ᠴᠢᠩ ᠱᠦᠢ ᠾᠧ ᠰᠢᠶᠠᠨ ᠤ ᠵᠠᠰᠠᠭ ᠤᠨ ᠣᠷᠳᠣᠨ 2021 ᠣᠨ ᠤ ᠠᠩᠬᠠᠳᠤᠭᠠᠷ ᠤᠳᠠᠭᠠᠨ ᠤ ᠪᠦᠬᠦᠳᠡ ᠬᠤᠷᠠᠯ ᠵᠢᠴᠢ ᠨᠠᠮ ᠤᠨ ᠰᠤᠷᠲᠠᠯ ᠴᠢᠬᠡᠴᠢ ᠵᠠᠰᠠᠭ ᠤᠨ ᠪᠠᠶᠢᠭᠤᠯᠤᠯᠲᠠ ᠶᠢᠨ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2021/3/22
     3 ᠳ᠋ᠤᠭᠠᠷ ᠰᠠᠷ᠎ᠠ ᠶᠢᠨ 15 ᠤ ᠡᠳᠦᠷ᠂ ᠰᠢᠶᠠᠨ ᠤ ᠵᠠᠰᠠᠭ ᠤᠨ ᠣᠷᠳᠣᠨ ᠤ 2021 ᠣᠨ ᠤ ᠠᠩᠬᠠᠳᠤᠭᠠᠷ ᠤᠳᠠᠭᠠᠨ ᠤ ᠪᠦᠬᠦᠳᠡ ᠬᠤᠷᠠᠯ ᠵᠢᠴᠢ ᠨᠠᠮ ᠤᠨ ᠰᠤᠷᠲᠠᠯ ᠴᠢᠬᠡᠴᠢ ᠵᠠᠰᠠᠭ ᠤᠨ ᠪᠠᠶᠢᠭᠤᠯᠤᠯᠲᠠ ᠶᠢᠨ ᠬᠤᠷᠠᠯ ᠰᠢᠶᠠᠨ ᠤ ᠴᠠᠬᠢᠯᠭᠠᠨ ᠬᠦᠴᠦᠨ ᠤ ᠺᠣᠮᠫᠠᠨᠢ ᠶᠢᠨ ᠬᠤᠷᠠᠯ ᠤᠨ ᠬᠡᠷ ᠲᠤ ᠬᠤᠷᠠᠯᠳᠤᠪᠠ᠃ ᠬᠤᠷᠠᠯ ᠠᠴᠠ ᠶᠡᠷᠦᠩᠬᠡᠶ ᠱᠦᠵᠢ ᠰᠢ ᠶᠢᠨ ᠫᠢᠩ ᠥᠪᠥᠷ ᠮᠣᠩᠭᠤᠯ ᠤᠨ ᠲᠥᠯᠥᠭᠡᠯᠡᠭᠴᠢᠳ ᠤᠨ ᠪᠦᠯᠬᠦᠮ ᠤᠨ ᠬᠢᠨᠠᠨ ᠵᠥᠪᠯᠡᠬᠦ ᠳᠤ ᠣᠷᠣᠯᠴᠠᠬᠤ ᠦᠶ᠎ᠡ ᠶᠢᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠪᠥᠬᠦ ᠲᠠᠯ᠎ᠠ ᠪᠠᠷ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠵᠠᠰᠠᠭ ᠤᠨ ᠣᠷᠳᠣᠨ ᠤ ᠠᠵᠢᠯ ᠤᠨ ᠡᠭᠦᠷᠭᠡ ᠪᠠ ᠨᠠᠮ ᠤᠨ ᠰᠤᠷᠲᠠᠯ  ᠴᠢᠬᠡᠴᠢ ᠵᠠᠰᠠᠭ ᠤᠨ ᠪᠠᠶᠢᠭᠤᠯᠤᠯᠲᠠ ᠶᠢᠨ ᠬᠤᠯᠪᠣᠭᠳᠠᠯ ᠪᠥᠬᠦᠶ ᠵᠦᠢᠯᠡᠰ ᠢ ᠳᠣᠭᠢᠷᠠᠭᠤᠯᠤᠨ ᠪᠠᠶᠢᠷᠢᠯᠠᠭᠤᠯᠪᠠ᠃      ᠰᠢᠶᠠᠨ ᠤ ᠤᠳᠤᠷᠢᠳᠤᠯᠭ᠎ᠠ ᠵᠠᠩ ᠺᠧ ᠯᠢᠩ᠂ ᠰᠦᠬᠡ᠂ ᠵᠠᠩ ᠮᠢᠨ ᠴᠦᠨ᠂ ᠴᠢ ᠵᠢᠶᠦ᠋ᠨ ᠬᠤ᠋᠂ ᠯᠢ ᠵᠢᠶᠦ᠋ᠨ᠂ ᠶᠦᠨ ᠨᠠ᠂ ᠯᠢᠦ ᠽᠠᠢ ᠵᠢᠶᠦ᠋ᠨ ᠬᠤᠷᠠᠯ ᠳᠤ ᠣᠷᠣᠯᠴᠠᠵᠠᠢ᠃      ᠰᠢᠶᠠᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠶᠢᠨ ᠱᠦᠵᠢ᠂ ᠬᠢᠨᠠᠨ ᠪᠠᠶᠢᠴᠠᠭᠠᠬᠤ ᠵᠥᠪᠯᠡᠯ ᠤᠨ ᠡᠷᠬᠢᠯᠡᠭᠴᠢ ᠯᠢᠦ ᠶᠣᠣ ᠭᠠᠩ ᠤᠷᠢᠯᠭ᠎ᠠ ᠪᠠᠷ ᠬᠤᠷᠠᠯ ᠳᠤ ᠣᠷᠣᠯᠴᠠᠪᠠ᠃      ᠰᠢᠶᠠᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ ᠵᠠᠰᠠᠭ ᠤᠨ ᠣᠷᠳᠣᠨ ᠤ ᠪᠠᠶᠢᠩᠭᠤ ᠶᠢᠨ ᠳᠡᠳ᠋ ᠳᠠᠷᠤᠭ᠎ᠠ ᠵᠠᠩ ᠮᠢᠨ ᠴᠦᠨ ᠬᠤᠷᠠᠯ ᠢ ᠡᠷᠭᠢᠯᠡᠪᠡ᠃      ᠰᠢᠶᠠᠨ ᠤ ᠨᠠᠮ ᠤᠨ ᠬᠤᠷᠢᠶ᠎ᠠ ᠶᠢᠨ ᠳᠡᠳ᠋ ᠱᠦᠵᠢ᠂ ᠵᠠᠰᠠᠭ ᠤᠨ ᠣᠷᠳᠣᠨ ᠤ ᠰᠢᠶᠠᠨ ᠤ ᠳᠠᠷᠤᠭ᠎ᠠ ᠵᠠᠩ ᠺᠧ ᠯᠢᠩ ᠬᠤᠷᠠᠯ ᠳᠡᠭᠡᠷ᠎ᠡ ᠬᠤᠳᠠ ᠶᠢᠨ ᠵᠠᠰᠠᠭ ᠤᠨ ᠣᠷᠳᠣᠨ ᠤ 2021 ᠣᠨ ᠤ ᠠᠩᠬᠠᠳᠤᠭᠠᠷ ᠤᠳᠠᠭᠠᠨ ᠤ ᠪᠦᠬᠦᠳᠠ ᠬᠤᠷᠠᠯ ᠵᠢᠴᠢ ᠨᠠᠮ ᠤᠨ ᠰᠤᠷᠲᠠᠯ ᠴᠢᠬᠡᠴᠢ ᠵᠠᠰᠠᠭ ᠤᠨ ᠪᠠᠶᠢᠭᠤᠯᠤᠯᠲᠠ ᠶᠢᠨ ᠬᠤᠷᠠᠯ ᠤᠨ ᠵᠣᠷᠢᠭ ᠰᠠᠨᠠᠭ᠎ᠠ ᠶᠢ ᠤᠯᠠᠮᠵᠢᠯᠠᠪᠠ᠃ ᠡᠭᠦᠨ ᠤ ᠬᠠᠮᠲᠤ ᠪᠠᠰᠠ ᠴᠢᠬᠤᠯᠠᠴᠢᠯᠠᠭᠰᠠᠳ ᠨᠢ᠂ ᠨᠢᠭᠡ ᠳᠤ ᠤᠯᠤᠰ ᠲᠦᠷᠦ ᠶᠢ ᠡᠷᠬᠢᠮᠯᠡᠬᠦ ᠬᠡᠷᠡᠭᠲᠡᠶ᠃ ᠣᠷᠣᠨ ᠨᠤᠲᠤᠭ ᠤᠨ ᠱᠠᠲᠤᠨ ᠤ ᠵᠠᠰᠠᠭ ᠤᠨ ᠣᠷᠳᠣᠨ ᠪᠣᠯᠤᠭᠰᠠᠨ ᠬᠠᠮᠤᠭ ᠤᠨ ᠴᠢᠬᠤᠯᠠ ᠡᠭᠦᠷᠭᠡ ᠬᠠᠷᠢᠭᠤᠴᠠᠯᠭ᠎ᠠ ᠪᠣᠯ ᠳᠠᠷᠤᠶ ᠳᠡᠭᠡᠳᠦ ᠱᠠᠲᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠪᠣᠯᠤᠨ ᠰᠢᠶᠠᠨ ᠤ ᠨᠠᠮ ᠤᠨ ᠬᠤᠷᠢᠶ᠎ᠠ ᠶᠢᠨ ᠡᠯ᠎ᠡ ᠵᠦᠢᠯ ᠤᠨ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠤᠯᠤᠰ ᠲᠦᠷᠦ ᠶᠢᠨ ᠲᠠᠯ᠎ᠠ ᠠᠴᠠ ᠠᠰᠠᠭᠤᠳᠠᠯ ᠢ ᠠᠵᠢᠭᠯᠠᠬᠤ ᠪᠠ ᠰᠢᠢᠳᠪᠦᠷᠢᠯᠡᠬᠦ ᠳᠡᠭᠡᠨ ᠴᠢᠳᠠᠮᠠᠭᠠᠶ ᠪᠠᠶᠢᠵᠤ᠂ ᠤᠴᠢᠷ ᠶᠠᠪᠤᠳᠠᠯ ᠢ ᠪᠣᠳᠣᠯᠬᠢᠯᠠᠬᠤ ᠳᠠᠭᠠᠨ ᠤᠯᠤᠰ ᠲᠦᠷᠦ ᠶᠢᠨ ᠱᠠᠭᠠᠷᠳᠠᠯᠭ᠎ᠠ ᠶᠢ ᠢᠯᠡᠭᠦᠦ ᠪᠣᠳᠣᠯᠬᠢᠯᠠᠵᠤ᠂ ᠠᠵᠢᠯ ᠬᠢᠬᠦ ᠳᠡᠭᠡᠨ ᠤᠯᠤᠰ ᠲᠦᠷᠦ ᠶᠢᠨ ᠨᠥᠯᠥᠭᠡ ᠶᠢ ᠢᠯᠡᠭᠦᠦ ᠪᠣᠳᠣᠯᠬᠢᠯᠠᠵᠤ᠂ ᠤᠴᠢᠷ ᠶᠠᠪᠤᠳᠠᠯ ᠢ ᠪᠦᠲᠦᠭᠡᠬᠦ ᠳᠡᠭᠡᠨ ᠤᠯᠤᠰ ᠲᠦᠷᠦ ᠶᠢᠨ ᠦᠷ᠎ᠡ ᠪᠦᠲᠦᠮᠵᠢ ᠶᠢ ᠢᠯᠡᠭᠦᠦ ᠪᠣᠳᠣᠯᠬᠢᠯᠠᠵᠤ᠂ ᠤᠯᠤᠰ ᠲᠦᠷᠦ ᠶᠢᠨ ᠮᠠᠭᠠᠳᠯᠠᠬᠤ ᠴᠢᠳᠠᠪᠤᠷᠢ᠂ ᠤᠯᠤᠰ ᠲᠦᠷᠦ ᠶᠢᠨ ᠤᠬᠠᠭᠠᠷᠠᠬᠤ ᠴᠢᠳᠠᠪᠤᠷᠢ᠂ ᠤᠯᠤᠰ ᠲᠦᠷᠦ ᠶᠢᠨ ᠬᠡᠷᠡᠭᠵᠢᠭᠦᠯᠬᠦ ᠴᠢᠳᠠᠪᠤᠷᠢ ᠪᠠᠨ ᠲᠠᠰᠤᠷᠠᠯᠲᠠ ᠦᠭᠡᠢ ᠳᠡᠭᠡᠭᠰᠢᠯᠡᠭᠦᠯᠵᠦ᠂ ᠵᠠᠰᠠᠭ ᠤᠨ ᠣᠷᠳᠣᠨ ᠤ ᠡᠯ᠎ᠡ ᠵᠦᠢᠯ ᠤᠨ ᠠᠵᠢᠯ ᠤᠨ ᠢᠮᠠᠭᠲᠠ ᠵᠥᠪ ᠣᠨᠣᠪᠴᠢᠲᠠᠶ ᠤᠯᠤᠰ ᠲᠦᠷᠦ ᠶᠢᠨ ᠴᠢᠭᠯᠡᠯ ᠢᠶᠠᠷ ᠤᠷᠤᠭᠰᠢᠯᠠᠬᠤ ᠶᠢ ᠦᠨᠡᠨ ᠬᠦ ᠪᠠᠲᠤᠯᠠᠬᠤ ᠬᠡᠷᠡᠭᠲᠡᠶ᠃ ᠬᠤᠶᠠᠷ ᠲᠤ ᠪᠣᠳᠠᠲᠠᠶ ᠪᠠᠷ ᠠᠵᠢᠯ ᠬᠢᠬᠦ ᠬᠡᠷᠡᠭᠲᠡᠶ᠃ ᠡᠨᠡ ᠵᠢᠯ ᠬᠥᠳᠡᠭᠡ ᠠᠵᠤ ᠠᠬᠤᠢ ᠬᠥᠳᠡᠭᠡ ᠲᠣᠰᠬᠤᠨ ᠤ ᠲᠠᠯ᠎ᠠ ᠪᠠᠷ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠶᠢ ᠪᠠᠬᠢᠵᠢᠭᠦᠯᠬᠦ ᠪᠠ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠪᠦᠲᠦᠮᠵᠢᠲᠡᠢ ᠵᠣᠯᠭᠠᠭᠤᠯᠬᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠵᠢᠱᠢᠶ᠎ᠡ ᠦᠵᠡᠭᠦᠯᠬᠦ ᠲᠣᠰᠬᠤᠨ ᠤ ᠪᠦᠳᠦᠭᠡᠨ ᠪᠠᠶᠢᠭᠤᠯᠤᠯᠲᠠ᠂ ᠬᠥᠮᠦᠰ ᠤᠨ ᠣᠷᠣᠰᠢᠨ ᠰᠠᠭᠤᠬᠤ ᠣᠷᠴᠢᠨ ᠲᠣᠭᠤᠷᠢᠨ ᠢ ᠶᠡᠷᠦᠩᠬᠡᠶᠢᠯᠡᠨ ᠴᠡᠭᠴᠡᠯᠡᠨ ᠵᠠᠰᠠᠬᠤ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤᠨ ᠪᠦᠳᠦᠭᠡᠨ ᠪᠠᠶᠢᠭᠤᠯᠤᠯᠲᠠ᠂ ᠮᠠᠯ ᠤᠨ ᠡᠭᠦᠯᠳᠡᠷ ᠢ ᠰᠠᠶᠢᠵᠢᠷᠠᠭᠤᠯᠬᠤ᠂ ᠢᠯᠢ ᠮᠠᠯᠵᠢᠯ ᠤᠨ ᠲᠠᠯᠠᠪᠠᠢ ᠶᠢᠨ ᠤᠯᠤᠰ ᠤᠨ ᠪᠤᠶᠢᠵᠢᠭᠤᠯᠤᠨ ᠦᠷᠡᠵᠢᠭᠦᠯᠬᠦ ᠲᠥᠪ ᠤᠨ ᠪᠦᠳᠦᠭᠡᠨ ᠪᠠᠶᠢᠭᠤᠯᠤᠯᠲᠠ᠂ ᠮᠠᠯ ᠠᠵᠤ ᠠᠬᠤᠢ ᠲᠠᠷᠢᠶᠠᠯᠠᠩ ᠤᠨ ᠠᠵᠤ ᠦᠢᠯᠡᠰᠵᠢᠯᠲᠡ ᠶᠢᠨ ᠬᠥᠭᠵᠢᠯᠲᠡ ᠵᠡᠷᠭᠡ ᠠᠵᠢᠯ ᠢ ᠲᠤᠪᠤᠶᠢᠮ᠎ᠠ ᠰᠠᠶᠢᠲᠤᠷ ᠠᠳᠬᠤᠬᠤ ᠬᠡᠷᠡᠭᠲᠡᠢ᠃ ᠠᠵᠤ ᠦᠢᠯᠡᠳᠪᠦᠷᠢ ᠶᠢᠨ ᠲᠠᠯ᠎ᠠ ᠪᠠᠷ ᠡᠨᠧᠷᠭᠢ ᠶᠢᠨ ᠬᠤᠷᠣᠭᠳᠠᠯ ᠤᠨ ᠬᠤᠣᠰ ᠡᠵᠡᠮᠳᠡᠯ ᠢ ᠰᠠᠶᠢᠲᠤᠷ ᠨᠢᠭᠡᠳᠦᠯᠲᠡᠢ ᠲᠥᠯᠥᠪᠵᠢᠭᠦᠯᠬᠦ ᠶᠢᠨ ᠬᠠᠮᠲᠤ᠂ ᠲᠦᠷᠦᠯ ᠵᠦᠢᠯ ᠤᠨ ᠡᠷᠡᠭᠦᠯ ᠢᠶᠠᠷ ᠬᠥᠭᠵᠢᠬᠦ ᠶᠢ ᠠᠬᠢᠭᠤᠯᠵᠤ᠂ ᠲᠦᠷᠦ ᠶᠢᠨ ᠪᠤᠳᠤᠯᠭ᠎ᠠ ᠪᠠᠷ ᠠᠵᠤ ᠠᠬᠤᠶᠢᠯᠠᠯ ᠤᠨ ᠰᠢᠨ᠎ᠡ ᠶᠢ ᠡᠭᠦᠳᠴᠦ ᠲᠡᠰ ᠳᠡᠪᠰᠢᠬᠦ ᠶᠢ ᠭᠡᠳᠡᠷᠭᠦ ᠰᠢᠬᠠᠮᠳᠠᠭᠤᠯᠬᠤ ᠬᠡᠷᠡᠭᠲᠡᠢ᠃ ᠰᠣᠶᠣᠯ ᠵᠢᠭᠤᠯᠴᠢᠯᠠᠯ ᠤᠨ ᠦᠢᠯᠡᠴᠢᠯᠡᠭᠡᠨ ᠤ ᠦᠢᠯᠡᠰ ᠤᠨ ᠲᠠᠯ᠎ᠠ ᠪᠠᠷ ᠪᠦᠬᠦ ᠬᠤᠳᠠ ᠶᠢᠨ ᠨᠢᠭᠡᠳᠦᠯᠲᠡᠢ ᠪᠠᠶᠢᠷᠢᠰᠢᠭᠤᠯᠤᠯᠲᠠ ᠶᠢᠨ ᠶᠣᠰᠣᠭᠠᠷ᠂ ᠬᠠᠳᠤᠨ ᠭᠤᠣᠯ ᠤᠨ ᠰᠣᠶᠣᠯ ᠤᠨ ᠴᠡᠴᠡᠷᠯᠢᠭ᠂ ᠤᠷᠳᠤ ᠴᠠᠭᠠᠨ ᠬᠡᠷᠡᠮ ᠤᠨ ᠰᠣᠶᠣᠯ ᠤᠨ ᠴᠡᠴᠡᠷᠯᠢᠭ ᠤᠨ ᠪᠦᠳᠦᠭᠡᠨ ᠪᠠᠶᠢᠭᠤᠯᠤᠯᠲᠠ ᠵᠢᠴᠢ ᠯᠣᠣ ᠨᠢᠤ ᠸᠠᠨ ᠪᠣᠯᠤᠨ ᠯᠣᠣ ᠨᠢᠤ ᠫᠦᠸᠧ ᠶᠢᠨ ᠪᠦᠳᠦᠭᠡᠨ ᠪᠠᠶᠢᠭᠤᠯᠤᠯᠲᠠ ᠶᠢ ᠴᠢᠩᠭ᠎ᠠ ᠠᠩᠬᠠᠷᠬᠤ ᠬᠡᠷᠡᠭᠲᠡᠢ᠃ ᠠᠮᠢ ᠠᠬᠤᠶ ᠶᠢᠨ ᠲᠠᠯ᠎ᠠ ᠪᠠᠷ ᠬᠠᠲᠤᠨ ᠭᠤᠣᠯ ᠳᠠᠭᠠᠤ ᠶᠢᠨ ᠠᠵᠤ ᠠᠬᠤᠶ ᠶᠢᠨ ᠪᠦᠰᠡ ᠪᠠ ᠯᠣᠣ ᠨᠢᠤ ᠫᠦᠸᠧ ᠵᠠᠮ ᠳᠠᠭᠠᠤ ᠶᠢᠨ ᠨᠣᠭᠤᠭᠠᠷᠠᠭᠤᠯᠤᠯᠲᠠ ᠶᠢᠨ ᠪᠦᠳᠦᠭᠡᠨ ᠪᠠᠶᠢᠭᠤᠯᠤᠯᠲᠠ ᠶᠢ ᠲᠤᠪᠤᠶᠢᠮ᠎ᠠ ᠰᠠᠶᠢᠲᠤᠷ ᠠᠳᠬᠤᠬᠤ ᠬᠡᠷᠡᠭᠲᠡᠶ᠃ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠠᠯ᠎ᠠ ᠪᠠᠷ ᠬᠤᠲᠠ ᠶᠢᠨ ᠳᠦᠷᠰᠦ ᠪᠠᠶᠢᠳᠠᠯ ᠤᠨ ᠬᠠᠮᠢᠶᠠᠷᠤᠯᠲᠠ ᠶᠢᠨ ᠵᠠᠭᠤᠨ ᠡᠳᠦᠷ ᠤᠨ ᠰᠢᠪᠲᠤᠯᠤᠯᠲᠠ ᠶᠢᠨ ᠠᠵᠢᠯᠯᠠᠭ᠎ᠠ᠂ ᠬᠤᠲᠠ ᠶᠢᠨ ᠶᠠᠪᠤᠳᠠᠯ ᠤᠨ ᠨᠡᠶᠢᠲᠡ ᠶᠢᠨ ᠬᠡᠷᠡᠭᠯᠡᠭᠡᠨ ᠤ ᠪᠡᠯᠡᠳᠬᠡᠮᠵᠢ ᠶᠢᠨ ᠬᠠᠮᠢᠶᠠᠷᠤᠯᠲᠠ ᠶᠢᠨ ᠵᠠᠭᠤᠨ ᠡᠳᠦᠷ ᠤᠨ ᠰᠢᠪᠲᠤᠯᠤᠯᠲᠠ ᠶᠢᠨ ᠠᠵᠢᠯᠯᠠᠭ᠎ᠠ᠂ ᠬᠡᠷ ᠤᠨ ᠭᠠᠳᠠᠨᠠᠬᠢ ᠵᠠᠷ ᠤᠨ ᠬᠠᠮᠢᠶᠠᠷᠤᠯᠲᠠ ᠶᠢᠨ ᠵᠠᠭᠤᠨ ᠡᠳᠦᠷ ᠤᠨ ᠰᠢᠪᠲᠤᠯᠤᠯᠲᠠ ᠶᠢᠨ ᠠᠵᠢᠯᠯᠠᠭ᠎ᠠ᠂ ᠭᠤᠤᠯ ᠤᠨ ᠵᠠᠮ ᠤᠨ ᠡᠮᠬᠢ ᠳᠢᠭᠯᠢᠮ ᠢ ᠴᠡᠭᠴᠡᠯᠡᠨ ᠵᠠᠰᠠᠬᠤ ᠵᠠᠭᠤᠨ ᠡᠳᠦᠷ ᠤᠨ ᠰᠢᠪᠲᠤᠯᠤᠯᠲᠠ ᠶᠢᠨ ᠠᠵᠢᠯᠯᠠᠭ᠎ᠠ ᠵᠡᠷᠭᠡ ᠠᠵᠢᠯ ᠢ ᠭᠤᠤᠯᠳᠠᠯᠭ᠎ᠠ ᠲᠠᠢ ᠰᠠᠶᠢᠲᠤᠷ ᠠᠳᠬᠤᠬᠤ ᠬᠡᠷᠡᠭᠲᠡᠶ᠃ ᠭᠤᠷᠪᠠ ᠳᠤ ᠠᠷᠢᠭᠤᠨ ᠴᠢᠬᠡᠴᠢ ᠪᠠᠶᠢᠬᠤ ᠶᠢ ᠴᠢᠬᠤᠯᠠᠴᠢᠯᠠᠬᠤ ᠬᠡᠷᠡᠭᠲᠡᠶ᠃ ᠰᠤᠷᠲᠠᠯ ᠤᠨ ᠪᠠᠶᠢᠭᠤᠯᠤᠯᠲᠠ ᠬᠡᠵᠢᠶᠡᠳᠡ ᠵᠤᠬᠰᠤᠰᠢ ᠦᠭᠡᠢ ᠶᠠᠪᠤᠭᠳᠠᠨ᠎ᠠ᠂ ᠵᠠᠰᠠᠭ ᠤᠨ ᠣᠷᠳᠣᠨ ᠤ ᠰᠢᠰᠲ᠋ᠧᠮ ᠤᠨ ᠡᠯ᠎ᠡ ᠱᠠᠲᠤᠨ ᠤ ᠨᠠᠮ ᠤᠨ ᠬᠤᠷᠢᠶ᠎ᠠ ︵ᠨᠠᠮ ᠤᠨ ᠤᠳᠤᠷᠢᠳᠬᠤ ᠳᠤᠭᠤᠶᠢᠯᠠᠩ︶ ᠨᠠᠮ ᠤᠨ ᠵᠣᠬᠢᠶᠠᠨ ᠪᠠᠶᠢᠭᠤᠯᠤᠯᠲᠠ ᠶᠢᠨ ᠲᠠᠶᠢᠴᠢᠨ ᠪᠠᠬᠢᠯᠡᠯᠲᠡ ᠪᠠ ᠨᠠᠮ ᠤᠨ ᠭᠡᠰᠢᠭᠦᠨ ᠤ ᠬᠤᠰᠢᠭᠤᠴᠢ ᠵᠢᠱᠢᠶᠡᠴᠢ ᠶᠢᠨ ᠦᠢᠯᠡᠳᠦᠯ ᠢ ᠭᠦᠢᠴᠡᠳ ᠪᠠᠳᠠᠷᠠᠭᠤᠯᠵᠤ᠂ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠭᠤᠣᠯ ᠴᠣᠭᠴᠠ ᠶᠢᠨ ᠬᠠᠷᠢᠭᠤᠴᠠᠯᠭ᠎ᠠ ᠶᠢ ᠲᠡᠷᠡ ᠬᠡᠪ ᠢᠶᠠᠷ ᠨᠢ ᠰᠠᠶᠢᠲᠤᠷ ᠨᠠᠶᠢᠳᠠᠪᠤᠷᠢᠵᠢᠭᠤᠯᠵᠤ᠂ ᠵᠠᠰᠠᠭ ᠤᠨ ᠣᠷᠳᠣᠨ ᠤ ᠰᠢᠰᠲ᠋ᠧᠮ ᠤᠨ ᠨᠠᠮ ᠤᠨ ᠰᠤᠷᠲᠠᠯ ᠪᠠ ᠠᠷᠢᠭᠤᠨ ᠴᠢᠬᠡᠴᠢ ᠪᠠᠷ ᠵᠠᠰᠠᠭ ᠪᠠᠷᠢᠬᠤ ᠪᠠᠶᠢᠭᠤᠯᠤᠯᠲᠠ ᠪᠠ ᠢᠯᠵᠢᠷᠡᠯ ᠢ ᠡᠰᠡᠷᠭᠦᠴᠡᠬᠦ ᠠᠵᠢᠯ ᠤᠨ ᠰᠢᠨ᠎ᠡ ᠦᠷ᠎ᠡ ᠪᠦᠲᠦᠮᠵᠢ ᠤᠯᠬᠤ ᠶᠢ ᠦᠨᠡᠨ ᠬᠦ ᠠᠬᠢᠭᠤᠯᠬᠤ ᠬᠡᠷᠡᠭᠲᠡᠢ᠃      ᠬᠤᠷᠠᠯ ᠳᠡᠭᠡᠷ᠎ᠡ᠂ ᠰᠢᠶᠠᠨ ᠤ ᠡᠳ᠋ ᠤᠨ ᠵᠠᠰᠠᠭ ᠤᠨ ᠲᠣᠪᠴᠢᠶ᠎ᠠ᠂ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ᠂ ᠶᠣᠣ ᠭᠸᠦ ᠰᠢᠶᠠᠩ ᠪᠣᠯᠤᠨ ᠯᠣᠣ ᠨᠢᠦ ᠸᠠᠨ ᠪᠠᠯᠭᠠᠰᠤᠨ ᠤ ᠬᠠᠷᠢᠭᠤᠴᠠᠯᠭᠠᠲᠠᠨ ᠲᠣᠰ ᠲᠣᠰ ᠬᠡᠷᠡᠭ ᠢᠶᠠᠷ ᠥᠭᠡᠷᠡᠴᠢᠯᠡᠯᠲᠡ ᠶᠢ ᠠᠬᠢᠭᠤᠯᠵᠤ ᠳᠣᠲᠣᠭᠠᠳᠤ ᠶᠢᠨ ᠬᠠᠮᠢᠶᠠᠷᠤᠯᠲᠠ ᠶᠢ ᠴᠢᠩᠭᠠᠳᠬᠠᠬᠤ᠂ ᠠᠶᠤᠯ ᠲᠦᠭᠰᠢᠭᠦᠷᠢ ᠶᠢ ᠰᠡᠷᠭᠡᠶᠢᠯᠡᠨ ᠡᠵᠡᠮᠳᠡᠬᠦ ᠵᠡᠷᠭᠡ ᠶᠢᠨ ᠲᠣᠭᠤᠷᠢᠨ ᠳᠤ ᠣᠪᠣᠷ ᠢᠶᠠᠨ ᠢᠯᠡᠳᠬᠡᠬᠦ ᠶᠠᠷᠢᠶ᠎ᠠ ᠲᠠᠯᠪᠢᠪᠠ᠃      ᠰᠢᠶᠠᠨ ᠤ ᠵᠠᠰᠠᠭ ᠤᠨ ᠣᠷᠳᠣᠨ ᠤ ᠪᠦᠷᠢᠯᠳᠦᠬᠦᠨ ᠰᠠᠯᠠᠭ᠎ᠠ ᠮᠥᠴᠢᠷ ᠵᠢᠴᠢ ᠰᠢᠭᠤᠳ ᠬᠠᠷᠢᠶ᠎ᠠ ᠠᠵᠢᠯ ᠦᠢᠯᠡᠰ ᠤᠨ ᠨᠢᠭᠡᠴᠢ᠂ ᠲᠦᠷ ᠴᠠᠭ ᠤᠨ ᠪᠠᠶᠢᠭᠤᠯᠤᠮᠵᠢ᠂ ᠤᠯᠤᠰ ᠤᠨ ᠥᠮᠴᠢᠯᠡᠯ ᠤᠨ ᠠᠵᠤ ᠠᠬᠤᠶᠢᠯᠠᠯ ᠤᠨ ᠬᠠᠷᠢᠭᠤᠴᠠᠯᠭᠠᠲᠠᠨ ᠪᠣᠯᠤᠨ ᠡᠯ᠎ᠡ ᠰᠢᠶᠠᠩ ᠪᠠᠯᠭᠠᠰᠤᠨ ᠤ ᠳᠠᠷᠤᠭ᠎ᠠ᠂ ᠲᠣᠮᠢᠯᠠᠨ ᠰᠠᠭᠤᠯᠭᠠᠭᠰᠠᠨ ᠰᠠᠬᠢᠯᠭ᠎ᠠ ᠪᠠᠲᠤ ᠪᠠᠶᠢᠴᠠᠭᠠᠬᠤ ᠳᠤᠭᠤᠶᠢᠯᠠᠩ ᠤᠨ ᠳᠠᠷᠤᠭ᠎ᠠ ᠬᠤᠷᠠᠯ ᠳᠤ ᠣᠷᠣᠯᠴᠠᠪᠠ᠃  
 
ᠢᠷᠡᠯᠲᠡ᠄ ᠴᠢᠩ ᠱᠦᠢ ᠾᠧ ᠰᠢᠶᠠᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号