ᠬᠥᠬᠡᠬᠤᠲᠠ ᠶᠢᠨ ᠡᠳ᠋ ᠤᠨ ᠵᠠᠰᠠᠭ  ︽ᠭᠤᠷᠪᠠᠨ ᠬᠠᠩᠭᠠᠯᠭ᠎ᠠ ᠨᠢᠭᠡ ᠦᠢᠯᠡᠰ︾ ᠢ ᠰᠠᠯᠭᠠᠵᠤ ᠰᠢᠯᠵᠢᠬᠦᠯᠦᠨ ᠲᠤᠰᠢᠶᠠᠬᠤ ᠠᠵᠢᠯ ᠤᠷᠤᠭᠰᠢᠲᠠᠶ ᠶᠠᠪᠤᠭᠳᠠᠬᠤ ᠶᠢ ᠪᠥᠬᠦ ᠬᠦᠴᠦᠨ ᠢᠶᠠᠷ ᠢᠶᠠᠨ ᠳᠡᠮᠵᠢᠵᠦ ᠪᠠᠶᠢᠨ᠎ᠠ
ᠨᠡᠶᠢᠲᠡᠯᠡᠭᠰᠡᠨ ᠴᠠᠭ᠄
2021/2/4
       ᠬᠥᠬᠡᠬᠤᠲᠠ ᠶᠢᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠭᠴᠢ ᠰᠥᠩ ᠰᠢᠶᠠᠩ ᠬᠤᠸᠠ︶ ᠮᠠᠨ ᠤ ᠬᠤᠲᠠ ᠶᠢᠨ ᠰᠢᠭᠤᠳ ᠬᠠᠷᠢᠶ᠎ᠠ ᠤᠯᠤᠰ ᠤᠨ ᠥᠮᠴᠢᠯᠡᠯᠳᠦ ᠠᠵᠤ ᠠᠬᠤᠶᠢᠯᠠᠯ ᠤᠨ ᠠᠵᠢᠯᠲᠠᠨ ᠠᠵᠢᠯᠴᠢᠨ ᠤ ᠬᠡᠷ ᠪᠦᠯᠢ ᠶᠢᠨ ᠲᠣᠭᠤᠷᠢᠭ ᠤᠨ ᠤᠰᠤ ᠬᠠᠩᠭᠠᠬᠤ᠂ ᠴᠠᠬᠢᠯᠭᠠᠨ ᠬᠠᠩᠭᠠᠬᠤ᠂ ᠢᠯᠴᠢ ᠬᠠᠩᠭᠠᠬᠤ ︵ᠬᠡᠶ ᠬᠠᠩᠭᠠᠬᠤ︶ ᠪᠠ ᠠᠳᠠᠯ ᠠᠬᠤᠶ ᠶᠢᠨ ᠬᠠᠮᠢᠶᠠᠷᠤᠯᠲᠠ ︵︽ᠭᠤᠷᠪᠠᠨ ᠬᠠᠩᠭᠠᠯᠭ᠎ᠠ ᠨᠢᠭᠡ  ᠦᠢᠯᠡᠰ︾ ᠭᠡᠵᠦ ᠲᠣᠪᠴᠢᠯᠠᠨ᠎ᠠ︶ ᠶᠢ ᠰᠠᠯᠭᠠᠵᠤ ᠰᠢᠯᠵᠢᠭᠦᠯᠦᠨ ᠲᠤᠰᠢᠶᠠᠬᠤ ᠠᠵᠢᠯ ᠢ ᠰᠠᠶᠢᠲᠤᠷ ᠬᠢᠬᠦ ᠶᠢᠨ ᠲᠥᠯᠥᠭᠡ᠂ ︽ᠬᠥᠬᠡᠬᠤᠲᠠ ᠶᠢᠨ ᠤᠯᠤᠰ ᠤᠨ ᠥᠮᠴᠢᠯᠡᠯᠳᠦ ᠠᠵᠤ ᠠᠬᠤᠶᠢᠯᠠᠯ ᠤᠨ ᠠᠵᠢᠯᠲᠠᠨ ᠠᠵᠢᠯᠴᠢᠨ ᠤ ᠬᠡᠷ ᠪᠦᠯᠢ ᠶᠢᠨ ᠲᠣᠭᠤᠷᠢᠭ ᠤᠨ ︽ᠭᠤᠷᠪᠠᠨ ᠬᠠᠩᠭᠠᠯᠭ᠎ᠠ ᠨᠢᠭᠡ ᠦᠢᠯᠡᠰ︾ ᠢ ᠰᠠᠯᠭᠠᠵᠤ ᠰᠢᠯᠵᠢᠭᠦᠯᠦᠨ ᠲᠤᠰᠢᠶᠠᠬᠤ ᠠᠵᠢᠯ ᠤᠨ ᠬᠡᠷᠡᠭᠵᠢᠭᠦᠯᠬᠦ ᠲᠥᠰᠦᠯ︾ ᠢ ᠦᠨᠳᠦᠰᠦᠯᠡᠨ᠂ ᠣᠷᠣᠨ ᠤ ᠲᠥᠪ ᠤᠨ ᠡᠳ᠋ ᠤᠨ ᠵᠠᠰᠠᠭ ᠠᠴᠠ ᠢᠳᠡᠪᠬᠢᠲᠡᠶ ᠠᠷᠭ᠎ᠠ ᠬᠡᠮᠵᠢᠶ᠎ᠡ ᠠᠪᠴᠤ ᠰᠠᠯᠭᠠᠵᠤ ᠰᠢᠯᠵᠢᠭᠦᠯᠦᠨ ᠲᠤᠰᠢᠶᠠᠬᠤ ᠠᠵᠢᠯ ᠤᠷᠤᠭᠰᠢᠲᠠᠶ ᠶᠠᠪᠤᠭᠳᠠᠬᠤ ᠶᠢ ᠳᠡᠮᠵᠢᠵᠦ ᠪᠠᠶᠢᠨ᠎ᠠ᠃       ᠨᠢᠭᠡ ᠳᠤ ᠡᠳ᠋ ᠤᠨ ᠵᠠᠰᠠᠭ ᠤᠨ ᠨᠥᠬᠦᠪᠥᠷᠢ ᠪᠡᠯᠡ ᠮᠥᠩᠭᠦ ᠶᠢᠨ ᠬᠠᠮᠢᠶᠠᠷᠤᠯᠲᠠ ᠶᠢᠨ ᠠᠷᠭ᠎ᠠ ᠶᠢ ᠲᠣᠭᠲᠠᠭᠠᠨ ᠨᠡᠶᠢᠲᠡᠯᠡᠪᠡ᠃ ︽ᠭᠤᠷᠪᠠᠨ ᠬᠠᠩᠭᠠᠯᠭ᠎ᠠ ᠨᠢᠭᠡ ᠦᠢᠯᠡᠰ︾ ᠢ ᠰᠠᠯᠭᠠᠵᠤ ᠰᠢᠯᠵᠢᠬᠦᠯᠦᠨ ᠲᠤᠰᠢᠶᠠᠬᠤ ᠡᠳ᠋ ᠤᠨ ᠵᠠᠰᠠᠭ ᠤᠨ ᠨᠥᠬᠦᠪᠥᠷᠢ ᠪᠠᠯᠠ ᠮᠥᠩᠭᠦ ᠶᠢᠨ ᠬᠠᠮᠢᠶᠠᠷᠤᠯᠲᠠ ᠶᠢ ᠵᠢᠷᠤᠮᠵᠢᠭᠤᠯᠤᠨ ᠴᠢᠩᠭᠠᠳᠬᠠᠬᠤ ᠶᠢᠨ ᠲᠥᠯᠥᠭᠡ᠂ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ ᠲᠦᠷᠦᠭᠦᠯᠡᠨ᠂ ᠬᠤᠲᠠ ᠶᠢᠨ ᠤᠯᠤᠰ ᠤᠨ ᠥᠮᠴᠢᠯᠡᠯᠳᠦ ᠡᠳ᠋ ᠬᠥᠷᠥᠩᠭᠡ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠲᠠᠢ ᠬᠠᠮᠲᠤᠷᠠᠨ ︽ᠬᠤᠲᠠ ᠶᠢᠨ ᠰᠢᠭᠤᠳ ᠬᠠᠷᠢᠶ᠎ᠠ ᠤᠯᠤᠰ ᠤᠨ ᠥᠮᠴᠢᠯᠡᠯᠳᠦ ᠠᠵᠤ ᠠᠬᠤᠶᠢᠯᠠᠯ ᠤᠨ ᠠᠵᠢᠯᠲᠠᠨ ᠠᠵᠢᠯᠴᠢᠨ ᠤ ᠬᠡᠷ ᠪᠦᠯᠢ ᠶᠢᠨ ᠲᠣᠭᠤᠷᠢᠭ ᠤᠨ ︽ᠭᠤᠷᠪᠠᠨ ᠬᠠᠩᠭᠠᠯᠭ᠎ᠠ ᠨᠢᠭᠡ ᠦᠢᠯᠡᠰ︾ ᠢ ᠰᠠᠯᠭᠠᠵᠤ ᠰᠢᠯᠵᠢᠬᠦᠯᠦᠨ ᠲᠤᠰᠢᠶᠠᠬᠤ ᠬᠤᠲᠠ ᠶᠢᠨ ᠲᠣᠰ ᠱᠠᠲᠤᠨ ᠤ ᠡᠳ᠋ ᠤᠨ ᠵᠠᠰᠠᠭ ᠤᠨ ᠨᠥᠬᠦᠪᠥᠷᠢ ᠪᠠᠯᠠ ᠮᠥᠩᠭᠦ ᠶᠢᠨ ᠬᠠᠮᠢᠶᠠᠷᠤᠯᠲᠠ ᠶᠢᠨ ᠠᠷᠭ᠎ᠠ︾ ᠶᠢ ᠲᠣᠭᠲᠠᠭᠠᠨ ᠨᠡᠶᠢᠲᠡᠯᠡᠵᠦ᠂ ᠰᠠᠯᠭᠠᠵᠦ ᠰᠢᠯᠵᠢᠬᠦᠯᠦᠨ ᠲᠤᠰᠢᠶᠠᠬᠤ ᠠᠵᠢᠯ ᠤᠨ ᠵᠠᠷᠤᠳᠠᠯ ᠢ ᠠᠵᠤ ᠠᠬᠤᠶᠢᠯᠠᠯ ᠪᠠ ᠵᠠᠰᠠᠭ ᠤᠨ ᠣᠷᠳᠣᠨ ᠬᠠᠮᠲᠤ ᠪᠠᠷ ᠬᠤᠪᠢᠶᠠᠨ ᠡᠭᠦᠷᠭᠡᠯᠡᠵᠦ᠂ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ ᠠᠴᠠ ᠬᠤᠲᠠ ᠶᠢᠨ ᠰᠢᠭᠤᠳ ᠬᠠᠷᠢᠶ᠎ᠠ ᠤᠯᠤᠰ ᠤᠨ ᠥᠮᠴᠢᠯᠡᠯᠳᠦ ᠠᠵᠤ ᠠᠬᠤᠶᠢᠯᠠᠯ ᠤᠨ ︽ᠭᠤᠷᠪᠠᠨ ᠬᠠᠩᠭᠠᠯᠭ᠎ᠠ ᠨᠢᠭᠡ ᠦᠢᠯᠡᠰ︾ ᠢ ᠰᠠᠯᠭᠠᠵᠦ ᠰᠢᠯᠵᠢᠬᠦᠯᠦᠨ ᠲᠤᠰᠢᠶᠠᠬᠤ ᠠᠵᠢᠯ ᠤᠨ ᠵᠠᠷᠤᠳᠠᠯ ᠢ 50 % ᠪᠠᠷ ᠨᠦᠬᠦᠪᠦᠷᠢᠯᠡᠵᠦ ᠦᠭᠭᠦᠨ᠎ᠡ ᠭᠡᠵᠦ ᠲᠣᠳᠣᠷᠬᠠᠶ ᠲᠣᠭᠲᠠᠭᠠᠪᠠ᠃ ᠬᠤᠶᠠᠷ ᠲᠤ ᠲᠥᠰᠦᠪ ᠤᠨ ᠳᠤᠬᠢᠷᠠᠭᠤᠯᠤᠯᠳᠠ ᠶᠢᠨ ᠨᠥᠬᠦᠪᠥᠷᠢ ᠪᠡᠯᠡ ᠮᠥᠩᠭᠦ ᠪᠠᠷ ᠪᠡᠯᠡ ᠮᠥᠩᠭᠦ ᠶᠢᠨ ᠳᠡᠮᠵᠢᠯᠭᠡ ᠬᠠᠩᠭᠠᠪᠠ᠃ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ ᠨᠢ ᠲᠥᠰᠦᠪ ᠢᠶᠠᠷ ᠨᠥᠬᠦᠪᠥᠷᠢ ᠪᠡᠯᠡ ᠮᠥᠩᠭᠦ ᠲᠣᠬᠢᠷᠠᠭᠤᠯᠤᠨ᠂ ᠬᠤᠲᠠ ᠶᠢᠨ ᠰᠢᠭᠤᠳ ᠬᠠᠷᠢᠶ᠎ᠠ ᠤᠯᠤᠰ ᠤᠨ ᠥᠮᠴᠢᠯᠡᠯᠳᠦ ᠠᠵᠤ ᠠᠬᠤᠢᠯᠠᠯ ᠤᠨ ᠠᠵᠢᠯᠲᠠᠨ ᠠᠵᠢᠯᠴᠢᠨ ᠤ ᠭᠡᠷ ᠪᠦᠯᠢ ᠶᠢᠨ ᠲᠣᠭᠤᠷᠢᠭ ᠤᠨ ︽ᠭᠤᠷᠪᠠᠨ ᠬᠠᠩᠭᠠᠯᠭ᠎ᠠ ᠨᠢᠭᠡ ᠦᠢᠯᠡᠰ︾ ᠢ ᠰᠠᠯᠭᠠᠵᠦ ᠰᠢᠯᠵᠢᠭᠦᠯᠦᠨ ᠲᠤᠰᠢᠶᠠᠬᠤ ᠠᠵᠢᠯ ᠢ ᠳᠡᠮᠵᠢᠬᠦ ᠳᠤ ᠬᠡᠷᠡᠭᠯᠡᠵᠦ᠂ ︽ᠭᠤᠷᠪᠠᠨ ᠬᠠᠩᠭᠠᠯᠭ᠎ᠠ ᠨᠢᠭᠡ ᠦᠢᠯᠡᠰ︾ ᠤᠨ ᠬᠠᠮᠢᠶ᠎ᠠ ᠪᠦᠬᠦᠢ ᠲᠤᠨᠤᠭ ᠲᠥᠬᠦᠭᠡᠷᠦᠮᠵᠢ ᠶᠢ ᠰᠡᠯᠪᠢᠨ ᠵᠠᠰᠠᠬᠤ ᠴᠢᠬᠤᠯᠠᠳᠠᠢ ᠶᠢ ᠨᠢ ᠰᠢᠨᠡᠳᠭᠡᠨ ᠵᠠᠰᠠᠵᠤ᠂ ᠡᠷᠦᠬᠡ ᠬᠤᠪᠢᠶᠠᠨ ᠬᠡᠮᠵᠢᠬᠦᠷ ᠲᠠᠭᠠᠷᠠᠭᠤᠯᠬᠤ᠂ ᠡᠷᠦᠭᠡ ᠪᠠᠷ ᠰᠦᠢᠳᠭᠡᠯ ᠲᠤᠰᠢᠶᠠᠬᠤ ᠶᠢ ᠦᠨᠳᠦᠰᠦᠨ ᠳᠡᠭᠡᠨ ᠪᠡᠶᠡᠯᠡᠭᠦᠯᠵᠦ᠂ ᠲᠤᠰᠬᠠᠶᠢᠵᠢᠭᠰᠠᠨ ᠠᠵᠤ ᠠᠬᠤᠶᠢᠯᠠᠯ ᠪᠤᠶᠤ ᠪᠠᠶᠢᠭᠤᠯᠤᠮᠵᠢ ᠳᠤ ᠲᠤᠰᠢᠶᠠᠨ ᠦᠭᠴᠦ ᠨᠡᠶᠢᠭᠡᠮᠴᠢᠯᠡᠭᠰᠡᠨ ᠬᠠᠮᠢᠶᠠᠷᠤᠯᠲᠠ ᠬᠢᠯᠭᠡᠪᠡ᠃ ᠭᠤᠷᠪᠠ ᠳᠤ ᠪᠠᠯᠠ ᠮᠥᠩᠭᠦ ᠤᠷᠢᠳᠴᠢᠯᠠᠨ ᠰᠢᠯᠵᠢᠬᠦᠯᠦᠨ ᠥᠭᠴᠦ ᠰᠠᠯᠭᠠᠵᠦ ᠰᠢᠯᠵᠢᠭᠦᠯᠦᠨ ᠲᠤᠰᠢᠶᠠᠬᠤ ᠠᠵᠢᠯ ᠢ ᠥᠷᠨᠢᠭᠦᠯᠬᠦ ᠶᠢ ᠳᠡᠮᠵᠢᠪᠠ᠃ ᠬᠤᠲᠠ ᠶᠢᠨ ᠰᠢᠭᠤᠳ ᠬᠠᠷᠢᠶ᠎ᠠ ᠤᠯᠤᠰ ᠤᠨ ᠥᠮᠴᠢᠯᠡᠯᠲᠦ ᠠᠵᠤ ᠠᠬᠤᠶᠢᠯᠠᠯ ᠬᠢᠭᠡᠳ ᠬᠦᠯᠢᠶᠡᠨ ᠠᠪᠬᠤ ᠲᠠᠯ᠎ᠠ ᠶᠢᠨ ᠬᠢᠨ ︽ᠭᠤᠷᠪᠠᠨ ᠬᠠᠩᠭᠠᠯᠭ᠎ᠠ ᠨᠢᠭᠡ ᠦᠢᠯᠡᠰ︾ ᠢ ᠰᠠᠯᠭᠠᠵᠤ ᠰᠢᠯᠵᠢᠭᠦᠯᠦᠨ ᠲᠤᠰᠢᠶᠠᠬᠤ ︵ ᠰᠡᠯᠪᠢᠵᠦ ᠰᠢᠨᠡᠳᠭᠡᠨ ᠵᠠᠰᠠᠬᠤ︶ ᠬᠡᠯᠡᠯᠴᠡᠭᠡᠷ ᠪᠤᠶᠤ ᠪᠦᠳᠦᠭᠦᠪᠴᠢ ᠬᠡᠯᠡᠯᠴᠡᠭᠡᠷ ᠲᠣᠭᠲᠠᠭᠰᠠᠨ ᠤ ᠳᠠᠷᠠᠭ᠎ᠠ᠂ ᠨᠥᠬᠦᠪᠥᠷᠢ ᠪᠡᠯᠡ ᠮᠥᠩᠭᠦ ᠤᠷᠢᠳᠴᠢᠯᠠᠨ ᠰᠢᠯᠵᠢᠬᠦᠯᠦᠨ ᠥᠭᠬᠦ  ᠭᠤᠶᠤᠴᠢᠯᠠᠯ ᠭᠠᠷᠭᠠᠵᠤ ᠪᠣᠯᠤᠨ᠎ᠠ᠃ ᠬᠤᠲᠠ ᠶᠢᠨ ᠤᠯᠤᠰ ᠤᠨ ᠥᠮᠴᠢᠯᠡᠯᠲᠦ ᠡᠳ᠋ ᠬᠥᠷᠥᠩᠭᠡ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠢᠶᠠᠷ ᠬᠢᠨᠠᠨ ᠬᠠᠷᠭᠤᠭᠤᠯᠤᠭᠰᠠᠨ ᠤ ᠳᠠᠷᠠᠭ᠎ᠠ᠂ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ ᠰᠠᠯᠭᠠᠵᠤ ᠰᠢᠯᠵᠢᠭᠦᠯᠦᠨ ᠲᠤᠰᠢᠶᠠᠬᠤ ︵ᠰᠡᠯᠪᠢᠵᠦ ᠰᠢᠨᠡᠳᠭᠡᠨ ᠵᠠᠰᠠᠬᠤ︶ ᠬᠡᠯᠡᠯᠴᠡᠭᠡᠷ ᠲᠤ ᠭᠠᠷ ᠤᠨ ᠥᠰᠥᠭ ᠵᠢᠷᠤᠪᠡᠯ ᠥᠭᠬᠦ ᠶᠣᠰᠣᠲᠠᠶ ᠨᠥᠬᠦᠪᠥᠷᠢ ᠶᠢᠨ ᠵᠣᠭᠤᠰ ᠤᠨ ᠲᠣᠭᠠᠨ ᠤ 75 % ᠠᠴᠠ ᠬᠡᠲᠦᠷᠡᠬᠦᠯᠬᠦ ᠥᠬᠡᠶ ᠬᠠᠷᠢᠴᠠᠯ ᠢᠶᠠᠷ ᠤᠷᠢᠳᠴᠢᠯᠠᠨ ᠰᠢᠯᠵᠢᠬᠦᠯᠦᠨ ᠥᠭᠴᠦ᠂ ᠰᠠᠯᠭᠠᠵᠤ ᠰᠢᠯᠵᠢᠭᠦᠯᠦᠨ ᠲᠤᠰᠢᠶᠠᠬᠤ ︵ᠰᠡᠯᠪᠢᠨ ᠵᠠᠰᠠᠵᠤ ᠰᠢᠨᠡᠳᠭᠡᠨ ᠥᠭᠡᠷᠡᠴᠢᠯᠡᠬᠦ︶ ᠪᠦᠳᠦᠭᠦᠪᠴᠢ ᠬᠡᠯᠡᠯᠴᠡᠭᠡᠷ ᠲᠤ ᠭᠠᠷ ᠤᠨ ᠥᠰᠥᠭ ᠵᠢᠷᠤᠪᠡᠯ ᠥᠭᠬᠦ ᠶᠣᠰᠣᠲᠠᠶ ᠨᠥᠬᠦᠪᠥᠷᠢ ᠶᠢᠨ ᠵᠣᠭᠤᠰ ᠤᠨ ᠲᠣᠭᠠᠨ ᠤ 50 % ᠠᠴᠠ ᠬᠡᠲᠦᠷᠡᠬᠦᠯᠬᠦ ᠥᠬᠡᠶ ᠬᠠᠷᠢᠴᠠᠯ ᠢᠶᠠᠷ ᠤᠷᠢᠳᠴᠢᠯᠠᠨ ᠰᠢᠯᠵᠢᠬᠦᠯᠦᠨ ᠥᠭᠴᠦ᠂ ᠰᠡᠯᠪᠢᠵᠦ ᠰᠢᠨᠡᠳᠭᠡᠨ ᠵᠠᠰᠠᠬᠤ ᠪᠠ ᠰᠠᠯᠭᠠᠵᠤ ᠰᠢᠯᠵᠢᠭᠦᠯᠦᠨ ᠲᠤᠰᠢᠶᠠᠬᠤ ᠠᠵᠢᠯ ᠳᠠᠭᠤᠰᠤᠭᠰᠠᠨ ᠤ ᠳᠠᠷᠠᠭ᠎ᠠ ᠢᠯᠭᠠᠷᠠᠭᠤᠯᠤᠨ ᠪᠤᠳᠤᠵᠠᠢ᠃ ᠳᠥᠷᠪᠡ ᠳᠤ ᠬᠦᠴᠢᠷᠳᠡᠯ ᠲᠠᠢ ᠠᠵᠤ ᠠᠬᠤᠶᠢᠯᠠᠯ ᠳᠤ ᠳᠡᠮᠵᠢᠯᠭᠡ ᠬᠠᠪᠰᠤᠷᠤᠯᠭ᠎ᠠ ᠦᠵᠡᠭᠦᠯᠪᠡ᠃ ᠮᠠᠨ ᠤ ᠬᠤᠲᠠ ᠶᠢᠨ ᠰᠢᠭᠤᠳ ᠬᠠᠷᠢᠶ᠎ᠠ ᠤᠯᠤᠰ ᠤᠨ ᠥᠮᠴᠢᠯᠡᠯᠲᠦ ᠠᠵᠤ ᠠᠬᠤᠢᠯᠠᠯ ᠤᠨ ᠠᠵᠢᠯᠲᠠᠨ ᠠᠵᠢᠯᠴᠢᠨ ᠤ ᠭᠡᠷ ᠪᠦᠯᠢ ᠶᠢᠨ ᠲᠣᠭᠤᠷᠢᠭ ᠤᠨ ︽ᠭᠤᠷᠪᠠᠨ ᠬᠠᠩᠭᠠᠯᠭ᠎ᠠ ᠨᠢᠭᠡ ᠦᠢᠯᠡᠰ︾ ᠢ ᠰᠠᠯᠭᠠᠵᠦ ᠰᠢᠯᠵᠢᠬᠦᠯᠦᠨ ᠲᠤᠰᠢᠶᠠᠬᠤ ᠠᠵᠢᠯ ᠨᠢ ᠬᠤᠲᠠ ᠶᠢᠨ ᠨᠡᠶᠢᠳᠡ ᠶᠢᠨ ᠵᠠᠮ ᠬᠠᠷᠢᠯᠴᠠᠭᠠᠨ ᠤ ᠶᠡᠷᠦᠩᠬᠡᠢ ᠺᠣᠮᠫᠠᠨᠢ ᠪᠠ ᠵᠦᠩ ᠬᠤᠸᠠᠨ ︵ᠪᠦᠯᠦᠭᠯᠡᠯ︶ ᠺᠣᠮᠫᠠᠨᠢ ᠶᠢᠨ 2 ᠠᠵᠤ  ᠠᠬᠤᠶᠢᠯᠠᠯ ᠲᠠᠢ  ᠬᠤᠯᠪᠤᠬᠳᠠᠳᠠᠭ ᠲᠤᠯᠠ ᠠᠵᠤ ᠠᠬᠤᠶᠢᠯᠠᠯ ᠤᠨ ᠨᠡᠶᠢᠲᠡ ᠶᠢᠨ ᠠᠰᠠᠷᠠᠮᠵᠢ ᠶᠢᠨ ᠰᠢᠨᠵᠢ ᠴᠢᠨᠠᠷ ᠪᠤᠶᠤ ᠦᠢᠯᠡᠳᠪᠦᠷᠢᠯᠡᠯ ᠢᠶᠠᠨ ᠵᠣᠭᠰᠣᠭᠠᠵᠤ ᠳᠦᠷᠢᠮ ᠢᠶᠠᠨ ᠥᠭᠡᠷᠡᠴᠢᠯᠡᠨ ᠳᠠᠬᠢᠨ ᠵᠣᠬᠢᠶᠠᠨ ᠪᠠᠶᠢᠭᠤᠯᠤᠭᠰᠠᠨ ᠠᠴᠠ ᠪᠣᠯᠤᠬᠰᠠᠨ ᠵᠠᠷᠤᠳᠠᠯ ᠢ ᠡᠭᠦᠷᠭᠡᠯᠡᠬᠦ ᠴᠢᠳᠠᠯ ᠦᠭᠡᠶ ᠪᠠᠶᠢᠬᠤ ᠪᠣᠳᠠᠲᠠᠶ ᠪᠠᠶᠢᠳᠠᠯ ᠢ ᠨᠢ ᠪᠣᠳᠣᠯᠬᠢᠯᠠᠭᠠᠳ᠂ ᠰᠠᠯᠭᠠᠵᠤ ᠰᠢᠯᠵᠢᠭᠦᠯᠦᠨ ᠲᠤᠰᠢᠶᠠᠬᠤ ᠠᠵᠢᠯ ᠤᠨ ᠤᠷᠤᠭᠰᠢᠲᠠᠶ ᠪᠡᠶᠡᠯᠡᠭᠳᠡᠬᠦ ᠶᠢ ᠦᠨᠡᠨᠬᠦ ᠪᠠᠲᠤᠯᠠᠬᠤ ᠶᠢᠨ ᠲᠤᠰᠠᠳᠠ᠂ ᠬᠤᠲᠠ ᠶᠢᠨ ᠵᠠᠰᠠᠭ ᠤᠨ ᠣᠷᠳᠣᠨ ᠤ ᠪᠠᠶᠢᠩᠭᠤ ᠶᠢᠨ ᠬᠤᠷᠠᠯ ᠢᠶᠠᠷ ᠰᠤᠳᠤᠯᠤᠭᠤᠯᠤᠨ ᠵᠥᠪᠰᠢᠶᠡᠷᠡᠭᠦᠯᠦᠭᠡᠳ ᠰᠠᠯᠭᠠᠵᠤ ᠰᠢᠯᠵᠢᠭᠦᠯᠦᠨ ᠲᠤᠰᠢᠶᠠᠬᠤ ᠠᠵᠢᠯ ᠤᠨ ᠰᠢᠨᠡᠳᠭᠡᠨ ᠵᠠᠰᠠᠬᠤ ᠳᠤ ᠬᠡᠷᠡᠭᠯᠡᠬᠦ ᠠᠵᠤ ᠠᠬᠤᠶᠢᠯᠠᠯ ᠤᠨ ᠡᠭᠦᠷᠭᠡᠯᠡᠬᠦ ᠬᠡᠰᠡᠭ ᠪᠡᠯᠡ ᠮᠥᠩᠭᠦ ᠶᠢ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ ᠠᠴᠠ ᠥᠭᠪᠠ᠃ ᠣᠳᠣᠬᠠᠨ ᠳᠤ᠂ ᠬᠤᠲᠠ ᠶᠢᠨ ᠨᠡᠶᠢᠲᠡ ᠶᠢᠨ ᠵᠠᠮ ᠬᠠᠷᠢᠯᠴᠠᠭᠠᠨ ᠤ ᠶᠡᠷᠦᠩᠬᠡᠶ ᠺᠣᠮᠫᠠᠨᠢ ᠪᠠ ᠵᠥᠩ  ᠬᠤᠸᠠᠨ ︵ᠪᠦᠯᠦᠭᠯᠡᠯ︶ ᠺᠣᠮᠫᠠᠨᠢ ᠶᠢᠨ ︽ᠭᠤᠷᠪᠡᠨ ᠬᠠᠨᠭ᠍ᠭᠠᠯᠭ᠎ᠠ ᠨᠢᠭᠡ ᠦᠢᠯᠡᠰ︾ ᠢ ᠰᠠᠯᠭᠠᠵᠦ ᠰᠢᠯᠵᠢᠬᠦᠯᠦᠨ ᠲᠤᠰᠢᠶᠠᠬᠤ ᠠᠵᠢᠯ ᠤᠨ ᠰᠢᠨᠡᠳᠬᠡᠨ ᠵᠠᠰᠠᠬᠤ ᠳᠤ ᠬᠡᠷᠡᠭᠯᠡᠬᠦ ᠨᠡᠶᠢᠲᠡ 4744.66 ᠲᠦᠮᠡᠨ ᠲᠥᠭᠦᠷᠢᠭ ᠪᠠᠯᠠ ᠮᠥᠩᠭᠦ ᠶᠢ ᠨᠢᠭᠡᠨᠲᠡ ᠪᠦᠬᠦᠨ ᠢ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ ᠡᠭᠦᠷᠭᠡᠯᠡᠨ ᠠᠪᠴᠠᠢ᠃http://mongol.people.com.cn/15836960.html
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号