ᠵᠦᠯᠭᠡᠨ ᠵᠠᠮ ᠬᠥᠬᠡᠬᠤᠲᠠ ᠶᠢᠨ ᠠᠷᠠᠳ ᠲᠦᠮᠡᠨ ᠲᠠᠢ ᠵᠣᠯᠭᠠᠪᠠ
ᠨᠡᠶᠢᠲᠡᠯᠡᠭᠰᠡᠨ ᠴᠠᠭ᠄
2021/8/31
      res01_attpic_brief6666.jpg
      ᠪᠢᠨ ᠾᠧ ᠵᠠᠮ ᠤᠨ ᠪᠠᠭ᠎ᠠ ᠲᠦᠷᠭᠡᠨ ᠭᠤᠣᠯ ᠤᠨ ᠡᠮᠦᠨ᠎ᠡ ᠡᠷᠭᠢ ᠶᠢᠨ ᠮᠣᠳᠣᠨ ᠵᠠᠮ ᠤᠨ ᠡᠮᠦᠨ᠎ᠡ ᠲᠠᠯ᠎ᠠ ᠶᠢ ᠨᠠᠭᠠᠯᠳᠤᠭᠰᠠᠨ 1.5 ᠮᠧᠲᠷ ᠥᠷᠭᠡᠨ᠂ 1.2 ᠺᠢᠯᠣᠮᠧᠲᠷ ᠤᠷᠲᠤ ᠵᠦᠯᠭᠡᠨ ᠵᠠᠮ ᠪᠣᠯ ᠮᠠᠨ ᠤ ᠬᠤᠲᠠ ᠶᠢᠨ ᠠᠩᠬᠠᠳᠠᠭᠴᠢ ᠵᠦᠯᠭᠡᠨ ᠵᠠᠮ ᠪᠣᠯᠣᠨ᠎ᠠ᠂ ᠡᠨᠡᠬᠦ ᠨᠣᠮᠢᠨ ᠨᠣᠭᠤᠭᠠᠨ ᠵᠦᠯᠭᠡᠨ ᠵᠠᠮ ᠤᠨ ᠬᠠᠮᠤᠭ ᠤᠨ ᠭᠢᠯᠠᠰ ᠴᠡᠭ ᠨᠢ ︽ᠮᠢᠨᠤ ᠳᠡᠭᠡᠷ᠎ᠡ ᠶᠠᠪᠤᠭᠠᠷᠠᠢ︾ ᠪᠣᠯᠣᠨ᠎ᠠ᠃      ᠴᠡᠴᠡᠷᠯᠢᠭ ᠤᠨ ᠪᠦᠲᠦᠭᠡᠨ ᠪᠠᠶᠢᠭᠤᠯᠤᠯᠲᠠ ᠶᠢᠨ ᠦᠢᠯᠡᠴᠢᠯᠡᠭᠡᠨ ᠤ ᠲᠥᠪ ᠤᠨ ᠪᠢᠨ ᠾᠧ ᠶᠢᠨ ᠦᠵᠡᠮᠵᠢ ᠶᠢ ᠠᠷᠠᠴᠢᠯᠠᠨ ᠬᠠᠮᠠᠭᠠᠯᠠᠬᠤ ᠲᠥᠪ ᠤᠨ ᠠᠵᠢᠯᠲᠠᠨ ᠤ ᠲᠠᠨᠢᠯᠴᠠᠭᠤᠯᠬᠤ ᠪᠠᠷ᠂ ᠡᠨᠡᠬᠦ ᠵᠦᠯᠭᠡᠨ ᠵᠠᠮ ᠢ ᠬᠢᠰᠬᠢᠬᠦ ᠠᠴᠠ ᠠᠶᠤᠬᠤ ᠦᠭᠡᠢ ᠵᠦᠯᠭᠡ ᠪᠠᠷ ᠳᠡᠪᠢᠰᠴᠦ᠂ ︽ᠭᠢᠰᠭᠢᠬᠦ ᠠᠴᠠ ᠲᠡᠪᠴᠢᠭᠡᠷᠡᠢ︾ ᠵᠦᠯᠭᠡ ᠲᠠᠢ ᠠᠳᠠᠯᠢ ᠦᠭᠡᠢ᠂ ᠲᠡᠭᠦᠨ ᠤ ᠲᠡᠰᠪᠦᠷᠢᠯᠡᠬᠦ ᠤᠰᠤ ᠨᠡᠪᠲᠡᠷᠡᠬᠦ ᠴᠢᠨᠠᠷ ᠨᠢ ᠨᠡᠯᠢᠶᠡᠳ ᠰᠠᠶᠢᠨ᠂ ᠳᠡᠭᠡᠷ᠎ᠡ ᠨᠢ ᠬᠢᠰᠭᠢᠬᠦ ᠳᠤ ᠲᠠᠭᠠᠲᠠᠢ ᠪᠠᠶᠢᠵᠤ᠂ ᠬᠥᠮᠥᠨ ᠪᠠᠶᠢᠭᠠᠯᠢ ᠶᠢᠨ ᠵᠠᠢ ᠶᠢ ᠣᠶᠢᠷᠠᠲᠤᠭᠤᠯᠤᠨ᠂ ᠡᠶ᠎ᠡ ᠵᠣᠬᠢᠴᠠᠯ ᠪᠠ ᠬᠦᠷᠦᠯᠴᠡᠯ ᠢ ᠪᠡᠶᠡᠯᠡᠭᠦᠯᠵᠡᠢ᠃ ᠰᠤᠷᠪᠤᠯᠵᠢᠯᠠᠭᠴᠢ ᠰᠦᠩ ᠰᠢᠶᠠᠩ ᠬᠤᠸᠠ ᠰᠡᠭᠦᠳᠡᠷᠯᠡᠪᠡ
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ