤ ᠦᠭᠡᠢ᠂ ᠡᠷᠬᠡᠪᠰᠢ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠶᠢ ᠤᠷᠳᠤ ᠬᠤᠭᠤᠴᠠᠭ᠎ᠠ ᠪᠠᠷ ᠪᠠᠷᠢᠮᠲᠠᠯᠠᠨ ᠠᠬᠢᠭᠤᠯᠵᠤ᠂ ᠰᠢᠨ᠎ᠡ ᠴᠠᠭ ᠦᠶ᠎ᠡ ᠶᠢᠨ | ᠨᠠᠮ ᠤᠨ ᠪᠠᠶᠢᠭᠤᠯᠤᠯᠲᠠ ᠶᠢᠨ ᠰᠢᠨ᠎ᠡ ᠠᠭᠤᠤ ᠶᠡᠭᠡ ᠢᠨᠵᠧᠨᠧᠷᠢᠩ ᠢ ᠭᠦᠨᠵᠡᠭᠡᠢ ᠠᠬᠢᠭᠤᠯᠵᠤ᠂ ᠨᠠᠮ ᠤᠨ ᠥᠪᠡᠷ ᠤᠨ ᠪᠡᠶ᠎ᠡ ᠳᠡᠭᠡᠨ ᠬᠢᠬᠦ ᠬᠤᠪᠢᠰᠬᠠᠯ ᠢᠶᠠᠷ | ᠨᠡᠶᠢᠭᠡᠮ ᠤᠨ ᠬᠤᠪᠢᠰᠬᠠᠯ ᠢ ᠬᠥᠲᠥᠯᠥᠨ ᠳᠠᠭᠠᠭᠤᠯᠬᠤ ᠬᠡᠷᠡᠭᠲᠡᠢ ᠭᠡᠳᠡᠭ ᠢ ᠪᠦᠬᠦ ᠨᠠᠮ ᠢᠶᠠᠷ ᠢᠶᠠᠨ ᠡᠷᠬᠡᠪᠰᠢ ᠪᠠᠲᠤ ᠴᠡᠭᠡᠵᠢᠯᠡᠬᠦ ᠬᠡᠷᠡᠭᠲᠡᠢ ᠬᠡᠵᠦ ᠵᠢᠭᠠᠵᠤ ᠭᠠᠷᠭᠠᠪᠠ᠃ | | ᠲᠡᠷᠡ᠂ ᠨᠠᠮ ᠤᠨ ᠲᠥᠪ ᠬᠤᠷᠢᠶᠠᠨ ᠤ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ ᠶᠢ ᠪᠠᠷᠢᠮᠲᠠᠯᠠᠨ ᠴᠢᠩᠭᠠᠳᠬᠠᠵᠤ᠂ ᠰᠢᠨ᠎ᠡ ᠴᠠᠭ ᠦᠶ᠎ᠡ ᠶᠢᠨ ᠳᠤᠮᠳᠠᠳᠤ | ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠰᠡᠳᠬᠢᠯ ᠢ ᠨᠢᠭᠲᠠᠷᠠᠭᠤᠯᠤᠨ ᠰᠦᠭ ᠰᠦᠨᠡᠰᠦ ᠶᠢ ᠱᠤᠭᠤᠬᠤ ᠶᠢ ᠴᠥᠬᠦᠷᠡᠰᠢ ᠦᠭᠡᠢ | ᠪᠠᠷᠢᠮᠲᠠᠯᠠᠵᠤ᠂ ᠨᠠᠮ ᠤᠨ ᠥᠪᠡᠷ ᠤᠨ ᠪᠡᠶ᠎ᠡ ᠳᠡᠭᠡᠨ ᠬᠤᠪᠢᠰᠬᠠᠯ ᠬᠢᠬᠦ ᠳᠦᠷᠢᠮ ᠤᠨ ᠵᠢᠷᠤᠮᠵᠢᠯ ᠤᠨ ᠰᠢᠰᠲ᠋ᠧᠮ ᠢ ᠲᠡᠭᠦᠯᠳᠡᠷᠵᠢᠭᠦᠯᠵᠦ᠂ ᠦᠨᠳᠦᠰᠦᠲᠡᠨ ᠤ ᠰᠡᠷᠭᠦᠨ | ᠮᠠᠨᠳᠤᠯᠲᠠ ᠶᠢᠨ ᠬᠦᠨᠳᠦ ᠡᠭᠦᠷᠭᠡ ᠶᠢ ᠡᠭᠦᠷᠭᠡᠯᠡᠵᠦ ᠳᠡᠶᠢᠯᠬᠦ ᠥᠨᠳᠥᠷ ᠬᠡᠪ ᠪᠣᠯᠪᠠᠰᠤᠷᠠᠯ ᠪᠦᠬᠦᠢ ᠺᠠᠳ᠋ᠷ ᠤᠨ ᠡᠩᠨᠡᠭᠡ ᠶᠢ ᠪᠠᠶᠢᠭᠤᠯᠵᠤ᠂ ᠨᠠᠮ ᠤᠨ ᠵᠣᠬᠢᠶᠠᠨ | ᠪᠠᠶᠢᠭᠤᠯᠤᠯᠲᠠ ᠶᠢᠨ ᠤᠯᠤᠰ ᠲᠦᠷᠦ ᠶᠢᠨ ᠴᠢᠳᠠᠪᠬᠢ ᠪᠣᠯᠣᠨ ᠵᠣᠬᠢᠶᠠᠨ ᠪᠠᠶᠢᠭᠤᠯᠤᠯᠲᠠ ᠶᠢᠨ ᠴᠢᠳᠠᠪᠬᠢ ᠶᠢ ᠴᠢᠩᠭᠠᠳᠬᠠᠵᠤ᠂ ᠴᠢᠩᠭ᠎ᠠ ᠪᠠᠶᠢᠬᠤ ᠬᠦᠭ ᠠᠶᠠᠰ ᠢᠶᠠᠷ | ᠰᠤᠷᠲᠠᠯ ᠢ ᠴᠡᠭᠴᠡᠯᠡᠨ ᠰᠠᠬᠢᠯᠭ᠎ᠠ ᠪᠠᠲᠤ ᠶᠢ ᠴᠢᠩᠳᠠᠯᠠᠬᠤ ᠶᠢ ᠪᠠᠷᠢᠮᠲᠠᠯᠠᠵᠤ᠂ ᠢᠯᠵᠠᠷᠡᠯ ᠢ ᠡᠰᠡᠷᠭᠦᠴᠡᠬᠦ ᠲᠡᠮᠡᠴᠡᠯ ᠤᠨ ᠪᠣᠭᠤᠮᠲᠠ ᠰᠢᠪᠲᠤᠯᠬᠤ ᠳᠠᠶᠢᠯᠠᠯᠳᠤᠭᠠᠨ | ᠤᠳᠠᠭᠠᠨ ᠳᠠᠭᠠᠭᠠᠮᠠᠭᠠᠢ ᠳᠠᠶᠢᠯᠠᠯᠳᠤᠭᠠᠨ ᠤ ᠢᠯᠠᠯᠲᠠ ᠶᠢ ᠵᠠᠪᠠᠯ ᠣᠯᠬᠤ ᠬᠡᠷᠡᠭᠲᠡᠢ ᠭᠡᠵᠦ ᠴᠢᠬᠤᠯᠠᠴᠢᠯᠠᠪᠠ᠃ | ᠰᠢ ᠶᠢᠨ ᠫᠢᠩ᠂ ᠨᠠᠮ ᠠᠭᠤᠤ ᠶᠡᠭᠡ ᠲᠡᠮᠡᠴᠡᠯ ᠢᠶᠠᠷ ᠢᠶᠠᠨ ᠵᠠᠭᠤᠨ ᠵᠢᠯ ᠤᠨ ᠠᠭᠤᠤ ᠶᠡᠭᠡ ᠦᠢᠯᠡᠰ ᠢ ᠡᠭᠦᠳᠦᠨ ᠪᠦᠲᠦᠭᠡᠭᠰᠡᠨ ᠶᠤᠮ᠂ ᠰᠢᠨ᠎ᠡ ᠠᠭᠤᠤ ᠶᠡᠭᠡ | ᠲᠡᠮᠡᠴᠡᠯ ᠢᠶᠠᠷ ᠢᠶᠠᠨ ᠰᠢᠨ᠎ᠡ ᠠᠭᠤᠤ ᠶᠡᠭᠡ ᠦᠢᠯᠡᠰ ᠢ ᠡᠭᠦᠳᠦᠨ ᠪᠦᠲᠦᠭᠡᠵᠦ ᠴᠢᠳᠠᠬᠤ ᠨᠢ ᠯᠠᠪᠳᠠᠢ ᠶᠤᠮ ᠬᠡᠵᠦ ᠵᠢᠭᠠᠵᠤ ᠭᠠᠷᠭᠠᠪᠠ᠃ | ᠰᠢ ᠶᠢᠨ ᠫᠢᠩ ᠢᠯᠡᠳᠬᠡᠯ ᠬᠢᠬᠦ ᠶᠠᠪᠤᠴᠠ ᠳᠤ ᠲᠠᠯᠠᠪᠠᠢ ᠲᠠᠶᠠᠭᠠᠷ ᠢᠶᠠᠨ ᠪᠠᠶᠢᠨ ᠳᠠᠬᠢᠨ ᠬᠠᠯᠠᠭᠤᠨ ᠢᠶᠠᠷ ᠠᠯᠠᠭ᠎ᠠ ᠳᠠᠰᠢᠵᠠᠭᠠᠵᠤ ᠪᠠᠶᠢᠯ᠎ᠠ᠃ | ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠳᠡᠳ᠋ ᠬᠤᠷᠢᠶᠠᠨ ᠳᠠᠷᠤᠭ᠎ᠠ᠂ ᠪᠦᠬᠦ ᠤᠯᠤᠰ ᠤᠨ | ᠤᠯᠤᠰ ᠲᠦᠷᠦ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠶᠢᠨ ᠳᠤᠰᠢᠶᠠᠯ ᠢ ᠬᠠᠷᠢᠭᠤᠴᠠᠵᠤ ᠪᠠᠶᠢᠭ᠎ᠠ ᠪᠠ ᠬᠠᠷᠢᠭᠤᠴᠠᠵᠤ ᠪᠠᠶᠢᠭᠰᠠᠨ ᠨᠠᠮ ᠤᠨ ᠭᠠᠳᠠᠨᠠᠬᠢ ᠬᠥᠮᠥᠰ᠂ | ᠪᠡᠭᠡᠵᠢᠩ ᠳᠤ ᠪᠠᠶᠢᠭ᠎ᠠ ᠡᠯ᠎ᠡ ᠠᠷᠠᠳᠴᠢᠯᠠᠭᠰᠠᠨ ᠨᠠᠮ ᠪᠦᠯᠦᠭ ᠤᠨ ᠲᠥᠪ ᠬᠤᠷᠢᠶ᠎ᠠ᠂ ᠪᠦᠬᠦ ᠤᠯᠤᠰ ᠤᠨ ᠦᠢᠯᠡᠳᠪᠦᠷᠢ ᠬᠤᠳᠠᠯᠳᠤᠭᠠᠨ ᠤ ᠬᠤᠯᠪᠤᠭ᠎ᠠ ᠶᠢᠨ ᠳᠡᠳ᠋ | ᠲᠡᠷᠢᠭᠦᠯᠡᠭᠴᠢ᠂ ᠨᠠᠮ ᠪᠦᠯᠦᠭ ᠤᠨ ᠪᠤᠰᠤ ᠲᠥᠯᠥᠭᠡᠯᠡᠭᠴᠢ ᠬᠥᠮᠥᠰ᠂ ᠱᠠᠰᠢᠨ ᠰᠤᠷᠲᠠᠬᠤᠨ ᠤ ᠡᠲᠡᠭᠡᠳ ᠤᠨ ᠲᠥᠯᠥᠭᠡᠯᠡᠭᠴᠢ ᠬᠥᠮᠥᠰ᠂ ᠪᠡᠭᠡᠵᠢᠩ ᠳᠤ ᠪᠠᠶᠢᠭ᠎ᠠ | ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ᠂ ᠪᠦᠬᠦ ᠤᠯᠤᠰ ᠤᠨ ᠤᠯᠤᠰ ᠲᠦᠷᠦ ᠶᠢᠨ ᠵᠥᠪᠯᠡᠯᠭᠡᠨ ᠤ ᠪᠠᠶᠢᠩᠭᠤ ᠶᠢᠨ ᠭᠡᠰᠢᠭᠦᠳ ᠤᠨ | ᠳᠣᠲᠣᠷᠠᠬᠢ ᠠᠷᠠᠳᠴᠢᠯᠠᠭᠰᠠᠨ ᠨᠠᠮ ᠪᠦᠯᠦᠭ᠂ ᠨᠠᠮ ᠪᠦᠯᠦᠭ ᠤᠨ ᠪᠤᠰᠤ ᠬᠥᠮᠥᠰ ᠪᠠ ᠦᠨᠳᠦᠰᠦᠲᠡᠨ ᠱᠠᠰᠢᠨ ᠰᠤᠷᠲᠠᠬᠤᠨ ᠤ ᠡᠲᠡᠭᠡᠳ ᠤᠨ ᠬᠥᠮᠥᠰ ᠵᠣᠴᠢᠨ ᠤ | ᠬᠤᠪᠢ ᠪᠠᠷ ᠶᠡᠭᠡ ᠬᠤᠷᠠᠯ ᠳᠤ ᠰᠤᠯᠠ ᠣᠷᠣᠯᠴᠠᠪᠠ᠃ ᠨᠠᠮ ᠤᠨ ᠳᠣᠲᠣᠭᠠᠳᠤ ᠶᠢᠨ ᠬᠤᠯᠪᠣᠭᠳᠠᠯ ᠪᠦᠬᠦᠢ ᠬᠠᠷᠢᠭᠤᠴᠠᠯᠭᠠᠲᠠᠨ ᠨᠥᠬᠦᠳ ᠶᠡᠭᠡ ᠬᠤᠷᠠᠯ ᠳᠤ ᠰᠤᠯᠠ | ᠣᠷᠣᠯᠴᠠᠪᠠ᠃ | ᠤᠯᠤᠰ ᠤᠨ ᠳᠤᠳᠤᠭᠠᠳᠤ ᠭᠠᠳᠠᠭᠠᠳᠤ ᠶᠢᠨ 2500 ᠰᠢᠬᠠᠮ ᠰᠤᠷᠪᠤᠯᠵᠢᠯᠠᠭᠴᠢ ᠡᠬᠢᠯᠡᠯᠳᠡ ᠶᠢᠨ ᠬᠤᠷᠠᠯ ᠤᠨ ᠦᠪᠡᠳᠡᠭᠰᠢ ᠪᠠᠶᠢᠳᠠᠯ ᠢ ᠮᠡᠳᠡᠬᠡᠯᠡᠵᠡᠢ᠃ | |