ᠮᠠᠨ ᠤ ᠬᠤᠲᠠ ᠬᠠᠭᠤᠷᠮᠠᠭ ᠮᠠᠭᠤ ᠲᠠᠷᠢᠶᠠᠯᠠᠩ ᠤᠨ ᠬᠡᠷᠡᠭᠰᠡᠯ ᠳᠤ ᠴᠣᠬᠢᠯᠲᠠ ᠥᠭᠬᠦ ᠲᠤᠰᠬᠠᠶ ᠠᠵᠢᠯᠯᠠᠭ᠎ᠠ ᠶᠢ ᠭᠦᠨᠵᠡᠭᠡᠶ ᠠᠬᠢᠭᠤᠯᠵᠤ ᠪᠠᠶᠢᠨ᠎ᠠ
ᠨᠡᠶᠢᠲᠡᠯᠡᠭᠰᠡᠨ ᠴᠠᠭ᠄
2021/4/23
      ᠥᠪᠥᠷ ᠮᠣᠩᠭᠤᠯ ᠤᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠭᠴᠢ ᠪᠤᠤ ᠨᠠᠷᠠᠨᠲᠤᠶᠠᠭ᠎ᠠ︶ ᠲᠠᠷᠢᠶᠠᠴᠢᠳ ᠤᠨ ᠴᠢᠨᠠᠷ ᠰᠠᠶᠢᠳᠠᠢ ᠲᠠᠷᠢᠶᠠᠯᠠᠩ ᠤᠨ ᠬᠡᠷᠡᠭᠰᠡᠯ ᠬᠤᠳᠠᠯᠳᠤᠨ ᠠᠪᠬᠤ ᠶᠢ ᠦᠨᠡᠨ ᠬᠦ ᠪᠠᠲᠤᠯᠠᠵᠤ᠂ ᠲᠠᠷᠢᠶᠠᠯᠠᠩ ᠤᠨ ᠬᠡᠷᠡᠭᠰᠡᠯ ᠤᠨ ᠵᠠᠬ᠎ᠠ ᠳᠡᠯᠭᠡᠭᠦᠷ ᠤᠨ ᠡᠮᠬᠢ ᠳᠢᠭᠯᠢᠮ ᠢ ᠤᠯᠠᠮ ᠨᠢᠭᠡ ᠠᠯᠬᠤᠮ ᠴᠡᠭᠴᠡᠯᠡᠨ ᠵᠢᠷᠤᠮᠵᠢᠭᠤᠯᠵᠤ᠂ ᠲᠠᠷᠢᠶᠠᠯᠠᠩ ᠮᠠᠯ ᠠᠵᠤ ᠠᠬᠤᠶ ᠶᠢᠨ ᠬᠦᠷᠢᠶᠡᠨ ᠳᠠᠬᠢ ᠬᠤᠳᠠᠯᠳᠤᠭ᠎ᠠ ᠡᠷᠬᠢᠯᠡᠬᠦ ᠣᠷᠴᠢᠨ ᠨᠥᠬᠦᠴᠡᠯ ᠢ ᠰᠢᠯᠢᠳᠡᠭᠵᠢᠭᠦᠯᠬᠦ ᠶᠢᠨ ᠲᠥᠯᠥᠭᠡ᠂ ᠮᠠᠨ ᠤ ᠬᠤᠲᠠ ᠬᠠᠪᠤᠷ ᠤᠨ ᠤᠯᠠᠷᠢᠯ ᠤᠨ ᠬᠠᠭᠤᠷᠮᠠᠭ ᠮᠠᠭᠤ ᠲᠠᠷᠢᠶᠠᠯᠠᠩ ᠤᠨ ᠬᠡᠷᠡᠭᠰᠡᠯ ᠳᠤ ᠴᠣᠬᠢᠯᠲᠠ ᠥᠭᠬᠦ ᠲᠤᠰᠬᠠᠶ ᠠᠵᠢᠯᠯᠠᠭ᠎ᠠ ᠶᠢ ᠭᠦᠨᠵᠡᠭᠡᠶ ᠦᠷᠨᠢᠭᠦᠯᠵᠦ᠂ ᠲᠠᠷᠢᠶᠠᠨ ᠦᠷ᠎ᠡ᠂ ᠲᠠᠷᠢᠶᠠᠨ ᠡᠮ᠂ ᠪᠣᠷᠲᠣᠭᠤᠷ᠂ ᠮᠠᠯ ᠤᠨ ᠡᠮ᠂ ᠲᠡᠵᠢᠭᠡᠯ ᠪᠣᠷᠳᠤᠭ᠎ᠠ᠂ ᠲᠠᠷᠢᠶᠠᠯᠠᠩ ᠤᠨ ᠮᠠᠰᠢᠨ ᠵᠡᠷᠭᠡ ᠲᠠᠯ᠎ᠠ ᠪᠠᠷ ᠲᠤᠰᠬᠠᠢ ᠵᠦᠢᠯ ᠤᠨ ᠪᠠᠶᠢᠴᠠᠭᠠᠯᠳᠠ ᠦᠷᠨᠢᠭᠦᠯᠪᠠ᠃     4 ᠰᠠᠷ᠎ᠠ ᠶᠢᠨ 12 ᠤᠨ ᠡᠳᠦᠷ᠂ ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠪᠤᠷᠢ ᠠᠩᠭᠢ ᠶᠢᠨ ᠪᠡᠯᠡᠳᠬᠡᠯ ᠶᠡᠭᠡ ᠠᠩᠭᠢ ᠠᠴᠠ ᠲᠦᠮᠡᠳ ᠵᠡᠭᠦᠨ ᠬᠤᠰᠢᠭᠤᠨ ᠤ ᠰᠠᠭᠠᠯᠢᠴᠢᠨ ᠪᠠᠯᠭᠠᠰᠤ ᠪᠠ ᠴᠠᠭᠠᠨ ᠰᠦᠮ᠎ᠡ ᠪᠠᠯᠭᠠᠰᠤᠨ ᠤ ᠲᠠᠷᠢᠶᠠᠯᠠᠩ ᠤᠨ ᠬᠡᠷᠡᠭᠰᠡᠯ ᠪᠣᠷᠣᠯᠠᠭᠤᠯᠬᠤ ᠬᠤᠳᠠᠯᠳᠤᠭ᠎ᠠ ᠳᠡᠯᠭᠡᠭᠦᠷ ᠲᠤ ᠪᠦᠬᠦ ᠲᠠᠯ᠎ᠠ ᠶᠢᠨ ᠪᠠᠶᠢᠴᠠᠭᠠᠯᠲᠠ ᠬᠢᠪᠠ᠃ ᠪᠠᠶᠢᠴᠠᠭᠠᠯᠲᠠ ᠶᠢᠨ ᠳᠤᠮᠳᠠ᠂ ᠬᠠᠤᠯᠢ ᠬᠡᠷᠡᠭᠵᠢᠭᠦᠯᠬᠦ ᠠᠵᠢᠯᠲᠠᠨ ᠲᠠᠷᠢᠶᠠᠯᠠᠩ ᠤᠨ ᠬᠡᠷᠡᠭᠰᠡᠯ ᠤᠨ ᠡᠵᠡᠩᠨᠡᠯᠲᠡ ᠶᠢᠨ ᠡᠭᠦᠳᠡᠨ ᠳᠡᠯᠭᠡᠭᠦᠷ ᠤᠨ ᠡᠵᠡᠩᠨᠡᠯᠲᠡ ᠶᠢᠨ ᠬᠢᠷᠢ ᠬᠡᠮ᠂ ᠣᠷᠣᠭᠤᠯᠵᠤ ᠪᠣᠷᠣᠯᠠᠭᠤᠯᠬᠤ ᠪᠠᠷᠠᠭᠠᠨ ᠤ ᠡᠬᠡ ᠲᠠᠩᠰᠠ᠂ ᠲᠠᠷᠢᠶᠠᠯᠠᠩ ᠤᠨ ᠬᠡᠷᠡᠭᠰᠡᠯ ᠢ ᠬᠢᠨᠠᠨ ᠲᠣᠭᠲᠠᠭᠠᠬᠤ᠂ ᠳᠡᠩᠰᠡᠯᠡᠨ ᠲᠡᠮᠳᠡᠭᠯᠡᠬᠦ᠂ ᠪᠦᠷᠢᠳᠬᠡᠨ ᠳᠠᠩᠰᠠᠯᠠᠭᠰᠠᠨ ᠪᠠᠶᠢᠳᠠᠯ ᠂ ᠦᠢᠯᠡᠳᠬᠦᠨ ᠤ ᠱᠣᠰᠢᠭ᠎ᠠ ᠲᠡᠮᠳᠡᠭ ᠤᠨ ᠵᠢᠷᠤᠮᠵᠢᠭᠰᠠᠨ ᠪᠠᠶᠢᠳᠠᠯ ᠤᠨ ᠲᠤᠬᠠᠶ ᠪᠠᠶᠢᠴᠠᠭᠠᠯᠲᠠ ᠬᠢᠵᠦ᠂ ᠵᠢᠷᠭᠢᠶ᠎ᠡ ᠶᠢᠨ ᠬᠤᠶᠠᠷ ᠭᠡᠮᠵᠢᠯᠳᠤ ᠺᠣᠳ᠋ ᠵᠡᠷᠭᠡ ᠪᠠᠷ ᠳᠠᠮᠵᠢᠭᠤᠯᠤᠨ ᠪᠣᠭᠤᠳᠠᠯ ᠤᠨ ᠱᠣᠰᠢᠭ᠎ᠠ ᠳᠡᠭᠡᠷᠡᠬᠢ ᠦᠢᠯᠡᠳᠬᠦᠨ ᠤ ᠨᠡᠷᠡᠶᠢᠳᠦᠯ᠂ ᠳᠠᠷᠢᠬᠤ ᠣᠷᠣᠨ ᠪᠦᠰᠡ᠂ ᠬᠢᠨᠠᠨ ᠲᠣᠭᠲᠠᠭᠠᠭᠰᠠᠨ ᠳ᠋ᠤᠭᠠᠷ᠂ ᠡᠭᠦᠯᠳᠡᠷ ᠤᠨ ᠰᠢᠨᠵᠢ ᠪᠠᠶᠢᠳᠠᠯ ᠢ ᠪᠠᠶᠢᠴᠠᠭᠠᠨ ᠬᠡᠮᠵᠢᠭᠰᠡᠨ ᠡᠳᠦᠷ ᠬᠤᠭᠤᠴᠠᠭ᠎ᠠ᠂ ᠴᠢᠨᠠᠷ ᠢ ᠪᠠᠲᠤᠯᠠᠬᠤ ᠬᠤᠭᠤᠴᠠᠭ᠎ᠠ ᠵᠡᠷᠭᠡ ᠲᠠᠢ ᠬᠠᠷᠭᠤᠭᠤᠯᠵᠤ᠂ ᠦᠷ᠎ᠡ ᠶᠢᠨ ᠱᠠᠭᠠᠷᠳᠠᠯᠭ᠎ᠠ ᠳᠤ ᠨᠡᠶᠢᠴᠡᠬᠦ ᠡᠰᠡᠬᠦ ᠶᠢ ᠪᠠᠶᠢᠴᠠᠭᠠᠨ ᠦᠵᠡᠪᠡ᠃ ᠪᠠᠶᠢᠴᠠᠭᠠᠬᠤ ᠶᠠᠪᠤᠴᠠ ᠳᠤ᠂ ᠬᠠᠤᠯᠢ ᠬᠡᠷᠡᠭᠵᠢᠭᠦᠯᠬᠦ ᠠᠵᠢᠯᠳᠠᠨ ᠪᠠᠰᠠ ᠡᠵᠡᠩᠨᠡᠨ ᠪᠣᠷᠣᠯᠠᠭᠤᠯᠬᠤ ᠬᠤᠳᠠᠯᠳᠤᠭᠠᠴᠢᠨ ᠳᠤ ᠬᠠᠤᠯᠢ ᠶᠤᠰᠤᠨ ᠤ ᠡᠭᠦᠷᠭᠡ  ᠪᠠᠨ ᠭᠦᠢᠴᠡᠳᠬᠡᠵᠦ᠂ ᠦᠨᠡᠨᠴᠢ ᠢᠲᠡᠭᠡᠮᠵᠢᠲᠡᠶ ᠡᠵᠡᠩᠨᠡᠵᠦ᠂ ᠲᠠᠷᠢᠶᠠᠯᠠᠩ ᠤᠨ ᠬᠡᠷᠡᠭᠰᠡᠯ ᠤᠨ ᠶᠠᠰᠤ ᠴᠢᠨᠠᠷ ᠢ ᠦᠨᠡᠨ ᠬᠦ ᠪᠠᠲᠤᠯᠠᠬᠤ ᠬᠡᠷᠡᠭᠲᠡᠶ ᠭᠡᠵᠦ ᠰᠠᠨᠠᠭᠤᠯᠪᠠ᠃      4 ᠰᠠᠷ᠎ᠠ ᠶᠢᠨ 14 ᠤ ᠡᠳᠦᠷ᠂ ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠪᠤᠷᠢ ᠠᠩᠭᠢ ᠶᠢᠨ ᠭᠤᠷᠪᠠᠳᠤᠭᠠᠷ ᠶᠡᠭᠡ ᠠᠩᠭᠢ ᠢᠦ᠋ᠢᠴᠢᠤᠸᠠᠨ ᠲᠣᠭᠤᠷᠢᠭ ᠤᠨ 209 ᠤᠯᠤᠰ ᠤᠨ ᠵᠠᠮ ᠤᠨ ᠬᠤᠶᠠᠷ ᠬᠠᠪᠢ ᠶᠢᠨ ᠪᠣᠱᠤᠭ᠎ᠠ᠂ ᠺᠧᠤ ᠵᠢᠶᠠ ᠶᠢᠩ᠂ ᠰᠢᠨ ᠱᠧᠩ ᠲᠣᠰᠬᠤᠨ ᠤ ᠲᠠᠷᠢᠶᠠᠯᠠᠩ ᠤᠨ ᠬᠡᠷᠡᠭᠰᠡᠯ ᠡᠵᠡᠩᠨᠡᠨ ᠪᠣᠷᠣᠯᠠᠭᠤᠯᠬᠤ ᠭᠠᠵᠠᠷ ᠲᠤ ᠬᠠᠤᠯᠢ ᠬᠡᠷᠡᠭᠵᠢᠭᠦᠯᠦᠯᠲᠡ ᠶᠢᠨ ᠪᠠᠶᠢᠴᠠᠭᠠᠯᠲᠠ ᠬᠢᠪᠠ᠃ ᠶᠢᠨ ᠴᠢᠦ ᠱᠢ ᠲᠠᠷᠢᠶᠠᠯᠠᠩ ᠤᠨ ᠬᠡᠷᠡᠭᠰᠡᠯ ᠤᠨ ᠡᠵᠡᠩᠨᠡᠨ ᠪᠣᠷᠣᠯᠠᠭᠤᠯᠬᠤ ᠭᠠᠵᠠᠷ ᠤᠨ ᠪᠠᠶᠢᠴᠠᠭᠠᠯᠲᠠ ᠳᠤ᠂ ᠬᠠᠤᠯᠢ ᠬᠡᠷᠡᠭᠵᠢᠭᠦᠯᠬᠦ ᠠᠵᠢᠯᠲᠠᠨ ᠲᠠᠷᠢᠶᠠᠴᠢᠳ ᠲᠤ ᠬᠠᠭᠤᠷᠮᠠᠭ ᠮᠠᠭᠤ ᠲᠠᠷᠢᠶᠠᠯᠠᠩ ᠤᠨ ᠬᠡᠷᠡᠭᠰᠡᠯ ᠢ ᠢᠯᠭᠠᠨ ᠲᠠᠨᠢᠬᠤ᠂ ᠬᠠᠤᠯᠢ ᠪᠠᠷ ᠡᠷᠬᠡ ᠠᠰᠢᠭ ᠢᠶᠠᠨ ᠬᠠᠮᠠᠭᠠᠯᠠᠬᠤ ᠶᠡᠷᠦ ᠶᠢᠨ ᠮᠡᠳᠡᠯᠭᠡ ᠶᠢ ᠤᠬᠠᠭᠤᠯᠤᠨ ᠲᠠᠶᠢᠯᠪᠤᠷᠢᠯᠠᠪᠠ᠃ ᠪᠠᠶᠢᠴᠠᠭᠠᠯᠲᠠ ᠶᠢᠨ ᠳᠤᠮᠳᠠ ᠣᠯᠵᠤ ᠮᠡᠳᠡᠭᠰᠡᠨ ᠨᠢᠭᠡ ᠪᠦᠯᠦᠭ ᠳᠡᠯᠭᠡᠭᠦᠷ ᠤᠨ ᠲᠠᠩᠰᠠ ᠡᠪᠬᠡᠮᠡᠯ ᠨᠢ ᠪᠦᠷᠢᠨ ᠭᠦᠢᠴᠡᠳ ᠪᠢᠰᠢ᠂ ᠦᠢᠯᠡᠳᠬᠦᠨ ᠨᠢ ᠡᠮᠬᠢ ᠵᠠᠮᠪᠠᠷᠠᠭ᠎ᠠ ᠦᠭᠡᠢ ᠣᠪᠣᠭᠠᠯᠠᠭᠠᠰᠤᠳᠠᠢ ᠵᠡᠷᠭᠡ ᠠᠰᠠᠭᠤᠳᠠᠯ ᠳᠤ ᠴᠢᠭᠯᠡᠭᠦᠯᠦᠨ᠂ ᠬᠠᠤᠯᠢ ᠬᠡᠷᠡᠭᠵᠢᠭᠦᠯᠬᠦ ᠠᠵᠢᠯᠲᠠᠨ ᠲᠤᠬᠠᠢ ᠶᠢᠨ ᠲᠠᠯᠠᠪᠠᠶ ᠳᠤ ᠴᠡᠭᠴᠡᠯᠡᠨ ᠰᠠᠶᠢᠵᠢᠷᠠᠭᠤᠯᠬᠤ ᠰᠠᠨᠠᠭᠤᠯᠭ᠎ᠠ ᠳᠤᠷᠠᠳᠪᠠ᠃       ᠲᠠᠷᠠᠭᠠᠴᠢ ᠪᠠᠷ᠂ ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠪᠤᠷᠢ ᠠᠩᠭᠢ ᠨᠢ ᠠᠰᠠᠭᠤᠳᠠᠯ ᠣᠷᠣᠰᠢᠵᠤ ᠪᠠᠶᠢᠭ᠎ᠠ ᠡᠵᠡᠩᠨᠡᠯᠲᠡ ᠶᠢᠨ ᠳᠡᠯᠭᠡᠭᠦᠷ ᠤᠳ ᠢ ᠦᠷᠭᠦᠯᠵᠢᠯᠡᠨ ᠪᠠᠶᠢᠴᠠᠭᠠᠵᠤ᠂ ᠬᠠᠤᠯᠢ ᠬᠡᠷᠡᠭᠵᠢᠭᠦᠯᠬᠦ ᠡᠷᠴᠢᠮ ᠢᠶᠠᠨ ᠴᠢᠩᠭᠠᠷᠠᠭᠤᠯᠤᠨ᠂ ᠢᠯᠡᠷᠡᠭᠦᠯᠦᠭᠰᠡᠨ ᠠᠰᠠᠭᠤᠳᠠᠯ ᠤᠨ ᠦᠨᠳᠦᠰᠦ ᠰᠤᠷᠪᠤᠯᠵᠢ ᠶᠢ ᠨᠢ ᠡᠷᠢᠵᠦ᠂ ᠲᠤᠶᠢᠯᠪᠤᠷᠢᠲᠠᠢ ᠪᠠᠶᠢᠴᠠᠭᠠᠨ ᠰᠢᠢᠳᠪᠦᠷᠢᠯᠡᠨ᠎ᠡ᠃
ᠢᠷᠡᠯᠲᠡ᠄ ᠦᠪᠦᠷ ᠮᠤᠩᠭᠤᠯ ᠤᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ