ᠵᠢᠷᠭᠠᠯ᠄ ᠦᠷᠯᠦᠭ ᠪᠠᠭᠠᠲᠤᠷ ᠦᠷᠡᠭᠳᠡᠭᠰᠡᠨ ᠴᠦ ᠵᠣᠷᠢᠭ ᠰᠠᠨᠠᠭ᠎ᠠ  ᠨᠢ ᠮᠥᠩᠬᠡᠷᠡᠨ᠎ᠡ
ᠨᠡᠶᠢᠲᠡᠯᠡᠭᠰᠡᠨ ᠴᠠᠭ᠄
2021/4/12
20210412.jpg
ᠬᠦᠬᠡᠬᠤᠳᠠ ᠶᠢᠨ ᠲᠦᠮᠡᠳ ᠵᠡᠬᠦᠨ ᠬᠤᠰᠢᠭᠤᠨ ᠤ ᠲᠡᠯᠠᠠ ᠬᠠᠷ᠎ᠠ ᠠᠭᠤᠯᠠ ᠶᠢᠨ ᠦᠷᠡᠭᠳᠡᠭᠰᠡᠨ ᠪᠠᠭᠠᠲᠤᠷᠴᠤᠳ ᠤᠨ ᠪᠤᠩᠬᠤᠨ ᠤ ᠬᠦᠷᠢᠶᠡᠯᠡᠩ ᠳᠠᠬᠢ ᠦᠷᠡᠭᠳᠡᠭᠰᠡᠨ ᠪᠠᠭᠠᠳᠤᠷ ᠵᠢᠷᠭᠠᠯ ᠤᠨ ᠪᠤᠩᠬᠤᠨ ᠰᠤᠷᠪᠤᠯᠵᠢᠯᠠᠭᠴᠢ ᠮᠥᠩᠬᠡᠴᠢᠯᠠᠭᠤ ᠰᠡᠭᠦᠳᠡᠷᠯᠡᠪᠡ      ᠥᠨᠳᠥᠷ ᠰᠦᠷᠯᠢᠭ ᠲᠠᠯᠠᠨ ᠬᠠᠷ᠎ᠠ ᠠᠭᠤᠯᠠ ᠶᠢᠨ ᠬᠤᠷᠮᠣᠢ ᠳᠠᠬᠢ ᠲᠡᠯᠠᠠ ᠬᠠᠷ᠎ᠠ ᠶᠢᠨ ᠦᠷᠡᠭᠳᠡᠭᠰᠡᠨ ᠪᠠᠭᠠᠲᠤᠷᠴᠤᠳ ᠤᠨ ᠪᠤᠩᠬᠤᠨ ᠤ ᠬᠦᠷᠢᠶᠡᠯᠡᠩ ᠪᠤᠯ ᠪᠠᠭᠠᠲᠤᠷᠴᠤᠳ ᠤᠨ ᠮᠥᠩᠬᠡ ᠨᠦᠢᠷᠰᠤᠬᠰᠠᠨ ᠭᠠᠵᠠᠷ ᠪᠢᠯᠡ᠃ ᠠᠳᠡ ᠦᠷᠡᠭᠳᠡᠭᠰᠡᠨ ᠪᠠᠭᠠᠲᠤᠷ ᠵᠢᠷᠭᠠᠯ ᠤᠨ ᠪᠤᠩᠬᠤᠨ ᠰᠡᠭᠦ᠋ᠢᠨ᠂ ᠬᠦᠮᠦᠰ ᠲᠤ ᠲᠡᠦᠬᠡ ᠬᠦᠦᠷᠨᠢᠵᠦ ᠪᠠᠶᠢᠨ᠎ᠠ᠃      ︽ᠶᠠᠫᠣᠨ ᠲᠦᠷᠢᠮᠡᠬᠡᠶᠢᠯᠡᠭᠴᠢᠳ ᠲᠠᠢ ᠦᠬᠦᠵᠤ ᠰᠡᠬᠡᠬᠦ ᠶᠢᠨ ᠲᠡᠮᠡᠴᠡᠯ ᠬᠢᠬᠦ ᠶᠠᠪᠤᠴᠠ ᠳᠤ ᠵᠢᠷᠭᠠᠯ ᠡᠷᠡᠯᠬᠡᠭ ᠪᠠᠭᠠᠲᠤᠷᠯᠢᠭ ᠬᠤᠷᠴᠠ ᠰᠡᠷᠭᠡᠭ᠂ ᠡᠷᠡᠰ  ᠰᠢᠭᠤᠷᠬᠠᠢ ᠪᠠᠷ ᠦᠬᠦᠵᠦ ᠰᠡᠬᠡᠬᠦ ᠶᠢᠨ ᠲᠡᠮᠡᠴᠡᠯ ᠬᠢᠬᠡᠳ ᠪᠠᠯᠠᠷᠠᠰᠢ ᠦᠭᠡᠢ ᠭᠠᠪᠢᠶ᠎ᠠ ᠵᠢᠳᠬᠦᠯ ᠪᠠᠶᠢᠭᠤᠯᠵᠤ᠂ ᠮᠠᠰᠢ ᠤᠯᠠᠨ ᠰᠡᠳᠬᠢᠯ ᠬᠥᠳᠡᠯᠭᠡᠮ᠎ᠡ ᠦᠯᠢᠭᠡᠷ ᠲᠠᠢ︾ ᠭᠡᠵᠦ ᠥᠪᠥᠷ ᠮᠣᠩᠭᠤᠯ ᠤᠨ ᠳᠠᠩᠰᠠ ᠡᠪᠬᠡᠮᠡᠯ ᠤᠨ ᠣᠷᠳᠣᠨ ᠤ ᠰᠤᠳᠤᠯᠤᠭᠴᠢ ᠴᠢᠶᠠᠨ ᠵᠠᠨ ᠶᠤᠸᠠᠨ ᠲᠠᠨᠢᠯᠴᠠᠭᠤᠯᠤᠨ᠎ᠠ᠃      ᠦᠷᠡᠭᠳᠡᠭᠰᠡᠨ ᠪᠠᠭᠠᠲᠤᠷ ᠵᠢᠷᠭᠠᠯ ᠤᠨ ᠨᠢᠭᠡ ᠨᠠᠰᠤ ᠣᠬᠤᠷᠬᠠᠨ ᠪᠤᠯᠪᠠᠴᠤ ᠪᠠᠭᠠᠲᠤᠷ ᠤᠨ ᠲᠤᠤᠯᠢ ᠶᠢ ᠪᠢᠴᠢᠭᠯᠡᠨ᠂ ᠠᠮᠢᠳᠤᠷᠠᠬᠤ ᠶᠢᠨ ᠦᠨ᠎ᠡ ᠥᠷᠲᠡᠭ ᠢ ᠬᠥᠮᠥᠰ ᠲᠤ ᠮᠡᠳᠡᠭᠦᠯᠦᠭᠰᠡᠨ ᠨᠢᠭᠡ ᠨᠠᠰᠤ ᠪᠢᠯᠡ᠃      1907 ᠣᠨ ᠳᠤ ᠵᠢᠷᠭᠠᠯ ᠥᠪᠥᠷ ᠮᠣᠩᠭᠤᠯ ᠤᠨ ᠲᠦᠮᠡᠳ ᠬᠤᠰᠢᠭᠤᠨ ᠤ ᠪᠠᠭᠰᠢ ᠲᠣᠰᠬᠤᠨ ᠤ ᠮᠣᠩᠭᠤᠯ ᠲᠠᠷᠢᠶᠠᠴᠢᠨ ᠤ ᠭᠡᠷ ᠲᠤ ᠲᠦᠷᠦᠵᠡᠢ᠃ ᠠᠷᠪᠠᠠ ᠲᠠᠪᠤᠨ ᠨᠠᠰᠤᠲᠠᠢ ᠲᠡᠷᠠ ᠬᠦᠢᠰᠦᠢ ︵ᠤᠳᠤ ᠶᠢᠨ ᠬᠥᠬᠡᠬᠤᠲᠠ︶ ᠶᠢᠨ ᠲᠦᠮᠡᠳ ᠤᠨ ᠳᠡᠭᠡᠳᠦ ᠵᠡᠷᠭᠡ ᠶᠢᠨ ᠪᠠᠭ᠎ᠠ ᠰᠤᠷᠭᠠᠭᠤᠯᠢ ᠳᠤ ᠰᠢᠯᠭᠠᠨ ᠤᠷᠤᠭᠰᠠᠨ ᠤ ᠳᠠᠷᠠᠭ᠎ᠠ᠂ ︽5.4︾ ᠤ ᠬᠥᠳᠡᠯᠭᠡᠭᠡᠨ ᠢ ᠳᠤᠷᠠᠰᠬᠠᠬᠤ᠂ ᠶᠠᠫᠣᠨ ᠤ ᠪᠠᠷᠠᠭ᠎ᠠ ᠶᠢ ᠡᠰᠡᠷᠭᠦᠴᠡᠬᠦ ᠵᠡᠷᠭᠡ ᠡᠵᠡᠷᠬᠡᠭ ᠲᠦᠷᠢᠮᠡᠬᠡᠶᠢᠲᠡᠨ ᠢ ᠡᠰᠡᠷᠭᠦᠴᠡᠬᠦ ᠡᠭᠡ ᠣᠷᠣᠨᠴᠢ ᠬᠥᠳᠡᠯᠭᠡᠭᠡᠨ ᠳᠤ ᠣᠷᠣᠯᠴᠠᠵᠡᠢ᠃ 1925 ᠣᠨ ᠳᠤ ᠪᠡᠭᠡᠵᠢᠩ ᠤᠨ ᠮᠣᠩᠭᠤᠯ ᠲᠥᠪᠡᠳ ᠤᠨ ᠰᠤᠷᠭᠠᠭᠤᠯᠢ ᠳᠤ ᠰᠤᠷᠤᠯᠴᠠᠵᠤ ᠪᠠᠶᠢᠬᠤ ᠳᠠᠭᠠᠨ ᠳᠤᠮᠳᠠᠳᠤ ᠤᠯᠤᠰ ᠤᠨ ᠡᠪ ᠬᠠᠮᠲᠤ ᠵᠠᠯᠠᠭᠤᠴᠤᠳ ᠤᠨ ᠡᠪᠯᠡᠯ ᠳᠤ ᠣᠷᠣᠵᠤ᠂ ᠤᠳᠠᠯ ᠦᠭᠡᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠪᠣᠯᠭ᠎ᠠ       1926 ᠣᠨ ᠤ ᠡᠬᠢ ᠪᠠᠷ᠂ ᠨᠠᠮ ᠤᠨ ᠵᠣᠬᠢᠶᠠᠨ ᠪᠠᠶᠢᠭᠤᠯᠤᠯᠲᠠ ᠠᠴᠠ ᠵᠢᠷᠭᠠᠯ ᠢ ᠭᠤᠸᠠᠩᠵᠧᠦ ᠳᠤ ᠲᠣᠮᠢᠯᠠᠨ᠂ ᠮᠠᠤ ᠽᠧ ᠳ᠋ᠦᠩ ᠤᠨ ᠭᠤᠣᠯᠯᠠᠨ ᠡᠷᠬᠢᠯᠡᠭᠰᠡᠨ ᠲᠠᠷᠢᠶᠠᠴᠢᠨ ᠤ ᠬᠥᠳᠡᠯᠭᠡᠭᠡᠨ ᠤ ᠵᠢᠭᠠᠨ ᠰᠤᠷᠭᠠᠬᠤ ᠭᠠᠵᠠᠷ ᠤᠨ ᠵᠢᠷᠭᠤᠳᠤᠭᠠᠷ ᠬᠤᠭᠤᠴᠠᠭᠠᠨ ᠤ ᠰᠤᠷᠤᠯᠴᠠᠯᠭ᠎ᠠ ᠳᠤ ᠣᠷᠣᠯᠴᠠᠭᠤᠯᠤᠭᠠᠳ ᠵᠢᠷᠭᠠᠯ ᠤᠨ ᠦᠵᠡᠯ ᠰᠠᠨᠠᠭ᠎ᠠ ᠤᠬᠠᠮᠰᠠᠷᠢ ᠶᠡᠭᠡ ᠪᠠᠷ ᠳᠡᠭᠡᠭᠰᠢᠯᠡᠬᠦᠯᠪᠡ᠃ ᠲᠡᠭᠦᠰᠦᠭᠰᠡᠨ ᠤ ᠳᠠᠷᠠᠭ᠎ᠠ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠰᠦᠢᠶᠤᠸᠠᠨ ᠣᠷᠣᠨ ᠤ ᠬᠤᠷᠢᠶ᠎ᠠ ᠶᠢᠨ ᠤᠳᠤᠷᠢᠳᠤᠯᠭ᠎ᠠ ᠳᠣᠣᠷ᠎ᠠ᠂ ᠵᠢᠷᠭᠠᠯ ᠭᠤᠮᠢᠨᠳᠠᠩ ᠤᠨ ᠰᠦᠢᠶᠤᠸᠠᠨ ᠣᠨᠴᠠᠭᠠᠢ ᠣᠷᠣᠨ ᠤ ᠨᠠᠮ ᠤᠨ ᠬᠡᠯᠲᠡᠰ ᠤᠨ ᠲᠠᠷᠢᠶᠠᠴᠢᠨ ᠤ ᠬᠥᠳᠡᠯᠭᠡᠭᠡᠨ ᠤ ᠣᠨᠴᠠ ᠲᠣᠮᠢᠯᠠᠭᠴᠢ ᠶᠢᠨ ᠬᠤᠪᠢ ᠪᠠᠷ ᠭᠦᠢᠰᠦᠢ ᠶᠢᠨ ᠪᠠᠷᠠᠭᠤᠨ ᠣᠷᠣᠨ ᠳᠤ ᠲᠠᠷᠢᠶᠠᠴᠢᠨ ᠤ ᠬᠥᠳᠡᠯᠭᠡᠭᠡᠨ ᠥᠷᠨᠢᠭᠦᠯᠪᠡ᠃ ᠲᠡᠷᠡ ᠪᠢᠴᠢᠭᠡᠴᠢ ᠵᠡᠷᠭᠡ ᠭᠠᠵᠠᠷ ᠤᠨ ᠲᠠᠷᠢᠶᠠᠴᠢᠨ ᠤ ᠨᠡᠶᠢᠭᠡᠮᠯᠢᠭ ᠢ ᠵᠣᠬᠢᠶᠠᠨ ᠪᠠᠶᠢᠭᠤᠯᠵᠤ᠂ ᠨᠠᠮ ᠤᠨ ᠦᠨᠳᠦᠰᠦᠨ ᠱᠠᠲᠤᠨ ᠤ ᠡᠭᠦᠷ ᠢ ᠪᠠᠶᠢᠭᠤᠯᠪᠠ᠃ 1927 ᠣᠨ ᠤ ᠡᠬᠢ ᠪᠠᠷ᠂ ᠱᠠᠨ ᠰᠢ ᠶᠢᠨ ᠴᠡᠷᠢᠭ ᠤᠨ ᠡᠷᠬᠡᠲᠡᠨ ᠠᠷᠠᠳ ᠤᠨ ᠡᠳ᠋ ᠬᠤᠭᠰᠢᠯ ᠢ ᠬᠢᠬᠠᠨ ᠮᠥᠯᠵᠢᠬᠦ ᠶᠢᠨ ᠲᠥᠯᠥᠭᠡ ᠳᠠᠬᠢᠨᠲᠠ ᠭᠠᠵᠠᠷ ᠰᠢᠷᠣᠢ ᠶᠢ ᠬᠡᠮᠵᠢᠵᠦ᠂ ᠬᠠᠷ᠎ᠠ ᠲᠠᠮᠠᠬᠢ ᠴᠠᠭᠠᠵᠠᠯᠠᠵᠥ ᠪᠠᠶᠢᠭᠰᠠᠨ ᠢ ᠴᠢᠯᠦᠬᠡᠳᠠᠢ ᠪᠤᠯᠭᠠᠠ᠂ ᠥᠷᠭᠡᠨ ᠤᠯᠠᠨ ᠲᠠᠷᠢᠶᠠᠴᠢᠳ ᠤᠨ ᠬᠢᠯᠢᠩ ᠬᠤᠷᠣᠰᠣᠯ ᠢ ᠳᠡᠭᠳᠡᠭᠡᠪᠡ ᠃ ᠵᠢᠷᠭᠠᠯ ᠲᠠᠷᠢᠶᠠᠴᠢᠨ ᠤ ᠬᠥᠳᠡᠯᠭᠡᠭᠡᠨ ᠤ ᠪᠣᠯᠪᠠᠰᠤᠷᠠᠯ ᠤᠨ ᠭᠠᠵᠠᠷ ᠬᠠᠮᠳᠤ ᠰᠤᠷᠤᠯᠴᠠᠵᠤ ᠪᠠᠶᠢᠭᠰᠠᠨ ᠸᠠᠩ ᠵᠢᠶᠠᠨ ᠭᠦᠩ ᠲᠠᠢ ᠪᠢᠴᠢᠭᠡᠴᠢ ᠶᠢᠨ ᠲᠠᠷᠢᠶᠠᠨ ᠭᠠᠵᠠᠷ ᠢ ᠬᠡᠮᠵᠢᠬᠦ ᠶᠢ ᠡᠰᠡᠷᠭᠦᠴᠡᠬᠦ ᠲᠡᠮᠡᠴᠡᠯ ᠢ ᠤᠳᠤᠷᠢᠳᠤᠭᠰᠠᠨ ᠪᠥᠭᠡᠳ ᠲᠤᠰ ᠵᠢᠯ ᠤᠨ 3 ᠰᠠᠷ᠎ᠠ ᠶᠢᠨ 28 ᠤ ᠡᠳᠦᠷ ᠬᠦᠢᠰᠦᠢ ᠬᠤᠲᠠ ᠶᠢᠨ ᠡᠮᠦᠨᠡᠬᠢ ᠭᠦ᠋ ᠾᠦᠨ ᠲᠠᠨ ᠳᠤ ᠬᠤᠷᠠᠯᠳᠤᠭᠰᠠᠨ ᠰᠦᠢᠶᠤᠸᠠᠨ ᠤ ᠭᠠᠴᠢᠭᠳᠠᠯᠳᠤ ᠠᠷᠠᠳ ᠤᠨ ᠶᠡᠭᠡ ᠬᠤᠷᠠᠯ ᠢ ᠵᠣᠬᠢᠶᠠᠨ ᠪᠠᠶᠢᠭᠤᠯᠵᠤ ᠳᠠᠶᠢᠴᠢᠯᠠᠬᠤ ᠠᠵᠢᠯ ᠳᠤ ᠣᠷᠣᠯᠴᠠᠭᠠᠳ ᠲᠡᠮᠡᠴᠡᠯ ᠢᠯᠠᠯᠲᠠ ᠣᠯᠪᠠ᠃      ︽ᠲᠠᠷᠢᠶᠠᠨ ᠭᠠᠵᠠᠷ ᠢ ᠬᠡᠮᠵᠢᠬᠦ ᠶᠢ ᠡᠰᠡᠷᠭᠦᠴᠡᠭᠰᠡᠨ ᠢᠯᠠᠯᠲᠠ ᠡᠯ᠎ᠡ ᠲᠣᠰᠬᠤᠨ ᠡᠯ᠎ᠡ ᠰᠢᠶᠠᠩ ᠤᠨ ᠲᠠᠷᠢᠶᠠᠴᠢᠳ ᠲᠤ ᠮᠠᠰᠢ ᠶᠡᠭᠡ ᠵᠣᠷᠢᠭᠵᠢᠭᠤᠯᠤᠯ ᠪᠤᠯᠵᠤ᠂ ᠲᠡᠳᠡ ᠬᠤᠶᠢᠨ᠎ᠠ ᠬᠤᠶᠢᠨ᠎ᠠ ᠠᠴᠠ ᠪᠠᠨ ᠪᠤᠰᠤᠯᠴᠠᠨ ᠲᠡᠮᠡᠴᠡᠵᠦ᠂ ᠲᠠᠷᠢᠶᠠᠴᠢᠨ ᠤ ᠬᠥᠳᠡᠯᠭᠡᠭᠡᠨ ᠲᠦᠮᠡᠳ ᠤᠨ ᠲᠠᠯ᠎ᠠ ᠳᠤ ᠰᠦᠷ ᠳᠠᠯᠠᠶᠢᠴᠠᠲᠠᠢ ᠥᠷᠨᠢᠵᠦ ᠡᠬᠢᠯᠡᠵᠡᠢ︾ ᠬᠡᠵᠥ ᠴᠢᠶᠠᠨ ᠵᠠᠨ ᠶᠤᠸᠠᠨ ᠶᠠᠷᠢᠨ᠎ᠠ᠃      1929 ᠣᠨ ᠳᠤ ᠵᠢᠷᠭᠠᠯ ᠲᠣᠮᠢᠯᠠᠯᠲᠠ ᠪᠠᠷ ᠪᠥᠬᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠤᠨ ᠨᠠᠮ ᠤᠨ ᠠᠵᠢᠯ ᠤᠨ ᠰᠤᠷᠭᠠᠭᠤᠯᠢ ᠳᠤ ᠰᠤᠷᠤᠯᠴᠠᠪᠠ᠃ 1937 ᠣᠨ ᠳᠤ ᠶᠠᠫᠤᠨ ᠢ ᠡᠰᠡᠷᠭᠦᠴᠡᠬᠦ ᠳᠠᠶᠢᠨ ᠪᠦᠬᠦ ᠲᠠᠯ᠎ᠠ ᠪᠠᠷ ᠡᠬᠢᠯᠡᠬᠦ ᠳᠤ ᠮᠣᠩᠭᠤᠯ ᠳᠤ 8 ᠵᠢᠯ ᠰᠤᠷᠤᠯᠴᠠᠵᠥ ᠠᠵᠢᠯᠯᠠᠭᠰᠠᠨ ᠵᠢᠷᠭᠠᠯ ᠤᠯᠤᠰ ᠲᠠᠭᠠᠨ ᠪᠤᠴᠠᠵᠤ ᠢᠷᠡᠭᠡᠳ ᠶᠠᠫᠤᠨ ᠢ ᠡᠰᠡᠷᠭᠦᠴᠡᠬᠦ ᠲᠡᠮᠡᠴᠡᠯ ᠳᠤ ᠣᠷᠣᠯᠴᠠᠵᠠᠢ᠃      ᠦᠯᠦᠭᠡᠢ ᠨᠤᠲᠤᠭ ᠨᠢ ᠡᠵᠡᠷᠬᠡᠭ ᠲᠦᠷᠢᠮᠡᠬᠡᠶᠢᠳᠠᠨ ᠲᠤ ᠡᠵᠡᠯᠡᠭᠳᠡᠭᠰᠡᠨ ᠪᠡᠷᠬᠡ ᠬᠠᠲᠠᠭᠤᠵᠢᠯᠲᠠᠢ ᠣᠨ ᠵᠢᠯ ᠤᠳ ᠲᠤ᠂ ᠲᠡᠷᠡ ᠣᠯᠠᠨ ᠲᠦᠮᠡᠨ ᠢ ᠢᠳᠡᠪᠬᠢᠲᠡᠢ ᠵᠣᠬᠢᠶᠠᠨ ᠪᠠᠶᠢᠭᠤᠯᠵᠤ ᠶᠠᠫᠤᠨ ᠢ ᠡᠰᠡᠷᠭᠦᠴᠡᠬᠦ ᠨᠢᠭᠤᠴᠠ ᠲᠡᠮᠡᠴᠡᠯ ᠥᠷᠨᠢᠭᠦᠯᠦᠭᠰᠡᠡ ᠪᠠᠶᠢᠨ᠎ᠠ᠃ ᠦᠷᠡᠭᠳᠡᠭᠰᠡᠨ ᠪᠠᠭᠠᠲᠤᠷ ᠵᠢᠷᠭᠠᠯ ᠤᠨ ᠳᠤᠷᠠᠰᠬᠠᠯ ᠤᠨ ᠣᠷᠳᠣᠨ ᠳᠤ ᠳᠡᠯᠭᠡᠨ ᠦᠵᠡᠭᠦᠯᠵᠦ ᠪᠠᠶᠢᠭ᠎ᠠ ᠳᠠᠮᠨᠠᠭᠤᠷ ᠪᠣᠯᠤᠨ ᠬᠡᠩᠭᠡᠷᠭᠡ ᠨᠢ ᠲᠡᠭᠦᠨ ᠤ ᠲᠡᠮᠡᠴᠡᠯ ᠤᠨ ᠥᠩᠭᠡᠷᠡᠯᠲᠡ ᠶᠢ ᠭᠡᠷᠡᠴᠢᠯᠡᠨ᠎ᠡ᠃ ᠲᠡᠷᠡ ᠵᠢᠵᠢᠭ ᠮᠠᠶᠢᠮᠠᠢ ᠬᠢᠬᠦ ᠪᠠᠷ ᠬᠠᠯᠬᠠᠪᠴᠢ ᠪᠣᠯᠭᠠᠵᠤ᠂ ᠡᠳᠦᠷ ᠪᠦᠷᠢ ᠳᠠᠮᠨᠠᠭᠤᠷ ᠲᠠᠮᠨᠠᠠ᠂ ᠬᠡᠩᠭᠡᠷᠭᠡ ᠳᠡᠯᠡᠳᠴᠤ ᠵᠡᠭᠡᠯᠢ ᠭᠤᠳᠤᠮᠵᠢ ᠪᠠᠷ ᠲᠤᠭᠤᠷᠢᠠ᠂ ᠵᠢᠵᠢᠭ ᠲᠠᠸᠠᠷ ᠬᠤᠳᠠᠯᠳᠤᠬᠤ ᠪᠠᠷ ᠬᠠᠯᠬᠠᠪᠴᠢ ᠪᠣᠯᠭᠠᠨ  ᠳᠠᠶᠢᠰᠤᠨ ᠤ ᠪᠠᠶᠢᠳᠠᠯ ᠢ ᠲᠠᠩᠨᠠᠳᠠᠭ᠃ 1938 ᠣᠨ ᠳᠤ᠂ ᠶᠠᠫᠣᠨ ᠴᠡᠷᠢᠭ ᠱᠠᠨ ᠰᠢ ᠶᠢᠨ ᠳ᠋ᠠᠲ᠋ᠦ᠋ᠩ ᠤᠨ ᠸᠧ ᠬᠦ ᠸᠠᠨ ᠳᠤ ᠨᠢᠭᠡᠨ ᠵᠡᠷ ᠵᠡᠪᠰᠡᠭ ᠤᠨ ᠬᠥᠮᠥᠷᠭᠡ ᠪᠠᠶᠢᠭᠤᠯᠵᠥ ᠪᠠᠶᠢᠬᠤ ᠰᠤᠷᠠᠭ ᠢᠶᠠᠷ ᠲᠡᠷᠡ 3 ᠬᠥᠮᠥᠨ ᠢᠶᠠᠷ ᠪᠦᠷᠢᠯᠳᠦᠭᠰᠡᠡ ᠳᠡᠯᠪᠡᠴᠢᠬᠦ ᠳᠤᠭᠤᠶᠢᠯᠠᠩ ᠪᠠᠶᠢᠭᠤᠯᠵᠤ᠂ ᠳ᠋ᠠᠲ᠋ᠦ᠋ᠩ ᠬᠤᠲᠠ ᠶᠢᠨ ᠬᠤᠶᠢᠲᠤ ᠬᠡᠷᠡᠮ ᠢᠶᠠᠷ ᠲᠠᠯᠳᠠᠭᠤᠷ ᠣᠷᠣᠵᠤ ᠵᠡᠷ ᠵᠡᠪᠰᠡᠭ ᠤᠨ ᠬᠥᠮᠥᠷᠭᠡ ᠶᠢ ᠳᠡᠯᠪᠡᠴᠢᠵᠦ᠂ ᠶᠠᠫᠣᠨ ᠳᠡᠭᠡᠷᠡᠮ ᠳᠤ ᠴᠣᠬᠢᠯᠲᠠ ᠥᠭᠴᠡᠢ᠃      ᠴᠠᠭ ᠮᠥᠴᠡ ᠤᠷᠤᠰᠤᠠ ᠦᠡᠭᠬᠡᠷᠡᠭᠰᠡᠡ ᠴᠤ᠂ ᠲᠡᠦᠬᠡ ᠶᠡᠷᠦ ᠠᠴᠠ ᠬᠤᠯᠠᠳᠠᠭᠰᠠᠨ ᠦᠭᠡᠢ᠃ ᠡᠳᠦᠭᠡ ᠪᠣᠯᠲᠠᠯ᠎ᠠ᠂ ᠲᠡᠭᠦᠨ ᠤ ᠪᠠᠷᠠᠭ᠎ᠠ ᠬᠤᠳᠠᠯᠳᠤᠭᠴᠢ ᠪᠠᠷ ᠤᠪᠯᠠᠨ ᠬᠤᠪᠢᠰᠬᠠᠯ ᠤᠨ ᠨᠢᠭᠤᠴᠠ ᠠᠵᠢᠯ ᠥᠷᠨᠢᠭᠦᠯᠦᠭᠰᠡᠨ ᠭᠠᠶᠢᠬᠠᠮᠰᠢᠭᠲᠤ ᠦᠯᠢᠭᠡᠷ ᠤᠯᠠᠨ ᠲᠦᠮᠡᠨ ᠤ ᠳᠤᠮᠳᠠ ᠤᠯᠠᠮᠵᠢᠯᠠᠭᠳᠠᠵᠤ᠂ ᠶᠠᠫᠣᠨ ᠳᠡᠭᠡᠷᠡᠮ ᠤᠨ ᠵᠡᠷ ᠵᠡᠪᠰᠡᠭ ᠤᠨ ᠬᠥᠮᠥᠷᠭᠡ ᠶᠢ ᠤᠷᠠᠨ ᠠᠷᠭ᠎ᠠ ᠪᠠᠷ ᠳᠡᠯᠪᠡᠴᠢᠭᠰᠡᠨ ᠠᠤᠭ᠎ᠠ ᠠᠵᠢᠯᠯᠠᠭ᠎ᠠ ᠨᠢ ᠦᠶ᠎ᠡ ᠦᠶ᠎ᠡ ᠶᠢᠨ ᠬᠥᠮᠥᠰ ᠢ ᠵᠣᠷᠢᠭᠵᠢᠭᠤᠯᠤᠭᠰᠠᠭᠠᠷ᠃      1938 ᠣᠨ ᠳᠤ᠂ ᠨᠠᠮ ᠤᠨ ᠲᠥᠪ ᠬᠤᠷᠢᠶ᠎ᠠ᠂ ᠮᠠᠤ ᠽᠧ ᠳ᠋ᠦᠩ ᠲᠡᠷᠢᠭᠦᠯᠡᠭᠴᠢ ᠳᠠᠯᠠᠨ ᠬᠠᠷ᠎ᠠ ᠠᠭᠤᠯᠠ ᠶᠢᠨ ᠪᠠᠶᠢᠯᠳᠤᠬᠤ ᠪᠣᠳᠣᠯᠭ᠎ᠠ ᠶᠢᠨ ᠪᠠᠶᠢᠷᠢ ᠰᠠᠭᠤᠷᠢ ᠠᠴᠠ ᠡᠭᠦᠰᠴᠦ᠂ ᠳᠠᠯᠠᠨ ᠬᠠᠷ᠎ᠠ ᠠᠭᠤᠯᠠ ᠶᠢᠨ ᠶᠠᠫᠤᠨ ᠢ ᠡᠰᠡᠷᠭᠦᠴᠡᠬᠦ ᠫᠠᠷᠲ᠋ᠢᠽᠠᠨ ᠰᠠᠭᠤᠷᠢᠨ ᠭᠠᠵᠠᠷ ᠪᠠᠶᠢᠭᠤᠯᠬᠤ ᠪᠠᠷ ᠲᠣᠭᠲᠠᠭᠰᠠᠠ ᠳᠤ ᠵᠢᠷᠭᠠᠯ ᠲᠤᠬᠠᠢ ᠶᠢᠨ ᠭᠠᠵᠠᠷ ᠤᠨ ᠮᠣᠩᠭᠤᠯ ᠬᠢᠲᠠᠳ ᠣᠯᠠᠨ ᠲᠦᠮᠡᠨ ᠢ ᠳᠠᠶᠢᠴᠢᠯᠠᠨ᠂ ᠳᠠᠯᠠᠨ ᠬᠠᠷ᠎ᠠ ᠠᠭᠤᠯᠠᠠ ᠳᠠᠬᠢ ᠶᠠᠫᠤᠨ ᠢ ᠡᠰᠡᠷᠭᠦᠴᠡᠬᠦ ᠫᠠᠷᠲ᠋ᠢᠽᠠᠨ ᠤ ᠰᠠᠭᠤᠷᠢᠨ ᠭᠠᠵᠠᠷ ᠪᠠᠶᠢᠭᠤᠯᠬᠤ ᠶᠢ ᠪᠦᠬᠦ ᠬᠦᠴᠦᠨ ᠢᠶᠠᠷ ᠢᠶᠠᠨ ᠳᠡᠮᠵᠢᠵᠡᠢ᠃ ᠲᠡᠷᠡ ᠮᠣᠩᠭᠤᠯ ᠦᠨᠳᠦᠰᠦᠲᠡᠨ ᠤ ᠠᠵᠢᠯ ᠳᠤ ᠬᠦᠴᠦ ᠪᠠᠨ ᠡᠷᠭᠦᠵᠦ᠂ ᠤᠯᠠᠨ ᠲᠦᠮᠡᠨ ᠤ ᠳᠤᠮᠳᠠ ᠨᠠᠮ ᠤᠨ ᠦᠨᠳᠦᠰᠦᠲᠡᠨ ᠤ ᠲᠦᠷᠦ ᠶᠢᠨ ᠪᠣᠳᠣᠯᠭ᠎ᠠ ᠪᠣᠯᠤᠨ ᠵᠣᠷᠢᠯᠲᠠ ᠶᠢ ᠤᠬᠠᠭᠤᠯᠵᠤ᠂ ᠨᠠᠢᠮᠠᠳᠤᠭᠠᠷ ᠵᠠᠮ ᠤᠨ ᠴᠡᠷᠢᠭ ᠤᠨ ᠶᠠᠫᠤᠨ ᠢ ᠡᠰᠡᠷᠭᠦᠴᠡᠵᠦ ᠤᠯᠤᠰ ᠢᠶᠠᠨ ᠠᠪᠤᠷᠠᠬᠤ ᠶᠢᠨ ᠲᠦᠯᠦᠭᠡ ᠡᠷᠡᠯᠬᠡᠭ ᠪᠠᠭᠠᠲᠤᠷᠯᠢᠭ ᠢᠶᠠᠷ ᠳᠠᠶᠢᠰᠤᠨ ᠢ ᠤᠰᠠᠳᠬᠠᠭᠰᠠᠠ ᠦᠢᠯᠡ ᠠᠵᠢᠯᠯᠠᠭ᠎ᠠ ᠪᠣᠯᠤᠨ ᠠᠷᠠᠳ ᠤᠨ ᠴᠡᠷᠢᠭ ᠤᠨ ᠠᠷᠠᠳ ᠤᠯᠠᠠ ᠤ ᠠᠰᠢᠭ ᠲᠤᠰᠠ ᠳᠤ ᠥᠯᠥ ᠬᠠᠯᠳᠠᠬᠤ ᠰᠤᠷᠲᠠᠯ ᠢ ᠤᠬᠠᠭᠤᠯᠵᠤ᠂ ᠴᠡᠷᠢᠭ ᠠᠩᠭᠢ ᠪᠣᠯᠤᠨ ᠤᠯᠠᠨ ᠲᠦᠮᠡᠨ ᠤ ᠬᠠᠷᠢᠴᠠᠭ᠎ᠠ ᠶᠢ ᠰᠠᠶᠢᠵᠢᠷᠠᠭᠤᠯᠬᠤ ᠳᠤ ᠶᠡᠭᠡ ᠬᠡᠮᠵᠢᠶᠡᠨ ᠤ ᠠᠵᠢᠯ ᠬᠢᠭᠰᠡᠨ ᠪᠠᠶᠢᠨ᠎ᠠ᠃      ᠨᠡᠩ ᠥᠷᠭᠡᠨ ᠳᠡᠯᠭᠡᠷ ᠢᠶᠠᠷ ᠶᠠᠫᠤᠨ ᠢ ᠡᠰᠡᠷᠭᠦᠴᠡᠬᠦ ᠦᠨᠳᠦᠰᠦᠲᠡᠨ ᠤ ᠨᠢᠭᠡᠳᠦᠮᠡᠯ ᠹᠷᠣᠨᠲ ᠢ ᠪᠠᠶᠢᠭᠤᠯᠬᠤ ᠶᠢᠨ ᠲᠥᠯᠥᠭᠡ᠂ ᠵᠢᠷᠭᠠᠯ ᠨᠠᠮ ᠤᠨ ᠵᠢᠭᠠᠪᠤᠷᠢ ᠪᠠᠷ ᠬᠠᠭᠤᠷᠮᠠᠭ ᠮᠣᠩᠭᠤᠯ ᠴᠡᠷᠢᠭ ᠵᠠᠰᠠᠭ ᠤᠨ ᠬᠥᠮᠥᠰ ᠢ ᠢᠢᠳᠡᠪᠬᠢᠲᠡᠢ ᠳᠠᠳᠠᠨ ᠠᠪᠴᠤ ᠶᠠᠫᠤᠨ ᠢ ᠡᠰᠡᠷᠭᠦᠴᠡᠪᠡ᠃ ᠲᠡᠷᠡ ᠶᠠᠩ ᡁᠢ ᠯᠢᠨ᠂ ᠸᠠᠩ ᠸᠧᠢ ᠵᠡᠷᠭᠡ ᠬᠥᠮᠦᠰ ᠲᠠᠢ ᠬᠠᠮᠲᠤ ᠡᠪ ᠬᠠᠮᠲᠤ ᠨᠠᠮ ᠢ ᠰᠡᠷᠭᠡᠶᠢᠯᠡᠬᠦ ᠬᠠᠭᠤᠷᠮᠠᠭ ᠬᠤᠶᠠᠳᠤᠭᠠᠷ ᠳ᠋ᠢᠸᠢᠽᠢ ᠶᠢᠨ ᠳᠠᠷᠤᠭ᠎ᠠ ᠬᠠᠨ ᠡᠦ ᠶᠢ ᠳᠠᠳᠠᠨ ᠠᠪᠴᠥ ᠳᠠᠶᠢᠰᠤᠨ ᠢ ᠡᠰᠡᠷᠭᠦᠴᠡᠬᠦ ᠶᠢᠨ ᠲᠥᠯᠥᠭᠡ ᠬᠦᠯᠢᠴᠡᠩᠭᠦᠢ ᠪᠥᠭᠡᠳ ᠨᠠᠷᠢᠨ ᠨᠢᠮᠪᠠᠢ ᠦᠵᠡᠯ ᠰᠠᠨᠠᠭᠠᠨ ᠤ ᠠᠵᠢᠯ ᠬᠢᠵᠡᠢ᠃ ᠬᠠᠨ ᠡᠦ ᠮᠠᠨ ᠤ ᠴᠡᠷᠢᠭ ᠢ ᠬᠠᠪᠰᠤᠷᠤᠨ ᠬᠡᠰᠡᠭ ᠫᠤᠤ ᠵᠡᠪᠰᠡᠭ ᠰᠤᠮᠤ ᠳᠠᠷᠢ᠂ ᠴᠡᠷᠢᠭ ᠠᠩᠬᠢ ᠶᠢᠨ ᠬᠤᠪᠴᠠᠰᠤ ᠬᠤᠨᠠᠷ ᠵᠡᠷᠭᠡ ᠬᠠᠩᠭᠠᠯᠭ᠎ᠠ ᠶᠢᠨ ᠬᠦᠴᠢᠷᠳᠡᠯ ᠢ ᠰᠢᠢᠳᠪᠦᠷᠢᠯᠡᠵᠦ᠂ ᠪᠠᠰᠠ ᠮᠠᠨ ᠤ ᠴᠡᠷᠢᠭ ᠵᠠᠰᠠᠭ ᠤᠨ ᠬᠥᠮᠦᠰ ᠢ ᠬᠠᠮᠠᠭᠠᠯᠠᠨ ᠳᠠᠶᠢᠰᠤᠨ ᠤ ᠡᠵᠡᠯᠡᠭᠰᠡᠨ ᠣᠷᠣᠨ ᠳᠤ ᠣᠴᠢᠨ ᠡᠭᠦᠷᠭᠡ ᠭᠦᠢᠴᠡᠳᠬᠡᠯᠭᠡᠵᠦ᠂ ᠲᠠᠯᠠᠨ ᠬᠠᠷ᠎ᠠ ᠠᠭᠤᠯᠠ ᠶᠢᠨ ᠶᠠᠫᠤᠨ ᠢ ᠡᠰᠡᠷᠭᠦᠴᠡᠬᠦ ᠫᠠᠷᠲ᠋ᠢᠽᠠᠨ ᠰᠠᠭᠤᠷᠢᠨ ᠭᠠᠵᠠᠷ ᠤᠨ ︽ᠪᠦᠰᠡᠯᠡᠨ ᠤᠰᠠᠳᠬᠠᠯᠲᠠ︾ ᠶᠢ ᠡᠰᠡᠷᠭᠦᠴᠡᠬᠦ᠂ ︽ᠱᠦᠭᠦᠷᠳᠡᠯᠲᠡ︾ ᠶᠢ ᠡᠰᠡᠷᠭᠦᠴᠡᠬᠦ ᠲᠡᠮᠡᠴᠡᠯ ᠳᠤ ᠬᠦᠴᠦᠲᠡᠢ ᠬᠠᠮᠵᠢᠯᠴᠠᠪᠠ᠃      1939 ᠣᠨ ᠤ 9 ᠰᠠᠷ᠎ᠠ ᠳᠤ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠦᠮᠡᠳ ᠬᠤᠰᠢᠭᠤᠨ ᠤ ᠠᠵᠢᠯ ᠤᠨ ᠬᠤᠷᠢᠶ᠎ᠠ ᠪᠠᠶᠢᠭᠤᠯᠤᠭᠳᠠᠵᠤ᠂ ᠵᠢᠷᠭᠠᠯ ᠭᠤᠣᠯ ᠬᠠᠷᠢᠭᠤᠴᠠᠯᠭᠠᠲᠠᠨ ᠤ ᠨᠢᠭᠡ ᠪᠣᠯᠪᠠ᠃ ᠰᠡᠭᠦᠯᠡᠷ ᠨᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠰᠦᠢᠶᠤᠸᠠᠨ ᠤ ᠪᠠᠷᠠᠭᠤᠨ ᠣᠷᠣᠨ ᠤ ᠬᠤᠷᠢᠶᠠᠨ ᠤ ᠮᠣᠩᠭᠤᠯ ᠠᠷᠠᠳ ᠤᠨ ᠬᠡᠯᠲᠡᠰ ᠤᠨ ᠳᠠᠷᠤᠭ᠎ᠠ᠂ ᠱᠠᠨ ᠰᠢ ᠰᠦᠢᠶᠤᠸᠠᠨ ᠤ ᠫᠠᠷᠲ᠋ᠢᠽᠠᠨ ᠣᠷᠣᠨ ᠤ ᠵᠠᠬᠢᠷᠭ᠎ᠠ ᠶᠢᠨ ᠰᠦᠢᠶᠤᠸᠠᠨ ᠴᠠᠬᠠᠷ ᠲᠤ ᠰᠠᠭᠤᠭ᠎ᠠ ᠬᠡᠷᠡᠭ ᠡᠷᠬᠢᠯᠡᠬᠦ ᠭᠠᠵᠠᠷ ︵  ᠬᠤᠵᠢᠮ ᠨᠢ ᠰᠦᠢᠶᠤᠸᠠᠨ ᠤ ᠴᠠᠬᠠᠷ ᠤᠨ ᠵᠠᠰᠠᠭ ᠵᠠᠬᠢᠷᠭ᠎ᠠ ᠭᠡᠵᠦ ᠥᠭᠡᠷᠡᠴᠢᠯᠡᠪᠡ︶ ᠤᠨ ᠮᠣᠩᠭᠤᠯ ᠵᠠᠰᠠᠭ ᠤᠨ ᠭᠠᠵᠠᠷ ᠤᠨ ᠳᠠᠷᠤᠭ᠎ᠠ ᠶᠢᠨ ᠲᠤᠰᠢᠶᠠᠯ ᠢ ᠬᠠᠷᠢᠭᠤᠴᠠᠬᠰᠠᠠ ᠪᠠᠶᠢᠨ᠎ᠠ᠃ ᠠᠵᠢᠯ ᠳᠠᠭᠠᠨ ᠰᠠᠶᠢᠨ ᠪᠤᠯᠬᠤᠷ ᠰᠠᠭᠤᠷᠢᠨ ᠭᠠᠵᠠᠷ ᠤᠨ ᠵᠢᠯᠤᠭᠤᠳᠤᠭᠴᠢ ᠪᠠᠶᠢᠯᠳᠤᠭᠴᠢᠳ ᠪᠦᠷ ᠲᠡᠬᠦᠠ ᠢ ︽ᠴᠡᠷᠢᠭ ᠤᠨ ᠬᠡᠷᠡᠭᠰᠡᠯ ᠤᠨ ᠬᠡᠯᠲᠡᠰ ᠤᠨ ᠳᠠᠷᠤᠭ᠎ᠠ︾ ᠬᠡᠮᠡᠨ ᠨᠡᠷᠡᠶᠢᠳᠴᠦ᠂ ᠰᠦᠢᠶᠤᠸᠠᠨ ᠤ ᠮᠣᠩᠭᠤᠯ ᠣᠷᠣᠨ ᠤ ᠨᠠᠮ ᠤᠨ ᠬᠤᠷᠢᠶ᠎ᠠ ᠠᠴᠠ ᠳᠤᠮᠳᠠᠳᠤ ᠤᠯᠤᠰ ᠤᠨ ᠡᠪ ᠬᠠᠮᠲᠤ ᠨᠠᠮ ᠤᠨ ᠳᠣᠯᠣᠳᠤᠭᠠᠷ ᠤᠳᠠᠭ᠎ᠠ ᠶᠢᠨ ᠪᠦᠬᠦ ᠤᠯᠤᠰ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠠᠷ ᠲᠣᠮᠢᠯᠠᠪᠠ᠃      ᠵᠢᠷᠭᠠᠯ ᠵᠡᠷᠭᠡ ᠬᠥᠮᠦᠰ ᠤᠷᠢᠳ ᠬᠤᠵᠢᠳ ᠡᠯ᠎ᠡ ᠦᠨᠳᠦᠰᠦᠲᠡᠨ ᠤ ᠵᠠᠯᠠᠭᠤᠴᠤᠳ ᠢ ᠶᠠᠨ‌ᠠᠨ ᠳᠤ ᠬᠦᠷᠭᠡᠨ ᠰᠤᠷᠤᠯᠴᠠᠭᠤᠯᠵᠤ᠂ ᠨᠠᠮ ᠤᠨ ᠦᠨᠳᠦᠰᠦᠲᠡᠨ ᠤ ᠺᠠᠳ᠋ᠷ ᠢ ᠬᠥᠮᠦᠵᠢᠭᠦᠯᠬᠦ ᠳᠤ ᠬᠤᠪᠢ ᠨᠡᠮᠡᠷᠢ ᠦᠵᠡᠭᠦᠯᠵᠡᠶ᠃ 1941 ᠣᠨ ᠤ 3 ᠰᠠᠷ᠎ᠠ ᠳᠤ᠂ ᠵᠢᠷᠭᠠᠯ ᠨᠢᠭᠡ ᠪᠦᠯᠦᠭ ᠵᠠᠯᠠᠭᠤᠴᠤᠳ ᠢ ᠳᠠᠭᠠᠭᠤᠯᠤᠨ ᠶᠠᠨ ᠠᠨ ᠳᠤ ᠰᠤᠷᠤᠯᠴᠠᠬᠤ ᠪᠠᠷ ᠶᠠᠪᠤᠬᠤ ᠵᠠᠮ ᠵᠠᠭᠤᠷ᠎ᠠ ᠶᠠᠫᠣᠨ ᠤ ᠬᠠᠭᠤᠷᠮᠠᠭ ᠴᠡᠷᠢᠭ ᠤᠨ ᠳᠠᠭᠠᠷᠢᠯᠲᠠ ᠳᠤ ᠤᠴᠠᠷᠠᠵᠤ᠂ ᠵᠣᠯ ᠪᠤᠰᠤ ᠪᠠᠷ ᠰᠤᠮᠤᠨ ᠳᠤ ᠤᠨᠤᠭᠳᠠᠵᠤ ᠪᠡᠶ᠎ᠡ ᠦᠷᠡᠭᠳᠡᠪᠡ᠂ ᠲᠤᠬᠠᠢ ᠶᠢᠨ ᠦᠶ᠎ᠡ ᠳᠤ ᠰᠠᠶᠢ 34 ᠨᠠᠰᠤᠲᠠᠢ᠃       ᠵᠢᠷᠭᠠᠯ ᠦᠢ ᠤᠯᠠᠠ ᠬᠤᠪᠢᠰᠬᠠᠯ ᠤᠨ ᠦᠷᠡᠭᠳᠡᠭᠰᠡᠨ ᠪᠠᠭᠠᠲᠤᠷᠴᠤᠳ ᠲᠠᠢ ᠠᠳᠠᠯᠢ ᠡᠷᠡᠰ ᠬᠠᠳᠠᠨ ᠵᠣᠷᠢᠭ ᠢᠶᠠᠷ ᠳᠤᠮᠳᠠᠳᠤ ᠶᠢᠨ ᠦᠨᠳᠦᠰᠦᠲᠡᠨ ᠤ ᠵᠣᠷᠢᠭ ᠰᠠᠨᠠᠭᠠᠨ ᠤ ᠥᠷᠯᠥᠭ ᠬᠥᠰᠢᠶ᠎ᠡ ᠶᠢ ᠪᠣᠰᠬᠠᠪᠠ᠃      ᠤᠯᠠᠮᠵᠢᠯᠠᠨ ᠵᠠᠯᠭᠠᠮᠵᠢᠯᠠᠵᠤ ᠡᠷᠡᠯᠬᠡᠭᠯᠡᠨ ᠤᠷᠤᠭᠰᠢᠯᠠᠪᠠᠯ ᠰᠠᠶ᠋ᠢ ᠬᠠᠮᠤᠭ ᠰᠠᠶᠢᠨ ᠲᠠᠶᠢᠳᠬᠤᠷᠠᠭᠤᠯᠤᠯ ᠪᠣᠯᠵᠤ ᠴᠢᠳᠠᠨ᠎ᠠ᠃ 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ