ᠤᠯᠠᠭᠠᠨ ᠣᠷᠣᠰ ᠰᠣᠩᠭᠢᠨ᠎ᠠ ᠡᠯᠪᠡᠭ ᠬᠤᠷᠢᠶᠠᠯᠲᠠ ᠣᠯᠣᠯ᠎ᠠ
ᠨᠡᠶᠢᠲᠡᠯᠡᠭᠰᠡᠨ ᠴᠠᠭ᠄
2021/9/10
20210910.jpg
      ᠡᠨᠡ ᠵᠢᠯ᠂ ᠢᠦᠢ ᠴᠢᠦᠸᠠᠨ ᠲᠣᠭᠤᠷᠢᠭ ᠤᠨ ᠪᠠᠭ᠎ᠠ ᠲᠦᠷᠭᠡᠨ ᠭᠤᠣᠯ ᠪᠠᠯᠭᠠᠰᠤ ᠶᠢᠨ ᠡᠮᠦᠨ᠎ᠡ ᠲᠠᠶᠢᠱᠢ ᠲᠣᠰᠬᠤᠨ ᠲᠤᠬᠠᠢ ᠶᠢᠨ ᠭᠠᠵᠠᠷ ᠤᠨ ᠢᠶᠠᠨ ᠬᠥᠷᠥᠰᠥ ᠰᠢᠷᠣᠢ᠂ ᠠᠭᠤᠷ ᠠᠮᠢᠰᠬᠤᠯ ᠤᠨ ᠣᠨᠴᠠᠯᠢᠭ ᠲᠤ ᠰᠠᠭᠤᠷᠢᠯᠠᠵᠤ᠂ ︽ᠨᠠᠮ ᠤᠨ ᠡᠭᠦᠷ + ᠬᠤᠷᠰᠢᠶ᠎ᠡ + ᠺᠣᠮᠫᠠᠨᠢ + ᠲᠠᠷᠢᠶᠠᠴᠢᠨ ᠡᠷᠦᠬᠡ︾ ᠶᠢᠨ ᠵᠠᠬᠢᠶᠠᠯᠠᠭ᠎ᠠ ᠶᠢᠨ ᠬᠡᠯᠪᠡᠷᠢ ᠶᠢ ᠬᠡᠷᠡᠭᠯᠡᠵᠦ᠂ ᠲᠠᠷᠢᠶᠠᠴᠢᠳ ᠢ ᠢᠳᠡᠪᠬᠢᠲᠡᠢ ᠬᠦᠳᠦᠯᠦᠨ ᠵᠢᠯᠣᠭᠤᠳᠴᠤ ᠤᠯᠠᠭᠠᠨ ᠣᠷᠣᠰ ᠰᠣᠩᠭᠢᠨ᠎ᠠ ᠶᠢᠨ ᠠᠵᠤ ᠠᠬᠤᠢ ᠶᠢᠨ ᠲᠠᠷᠢᠮᠠᠯ ᠳᠠᠷᠢᠭᠤᠯᠵᠤ᠂ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠪᠡ᠃ ᠣᠳᠣᠬᠠᠨ ᠳᠤ᠂ ᠲᠤᠰ ᠲᠣᠰᠬᠤᠨ ᠤ 500 ᠮᠦ ᠤᠯᠠᠭᠠᠨ ᠣᠷᠣᠰ ᠰᠣᠩᠭᠢᠨ᠎ᠠ ᠪᠣᠯᠪᠠᠰᠤᠷᠠᠬᠤ ᠤᠯᠠᠷᠢᠯ ᠳᠠᠭᠠᠨ ᠣᠷᠣᠵᠤ᠂ ᠲᠣᠰᠬᠤᠨ ᠤ ᠠᠷᠠᠳ ᠲᠠᠷᠢᠶ᠎ᠠ ᠪᠠᠨ ᠬᠤᠷᠢᠶᠠᠵᠤ ᠶᠠᠭᠠᠷᠠᠯᠳᠤᠨ᠂ ᠭᠠᠵᠠᠷ ᠪᠣᠯᠭᠠᠨ ᠳᠤ ᠡᠯᠪᠡᠭ ᠬᠤᠷᠢᠶᠠᠯᠲᠠ ᠶᠢᠨ ᠪᠠᠶᠠᠷ ᠪᠠᠭ᠋ᠠᠳᠤᠯ ᠢᠶᠠᠷ ᠪᠢᠯᠬᠠᠨ᠎ᠠ᠃       ᠵᠢᠷᠤᠭ ᠪᠣᠯ 9 ᠳ᠋ᠤᠭᠠᠷ ᠰᠠᠷ᠎ᠠ ᠶᠢᠨ 7 ᠤ ᠡᠳᠦᠷ᠂ ᠢᠦᠢ ᠴᠢᠤᠸᠠᠨ ᠲᠣᠭᠤᠷᠢᠭ ᠤᠨ ᠪᠠᠭ᠎ᠠ ᠲᠦᠷᠭᠡᠨ ᠭᠤᠣᠯ ᠪᠠᠯᠭᠠᠰᠤ ᠶᠢᠨ ᠡᠮᠦᠨ᠎ᠡ ᠲᠠᠶᠢᠱᠢ ᠲᠣᠰᠬᠤᠨ ᠤ ᠲᠠᠷᠢᠶᠠᠴᠢᠳ ᠰᠠᠶ᠋ᠢᠬᠠᠨ ᠬᠤᠷᠢᠶᠠᠭᠰᠠᠨ ᠤᠯᠠᠭᠠᠨ ᠤᠷᠤᠰ ᠰᠣᠩᠭᠢᠨ᠎ᠠ ᠪᠠᠨ ᠭᠠᠷ ᠲᠠᠭᠠᠨ ᠡᠷᠭᠦᠨ ᠡᠯᠪᠡᠭ ᠬᠤᠷᠢᠶᠠᠯᠲᠠ ᠶᠢᠨ ᠪᠠᠶᠠᠷ ᠢᠶᠠᠷ ᠮᠦᠰᠢᠶᠡᠵᠦ ᠪᠠᠶᠢᠭ᠎ᠠ ᠨᠢ᠃ ᠴᠢᠮᠡᠭᠡᠯᠡᠭᠴᠢ ᠳ᠋ᠢᠩ ᠭᠧᠨ ᠾᠧᠦ ᠰᠡᠭᠦᠳᠡᠷᠯᠡᠪᠡ
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ