ᠠᠯᠪᠠᠨ ᠶᠠᠪᠤᠳᠠᠯ ᠤᠨ ᠸᠢᠰᠠ ᠲᠠᠢ ᠬᠣᠯᠪᠤᠭᠳᠠᠬᠤ ᠦᠷᠭᠦᠯᠵᠢ ᠲᠣᠬᠢᠶᠠᠯᠳᠤᠳᠠᠭ ᠠᠰᠠᠭᠤᠯᠲᠠ ᠵᠢᠴᠢ ᠲᠡᠭᠦᠨ ᠤ ᠬᠠᠷᠢᠭᠤᠯᠲᠠ
ᠨᠡᠶᠢᠲᠡᠯᠡᠭᠰᠡᠨ ᠴᠠᠭ᠄
2021/12/2
      ᠨᠢᠭᠡ᠂ ᠶᠠᠭᠤ ᠶᠢ ᠸᠢᠰᠠ ᠶᠢ ︽ᠨᠢᠭᠡᠳᠦᠯᠲᠡᠶ ᠬᠦᠢᠴᠡᠳᠭᠡᠬᠦ︾ ᠭᠡᠬᠦ ᠪᠣᠶ︖ ᠶᠠᠮᠠᠷ ᠶᠠᠮᠠᠷ ᠤᠯᠤᠰ ᠤᠳ ᠵᠠᠪᠠᠯ ᠨᠢᠭᠡᠳᠦᠯᠲᠡᠶ ᠬᠦᠢᠴᠡᠳᠭᠡᠬᠦ ᠬᠡᠷᠡᠭᠲᠡᠶ ᠪᠤᠢ︖      ᠬᠠᠷᠢᠭᠤᠯᠲᠠ᠄ ︽ᠨᠢᠭᠡᠳᠦᠯᠲᠡᠶ ᠭᠦᠢᠴᠡᠳᠭᠡᠬᠦ︾ ᠭᠡᠳᠡᠭ ᠨᠢ ᠭᠠᠳᠠᠭᠠᠳᠤ ᠶᠠᠪᠤᠳᠠᠯ ᠤᠨ ᠶᠠᠮᠤᠨ ᠤ ᠺᠤᠨᠰᠦ᠋ᠯ ᠤᠨ ᠵᠤᠷᠭᠠᠨ ᠠᠴᠠ ᠶᠠᠮᠠᠷ ᠨᠢᠭᠡᠨ ᠤᠯᠤᠰ ᠤᠨ ᠸᠢᠰᠠ ᠶᠢ ᠨᠢᠭᠡᠳᠦᠯᠲᠡᠶ ᠭᠦᠢᠴᠡᠳᠭᠡᠬᠦ ᠶᠢ ᠵᠢᠭᠠᠵᠤ ᠪᠣᠶ᠂ ︽ᠨᠢᠭᠡᠳᠦᠯᠲᠡᠶ ᠬᠦᠢᠴᠡᠳᠭᠡᠬᠦ︾ ᠤᠯᠤᠰ ᠲᠤ᠄ ᠠᠦ᠋ᠰᠲᠷᠠᠯᠢᠶ᠎ᠠ᠂ ᠰᠢᠨ᠎ᠡ ᠽᠧᠯᠡᠨᠳ᠋᠂ ᠹᠷᠠᠨᠼᠢ᠂ ᠭᠧᠷᠮᠠᠨ᠂ ᠶᠠᠫᠣᠨ᠂ ᠺᠣᠷᠢᠶᠠ᠂ ᠢᠨᠳᠣᠨᠧᠰᠢᠶ᠎ᠠ᠂ ᠡᠮᠦᠨᠡᠲᠦ ᠠᠹᠷᠢᠺᠠ᠂ ᠣᠷᠣᠰ᠂ ᠠᠷᠭᠸᠨ᠋ᠲ᠋ᠢᠨ᠂ ᠢᠰᠷᠧᠯ᠂ ᠦᠽᠪᠧᠺᠰᠲ᠋ᠠᠨ᠂ ᠫᠠᠨᠠᠮᠠ᠂ ᠬᠠᠶᠢᠲ᠋ᠢ᠂ ᠪᠷᠠᠽᠢᠯ᠂ ᠢᠲ᠋ᠠᠯᠢ᠂ ᠮᠧᠺᠰᠢᠺᠤ᠂ ᠺᠢᠷᠬᠢᠽᠰᠲ᠋ᠠᠨ᠂ ᠠᠮᠧᠷᠢᠺᠠ᠂ ᠠᠩᠭ᠍ᠯᠢ᠂ ᠫᠸᠷᠦ᠋᠂ ᠺᠠᠨᠠᠳᠠ᠂ ᠬᠤᠯᠠᠨᠳ᠋᠂ ᠹᠢᠨᠯᠠᠨᠳ᠋᠂ ᠮᠠᠯᠠᠸᠢ᠂ ᠪᠠᠭ᠋ᠠᠮᠠ ᠪᠠᠭᠲᠠᠨ᠎ᠠ᠃      ᠬᠤᠶᠠᠷ᠂ ᠶᠠᠭᠤ ᠶᠢ ︽ᠬᠦᠷᠦᠭᠡᠳ ᠣᠯᠭᠤᠬᠤ ᠸᠢᠰᠠ︾ ᠭᠡᠬᠦ ᠪᠣᠶ︖       ᠬᠠᠷᠢᠭᠤᠯᠲᠠ᠄ ᠪᠣᠭᠤᠮᠲᠠ ᠶᠢᠨ ᠸᠢᠰᠠ ᠶᠢ ᠡᠩ ᠤᠨ ᠶᠠᠷᠢᠶᠠᠨ ᠳᠤ ᠬᠦᠷᠦᠭᠡᠳ ᠣᠯᠭᠤᠬᠤ ᠸᠢᠰᠠ ᠭᠡᠳᠡᠭ᠂ ᠡᠨᠡ ᠨᠢ ᠨᠢᠭᠡ ᠤᠯᠤᠰ ᠤᠨ ᠸᠢᠰᠠ ᠶᠢᠨ ᠪᠠᠶᠢᠭᠤᠯᠭ᠎ᠠ ᠠᠴᠠ ᠲᠣᠰ ᠤᠯᠤᠰ ᠤᠨ ᠬᠢᠯᠢ ᠳᠤ ᠣᠷᠣᠬᠤ ᠪᠣᠭᠤᠮᠲᠠ ᠲᠡᠭᠡᠷ᠎ᠡ ᠨᠢᠭᠡᠨᠲᠡ ᠬᠦᠷᠴᠦ ᠢᠷᠡᠭᠰᠡᠨ ᠭᠠᠳᠠᠭᠠᠳᠤ ᠶᠢᠨ ᠬᠥᠮᠦᠨ ᠳᠤ ᠬᠠᠤᠯᠢ ᠶᠣᠰᠣᠭᠠᠷ ᠸᠢᠰᠠ ᠣᠯᠭᠤᠵᠤ᠂ ᠲᠤᠬᠠᠶ ᠶᠢᠨ ᠬᠥᠮᠦᠨ ᠤ ᠴᠠᠭ ᠲᠤᠬᠠᠶ ᠳᠤᠨᠢ ᠬᠢᠯᠢ  ᠪᠡᠷ ᠣᠷᠣᠵᠤ ᠪᠠᠴᠢᠮ ᠶᠠᠪᠤᠳᠠᠯ ᠢ ᠰᠢᠢᠳᠪᠦᠷᠢᠯᠡᠬᠦ ᠳᠤ ᠲᠥᠬᠦᠮ ᠦᠵᠡᠭᠦᠯᠬᠦ ᠶᠢ ᠵᠢᠭᠠᠵᠤ ᠪᠠᠢᠨ᠎ᠠ᠃ ᠪᠣᠭᠤᠮᠲᠠ ᠲᠡᠭᠡᠷ᠎ᠡ ᠸᠢᠰᠠ ᠣᠯᠭᠤᠬᠤ ᠶᠢ ᠬᠡᠷᠡᠭᠵᠢᠭᠦᠯᠵᠦ ᠪᠠᠶᠢᠭ᠎ᠠ ᠤᠯᠤᠰ ᠠᠴᠠ ᠴᠥᠮ ᠪᠣᠭᠤᠮᠲᠠ ᠶᠢᠨ ᠸᠢᠰᠠ ᠭᠤᠶᠤᠴᠢᠯᠠᠬᠤ ᠨᠥᠬᠦᠴᠡᠯ ᠪᠠ ᠵᠢᠷᠤᠮ ᠢ ᠲᠣᠭᠲᠠᠭᠠᠭᠰᠠᠨ ᠪᠠᠶᠢᠳᠠᠭ᠃      ᠭᠤᠷᠪᠠ᠂ ᠶᠠᠭᠤ ᠶᠢ ᠸᠢᠰᠠ ᠠᠪᠬᠤ ᠥᠬᠡᠶ ᠭᠡᠬᠦ ᠪᠣᠶ︖ ᠶᠠᠭᠤ ᠶᠢ ᠠᠩᠬᠠᠷᠬᠤ ᠴᠢᠬᠤᠯᠠᠲᠠᠶ ᠪᠣᠶ︖      ᠬᠠᠷᠢᠭᠤᠯᠲᠠ᠄ ᠬᠤᠶᠠᠷ ᠤᠯᠤᠰ ᠤᠨ ᠵᠠᠰᠠᠭ ᠤᠨ ᠣᠷᠳᠣᠨ ᠤ ᠬᠤᠭᠤᠷᠣᠨᠳᠣᠬᠢ ᠬᠡᠯᠡᠯᠴᠡᠭᠡᠷ ᠪᠤᠶᠤ ᠨᠢᠭᠡ ᠲᠠᠯ᠎ᠠ ᠶᠢᠨ ᠬᠦᠰᠡᠯ ᠰᠠᠨᠠᠭ᠎ᠠ ᠶᠢ ᠦᠨᠳᠦᠰᠦᠯᠡᠨ᠂ ᠬᠠᠷᠠᠭᠠᠯᠵᠠᠭᠰᠠᠨ ᠤᠯᠤᠰ ᠤᠨ ᠣᠨᠴᠠ ᠲᠣᠭᠲᠠᠭᠰᠠᠨ ᠫᠠᠰᠫᠣᠷᠲ ᠲᠠᠢ ᠬᠥᠮᠦᠰ ᠲᠤ ᠬᠢᠯᠢ ᠳᠤ ᠣᠷᠣᠬᠤ ᠳᠤ ᠸᠢᠰᠠ ᠠᠪᠬᠤ ᠦᠭᠡᠢ ᠬᠠᠷᠠᠭᠠᠯᠵᠠᠯ ᠣᠯᠭᠤᠨ᠎ᠠ᠃ ᠬᠡᠷᠪᠡ ᠳᠤᠮᠳᠠᠳᠤ ᠤᠯᠤᠰ ᠲᠠᠢ ᠬᠠᠷᠢᠯᠴᠠᠨ ᠸᠢᠰᠠ ᠠᠪᠬᠤ ᠦᠭᠡᠢ ᠬᠡᠯᠡᠯᠴᠡᠭᠡᠷ ᠲᠣᠭᠲᠠᠭᠰᠠᠨ ᠤᠯᠤᠰ ᠲᠤ ᠣᠴᠢᠬᠤ ᠭᠡᠪᠡᠯ᠂ ᠬᠢᠯᠢ ᠳᠤ ᠣᠷᠣᠬᠤ ᠠᠴᠠ ᠪᠠᠨ ᠡᠮᠦᠨ᠎ᠡ ᠬᠡᠯᠡᠯᠴᠡᠭᠡᠷ ᠢ ᠨᠠᠷᠢᠨ ᠬᠢᠨᠠᠮᠠᠭᠠᠶ ᠤᠩᠰᠢᠵᠤ᠂ ᠸᠢᠰᠠ ᠠᠪᠬᠤ ᠦᠭᠡᠢ ᠳᠦ ᠪᠣᠯᠬᠤ ᠪᠣᠯᠬᠤ ᠫᠠᠰᠫᠣᠷᠲ ᠤᠨ ᠲᠥᠷᠥᠯ ᠬᠡᠯᠪᠡᠷᠢ᠂ ᠸᠢᠰᠠ ᠠᠪᠬᠤ ᠦᠭᠡᠢ ᠪᠡᠷ ᠰᠠᠭᠤᠵᠤ ᠪᠣᠯᠬᠤ ᠡᠳᠦᠷ ᠤᠨ ᠲᠤᠭ᠎ᠠ ᠪᠤᠶᠤ ᠪᠤᠰᠤᠳ ᠣᠨᠴᠠᠭᠠᠶ ᠱᠠᠭᠠᠷᠳᠠᠯᠭ᠎ᠠ ᠶᠢ  ᠲᠣᠳᠤᠷᠬᠠᠢ ᠮᠡᠳᠡᠬᠦ ᠬᠡᠷᠡᠭᠲᠡᠢ᠃      ᠳᠥᠷᠪᠡ᠂ ᠠᠯᠪᠠᠨ ᠶᠠᠪᠤᠳᠠᠯ ᠢᠶᠠᠷ ᠠᠮᠧᠷᠢᠺᠠ ᠳᠤ ᠣᠴᠢᠭᠰᠠᠳ ᠠᠮᠧᠷᠢᠺᠠ ᠶᠢᠨ ᠸᠢᠰᠠ ᠠᠪᠬᠤ ᠪᠡᠷ ᠨᠢᠭᠤᠷᠳᠠᠨ ᠶᠠᠷᠢᠯᠴᠠᠬᠤ ᠪᠡᠷ ᠪᠣᠯᠵᠤᠬᠤ ᠦᠢᠯᠡᠴᠢᠯᠡᠭᠡ ᠶᠢ ᠬᠡᠷᠭᠢᠨ ᠬᠦᠢᠴᠡᠳᠭᠡᠬᠦ ᠪᠣᠢ︖       ᠬᠠᠷᠢᠭᠤᠯᠲᠠ᠄ ᠪᠦᠯᠬᠦᠮ ᠳᠤᠭᠤᠶᠢᠯᠠᠩ ᠤᠨ ᠬᠢᠨ ᠭᠠᠳᠠᠭᠠᠳᠤ ᠶᠠᠪᠤᠳᠠᠯ ᠤᠨ ᠶᠠᠮᠤᠨ ᠤ ᠺᠤᠨᠰᠦ᠋ᠯ ᠤᠨ ᠵᠤᠷᠭᠠᠨ ᠳᠤ ᠪᠣᠯᠵᠣᠵᠤ ᠨᠢᠭᠤᠷᠲᠠᠨ ᠶᠠᠷᠢᠯᠴᠠᠬᠤ ᠮᠠᠲ᠋ᠧᠷᠢᠶᠠᠯ ᠵᠢᠴᠢ ᠫᠠᠰᠫᠣᠷᠲ ᠢᠶᠠᠨ ᠲᠤᠰᠢᠶᠠᠬᠤ ᠬᠡᠷᠡᠭᠲᠡᠶ᠂ ᠡᠩ ᠤᠨ ᠪᠠᠶᠢᠳᠠᠯ ᠳᠤ ᠺᠤᠨᠰᠦ᠋ᠯ ᠤᠨ ᠵᠤᠷᠭᠠᠨ ᠳᠤ  ᠲᠤᠰᠢᠶᠠᠭᠰᠠᠨ 3 ᠠᠵᠢᠯᠯᠠᠬᠤ ᠡᠳᠦᠷ ᠤᠨ ᠳᠠᠷᠠᠭ᠎ᠠ ᠺᠤᠨᠰᠦ᠋ᠯ ᠤᠨ ᠵᠤᠷᠭᠠᠨ ᠠᠴᠠ ᠭᠠᠷᠭᠠᠭᠰᠠᠨ ᠵᠢᠩᠬᠢᠨᠢ ᠨᠣᠲ᠋ᠠ ᠪᠢᠴᠢᠭ᠂ ᠪᠣᠯᠵᠣᠵᠤ ᠨᠢᠭᠤᠷᠲᠠᠨ ᠶᠠᠷᠢᠯᠴᠠᠬᠤ ᠴᠠᠭ ᠵᠢᠴᠢ ᠪᠠᠷᠢᠮᠲᠠ ᠨᠠᠭᠠᠭᠰᠠᠨ ᠫᠠᠰᠫᠣᠷᠲ ᠢᠶᠠᠨ ᠠᠪᠴᠤ ᠪᠣᠯᠤᠨ᠎ᠠ᠃       ᠲᠠᠪᠤ᠂ ᠠᠯᠪᠠᠨ ᠶᠠᠪᠤᠳᠠᠯ ᠤᠨ ᠫᠠᠰᠫᠣᠷᠲ ᠤᠨ ᠳᠣᠲᠣᠷᠠᠬᠢ ︽ᠦᠨᠡᠮᠯᠡᠯ ᠭᠠᠷᠳᠠᠭᠴᠢ ᠶᠢᠨ ᠭᠠᠷ ᠤᠨ ᠦᠰᠦᠭ︾ ᠲᠤ ᠶᠠᠭᠤ ᠶᠢ ᠠᠩᠬᠠᠷᠬᠤ ᠬᠡᠷᠡᠭᠲᠡᠶ ᠪᠤᠢ︖       ᠬᠠᠷᠢᠭᠤᠯᠲᠠ᠄ ᠠᠯᠪᠠᠨ ᠶᠠᠪᠤᠳᠠᠯ ᠤᠨ ᠫᠠᠰᠫᠣᠷᠲ ᠤᠨ ᠳᠣᠲᠣᠷᠠᠬᠢ ︽ᠦᠨᠡᠮᠯᠡᠯ ᠭᠠᠷᠳᠠᠭᠴᠢ ᠶᠢᠨ ᠭᠠᠷ ᠤᠨ ᠥᠰᠥᠭ︾ ᠭᠡᠬᠦ ᠵᠦᠢᠯ ᠳᠤ ᠡᠷᠬᠡᠪᠰᠢ ᠲᠣᠰ ᠬᠥᠮᠦᠨ ᠨᠢ ᠭᠠᠷ ᠤᠨ ᠥᠰᠥᠭ ᠵᠢᠷᠤᠭᠰᠠᠨ ᠪᠠᠶᠢᠬᠤ ᠬᠡᠷᠡᠭᠲᠡᠶ᠂ ᠡᠯ᠎ᠡ ᠤᠯᠤᠰ ᠤᠨ ᠸᠢᠰᠠ ᠶᠢᠨ ᠬᠦᠰᠦᠨᠦᠭᠲᠦ ᠶᠢᠨ ᠰᠡᠭᠦᠯ  ᠳᠠᠬᠢ ᠭᠤᠶᠤᠴᠢᠯᠠᠭᠴᠢ ᠶᠢᠨ ᠭᠠᠷ ᠤᠨ ᠥᠰᠥᠭ ᠨᠢ ᠡᠷᠬᠡᠪᠰᠢ ︽ᠦᠨᠡᠮᠯᠡᠯ ᠭᠠᠷᠳᠠᠭᠴᠢ ᠶᠢᠨ ᠭᠠᠷ ᠤᠨ ᠥᠰᠥᠭ︾ ᠲᠠᠢ ᠠᠳᠠᠯᠢᠬᠠᠨ ᠪᠠᠶᠢᠬᠤ ᠬᠡᠷᠡᠭᠲᠡᠶ᠂ ᠡᠰᠡ ᠲᠡᠭᠡᠪᠡᠯ ᠡᠯᠴᠢᠨ ᠰᠠᠶᠢᠳ ᠤᠨ ᠶᠠᠮᠤᠨ ᠠᠴᠠ ᠸᠢᠰᠠ ᠣᠯᠭᠤᠬᠤ ᠲᠡᠪᠴᠢᠬᠦ ᠪᠤᠶᠤ ᠴᠢᠨᠠᠭᠰᠢᠯᠠᠪᠠᠯ ︽ᠬᠠᠷ᠎ᠠ ᠲᠠᠩᠰᠠ︾ ᠳᠤ ᠣᠷᠣᠭᠤᠯᠵᠤ ᠮᠡᠳᠡᠨ᠎ᠡ᠃       ᠵᠢᠷᠭᠤᠭ᠎ᠠ᠂ ᠶᠠᠮᠠᠷ ᠶᠠᠮᠠᠷ ᠪᠠᠶᠢᠳᠠᠯ ᠳᠤ ᠭᠠᠳᠠᠭᠠᠳᠤ ᠳᠤ ︵ᠬᠢᠯᠢ ᠠᠴᠠ︶ ᠭᠠᠷᠬᠤ ᠭᠡᠷᠡᠴᠢ ᠭᠠᠷᠭᠠᠵᠤ ᠥᠭᠭᠦᠪᠡᠯ ᠰᠠᠶ᠋ᠢ ᠬᠢᠯᠢ ᠠᠴᠠ ᠭᠠᠷᠴᠤ ᠪᠣᠯᠬᠤ ᠪᠣᠶ︖       ᠬᠠᠷᠢᠭᠤᠯᠲᠠ᠄ ᠠᠯᠪᠠᠨ ᠶᠠᠪᠤᠳᠠᠯ ᠤᠨ ᠫᠠᠰᠫᠣᠷᠲ ᠲᠠᠢ ᠬᠥᠮᠦᠨ ᠸᠢᠰᠠ ᠠᠪᠬᠤ ᠥᠬᠡᠶ᠂ ᠬᠦᠷᠦᠭᠰᠡᠨ ᠭᠠᠵᠠᠷ ᠤᠨ ᠸᠢᠰᠠ  ᠠᠪᠬᠤ ᠦᠭᠡᠢ ᠵᠢᠴᠢ ᠴᠠᠭᠠᠰᠤ ᠨᠠᠭᠠᠬᠤ ᠦᠭᠡᠢ ᠡᠯᠧᠺᠲᠷᠣᠨ ᠤ ᠲᠥᠷᠥᠯ ᠤᠨ ᠸᠢᠰᠠ ᠠᠪᠬᠤ ᠥᠬᠡᠶ ᠤᠯᠤᠰ ᠲᠤ ᠣᠴᠢᠬᠤ ᠪᠤᠶᠤ ᠸᠢᠰᠠ ᠶᠢᠨ ᠴᠢᠳᠠᠮᠵᠢ ᠥᠬᠡᠶ ᠤᠯᠤᠰ ᠲᠤ ᠠᠯᠪᠠᠨ ᠶᠠᠪᠤᠳᠠᠯ ᠤᠨ ᠠᠶᠢᠯᠴᠢᠯᠠᠯᠲᠠ ᠬᠢᠬᠦ ᠳᠤ ᠲᠣᠮᠢᠯᠠᠭᠰᠠᠨ ᠨᠢᠭᠡᠴᠡ ᠠᠴᠠ ᠭᠠᠳᠠᠭᠠᠳᠤ ᠳᠤ ︵ᠬᠢᠯᠢ ᠡᠴᠡ︶ ᠭᠠᠷᠬᠤ ᠭᠡᠷᠡᠴᠢ ᠶᠢ ᠤᠷᠢᠳᠴᠢᠯᠠᠨ ᠬᠢᠵᠦ ᠥᠭᠬᠦ ᠬᠡᠷᠡᠭᠲᠡᠶ᠃      ᠲᠤᠯᠤᠭ᠎ᠠ᠂ ᠶᠠᠭᠤ ᠶᠢ ᠥᠪᠡᠷ ᠢᠶᠠᠨ ᠬᠦᠷᠭᠡᠵᠦ ᠥᠪᠡᠷ ᠢᠶᠠᠨ ᠠᠪᠬᠤ ᠭᠡᠬᠦ ᠪᠤᠢ︖ ᠬᠠᠷᠢᠭᠤᠯᠲᠠ᠄ ᠠᠯᠪᠠᠨ ᠶᠠᠪᠤᠳᠠᠯ ᠠᠴᠠ ᠪᠣᠯᠵᠤ  ᠸᠢᠰᠠ ᠠᠪᠬᠤ ᠠᠵᠢᠯ ᠶᠠᠪᠤᠳᠠᠯ ᠢ ᠬᠦᠢᠴᠡᠳᠭᠡᠬᠦ ᠨᠢᠭᠡᠴᠡ ᠶᠢᠨ ᠸᠢᠰᠠ ᠶᠢᠨ ᠲᠤᠰᠬᠠᠶ ᠠᠵᠢᠯᠲᠠᠨ ᠭᠠᠳᠠᠭᠠᠳᠤ ᠶᠠᠪᠤᠳᠠᠯ ᠤᠨ ᠶᠠᠮᠤᠨ ᠤ ᠲᠠᠨᠢᠯᠴᠠᠭᠤᠯᠭ᠎ᠠ ᠶᠢᠨ ᠪᠢᠴᠢᠭ ᠢ ᠠᠪᠴᠤ ᠡᠯᠴᠢᠨ ᠰᠠᠶᠢᠳ ᠤᠨ ᠶᠠᠮᠤᠨ ᠳᠤ ᠬᠦᠷᠴᠦ  ᠸᠢᠰᠠ ᠭᠤᠶᠤᠴᠢᠯᠠᠬᠤ ᠮᠠᠲᠸᠢᠷᠢᠶᠠᠯ ᠢᠶᠠᠨ ᠬᠦᠷᠭᠡᠵᠦ ᠥᠭᠬᠦ ᠪᠠ ᠸᠢᠰᠠ ᠠᠪᠬᠤ ᠭᠠᠷ ᠭᠦᠢᠴᠡᠳᠬᠡᠯ ᠢ ᠥᠪᠡᠷ ᠢᠶᠠᠨ ᠬᠢᠨ᠎ᠡ᠃       ᠨᠠᠢᠮᠠ᠂ ᠶᠠᠮᠠᠷ ᠪᠠᠶᠢᠳᠠᠯ ᠳᠣᠣᠷ᠎ᠠ ᠥᠪᠡᠷ ᠢᠶᠠᠨ ᠬᠦᠷᠭᠡᠵᠦ ᠥᠪᠡᠷ ᠢᠶᠠᠨ ᠠᠪᠬᠤ ᠪᠠᠷ ᠭᠤᠶᠤᠴᠢᠯᠠᠵᠤ ᠪᠣᠯᠬᠤ ᠪᠤᠢ︖       ᠬᠠᠷᠢᠭᠤᠯᠲᠠ᠄ ᠮᠣᠷᠳᠠᠵᠤ ᠭᠠᠷᠬᠤ ᠴᠠᠭ ᠨᠢ ᠪᠠᠴᠢᠮ᠂ ᠺᠤᠨᠰᠦ᠋ᠯ ᠤᠨ ᠵᠤᠷᠭᠠᠨ ᠭᠠᠳᠠᠭᠰᠢ ᠭᠠᠷᠴᠤ ᠠᠵᠢᠯ ᠶᠠᠪᠤᠳᠠᠯ ᠦᠢᠯᠡᠴᠢᠯᠡᠭᠡ ᠶᠢ ᠵᠣᠬᠢᠴᠠᠭᠤᠯᠬᠤ ᠳᠤ ᠪᠡᠷᠬᠡᠲᠡᠶ ᠪᠠᠶᠢᠳᠠᠯ ᠤᠨ ᠳᠣᠣᠷ᠎ᠠ᠂ ᠭᠠᠵᠠᠷ ᠤᠨ ᠤᠳᠤᠷᠢᠳᠤᠯᠭ᠎ᠠ ᠪᠠᠷ ᠵᠥᠪᠰᠢᠶᠡᠷᠡᠭᠦᠯᠦᠭᠰᠡᠨ ᠤ ᠳᠠᠷᠠᠭ᠎ᠠ ᠲᠤᠰᠬᠠᠶ ᠠᠵᠢᠯᠲᠠᠨ ᠠᠴᠠ ᠭᠤᠶᠤᠴᠢᠯᠠᠯ ᠭᠠᠷᠭᠠᠨ᠎ᠠ᠃ ᠵᠠᠷᠴᠢᠮ ᠳᠡᠭᠡᠷ᠎ᠡ ᠪᠠᠨ ᠲᠤᠰᠬᠠᠶ  ᠠᠵᠢᠯᠲᠠᠨ ᠲᠠᠨᠢᠯᠴᠠᠭᠤᠯᠭ᠎ᠠ ᠶᠢᠨ ᠪᠢᠴᠢᠭ᠂ ᠲᠤᠰᠬᠠᠶ ᠠᠵᠢᠯᠲᠠᠨ ᠦ ︽ᠸᠢᠰᠠ︾  ᠶᠢᠨ ᠠᠵᠢᠯ ᠶᠠᠪᠤᠳᠠᠯ ᠤᠨ ᠲᠤᠰᠬᠠᠢ ᠺᠠᠷᠲ ᠵᠢᠴᠢ ᠬᠣᠯᠪᠤᠭᠳᠠᠯ ᠪᠥᠬᠦᠶ ᠮᠠᠲ᠋ᠧᠷᠢᠶᠠᠯ ᠢ ᠠᠪᠴᠤ ᠡᠯᠴᠢᠨ ᠰᠠᠶᠢᠳ ᠤᠨ ᠶᠠᠮᠤᠨ ᠳᠤ ᠬᠦᠷᠭᠡᠵᠦ᠂ ᠸᠢᠰᠠ ᠭᠠᠷᠭᠠᠨ ᠠᠪᠤᠨ᠎ᠠ᠃       ᠶᠢᠰᠦ᠂ ᠠᠯᠪᠠᠨ ᠶᠠᠪᠤᠳᠠᠯ᠂ ᠬᠤᠪᠢ ᠶᠢᠨ ᠶᠠᠪᠤᠳᠠᠯ ᠤᠨ ᠫᠠᠰᠫᠣᠷᠲ ᠢᠶᠠᠷ ᠸᠢᠰᠠ ᠭᠤᠶᠤᠴᠢᠯᠠᠬᠤ ᠳᠤ ᠬᠤᠯᠢᠯᠳᠤᠭᠤᠯᠤᠨ ᠬᠦᠷᠭᠡᠵᠦ ᠪᠣᠯᠤᠨ᠎ᠠ ᠤᠤ ᠦᠭᠡᠢ ᠤᠤ︖       ᠬᠠᠷᠢᠭᠤᠯᠲᠠ᠄ ᠠᠯᠪᠠᠨ ᠶᠠᠪᠤᠳᠠᠯ  ᠭᠦᠢᠴᠡᠳᠬᠡᠬᠦ ᠬᠦᠮᠦᠨ ᠲᠦᠷ ᠴᠠᠭ ᠭᠠᠳᠠᠭᠠᠳᠤ ᠳᠤ ᠭᠠᠷᠴᠤ ᠠᠯᠪᠠᠨ ᠶᠠᠪᠤᠳᠠᠯ ᠭᠦᠢᠴᠡᠳᠬᠡᠬᠦ ᠳᠤ ᠠᠯᠪᠠᠨ ᠶᠠᠪᠤᠳᠠᠯ ᠤᠨ ᠫᠠᠰᠫᠣᠷᠲ ᠲᠠᠢ ᠪᠠᠶᠢᠬᠤ ᠬᠡᠷᠡᠭᠲᠡᠶ᠂ ᠠᠯᠪᠠᠨ ᠶᠠᠪᠤᠳᠠᠯ ᠬᠤᠪᠢ ᠶᠢᠨ ᠶᠠᠪᠤᠳᠠᠯ  ᠤᠨ ᠫᠠᠰᠫᠣᠷᠲ ᠤᠨ ᠭᠤᠶᠤᠴᠢᠯᠠᠯ ᠢ ᠬᠤᠯᠢᠯᠳᠤᠭᠤᠯᠤᠨ ᠬᠦᠷᠭᠡᠬᠦ ᠶᠢ ᠵᠠᠷᠴᠢᠮ ᠳᠡᠭᠡᠷ᠎ᠡ ᠪᠠᠨ ᠬᠦᠯᠢᠶᠡᠨ ᠠᠪᠴᠤ ᠰᠢᠢᠳᠪᠦᠷᠢᠯᠡᠬᠦ ᠦᠭᠡᠶ᠂ ᠳᠤᠮᠳᠠᠳᠤ ᠤᠯᠤᠰ ᠲᠤ ᠰᠠᠭᠤᠭ᠎ᠠ ᠭᠠᠳᠠᠭᠠᠳᠤ ᠶᠢᠨ ᠡᠯᠴᠢᠨ ᠰᠠᠶᠢᠳ ᠤᠨ ᠶᠠᠮᠤᠨ ᠴᠤ ᠶᠡᠷᠦ ᠳᠡᠭᠡᠨ ᠠᠯᠪᠠᠨ ᠶᠠᠪᠤᠳᠠᠯ ᠬᠤᠪᠢ ᠶᠢᠨ ᠶᠠᠪᠤᠳᠠᠯ  ᠤᠨ ᠬᠢ ᠶᠢ ᠬᠤᠯᠢᠯᠳᠤᠭᠤᠯᠤᠨ ᠬᠦᠷᠭᠡᠬᠦ ᠭᠤᠶᠤᠴᠢᠯᠠᠯ ᠢ ᠬᠦᠯᠢᠶᠡᠨ ᠠᠪᠬᠤ ᠦᠭᠡᠶ᠃       ᠠᠷᠪᠠ᠂ ᠭᠠᠳᠠᠭᠠᠳᠤ ᠤᠯᠤᠰ ᠲᠤ ᠣᠴᠢᠵᠤ ᠨᠠᠶᠢᠵᠠ ᠨᠥᠬᠦᠳ ᠲᠠᠢ ᠪᠠᠨ ᠵᠣᠯᠭᠠᠬᠤ ᠳᠤ᠂ ᠥᠪᠡᠷᠲᠡᠭᠡᠨ ᠵᠠᠰᠠᠬᠤ ᠣᠷᠣᠨ ᠤ ᠭᠠᠳᠠᠭᠠᠳᠤ ᠶᠠᠪᠤᠳᠠᠯ ᠤᠨ ᠠᠯᠪᠠᠨ ᠭᠡᠷ ᠠᠴᠠ ᠸᠢᠰᠠ ᠶᠢ ᠣᠷᠣᠯᠠᠨ ᠭᠦᠢᠴᠡᠳᠬᠡᠵᠦ ᠪᠣᠯᠤᠨ᠎ᠠ ᠤᠤ︖       ᠬᠠᠷᠢᠭᠤᠯᠲᠠ᠄ ᠥᠪᠡᠷᠲᠡᠭᠡᠨ ᠵᠠᠰᠠᠬᠤ ᠣᠷᠣᠨ ᠤ ᠭᠠᠳᠠᠭᠠᠳᠤ ᠶᠠᠪᠤᠳᠠᠯ ᠤᠨ ᠠᠯᠪᠠᠨ ᠬᠡᠷ ᠵᠠᠷᠴᠢᠮ ᠳᠡᠭᠡᠷ᠎ᠡ ᠪᠠᠨ ᠵᠥᠪᠬᠡᠨ ᠠᠯᠪᠠᠨ ᠶᠠᠪᠤᠳᠠᠯ ᠤᠨ ᠫᠠᠰᠫᠣᠷᠲ ᠢᠶᠠᠷ ᠢᠶᠠᠨ ᠭᠠᠳᠠᠭᠠᠳᠤ ᠳᠤ ᠠᠯᠪᠠᠨ ᠶᠠᠪᠤᠳᠠᠯ ᠭᠦᠢᠴᠡᠳᠭᠡᠬᠦ ᠪᠡᠷ ᠣᠴᠢᠬᠤ ᠬᠦᠮᠦᠨ ᠬᠦᠮᠦᠨ ᠳᠦ  ᠸᠢᠰᠠ ᠶᠢ ᠣᠷᠣᠯᠠᠨ ᠭᠦᠢᠴᠡᠳᠬᠡᠵᠦ ᠦᠭᠭᠦᠨ᠎ᠡ᠃ ᠡ᠊ᠩ ᠤᠨ ᠠᠷᠠᠳ ᠲᠦᠷᠦᠯ ᠰᠠᠳᠤᠨ ᠢᠶᠠᠨ ᠡᠷᠭᠢᠵᠦ ᠦᠵᠡᠬᠦ᠂ ᠨᠠᠶᠢᠵᠠ ᠨᠥᠬᠦᠳ ᠲᠠᠢ ᠵᠣᠯᠭᠠᠬᠤ ᠪᠡᠷ ᠣᠴᠢᠬᠤ᠂ ᠵᠤᠭᠠᠴᠠᠨ ᠲᠣᠭᠤᠷᠢᠬᠤ᠂ ᠭᠠᠳᠠᠭᠠᠳᠤ ᠳᠤ ᠭᠠᠷᠴᠤ ᠰᠤᠷᠤᠯᠴᠠᠬᠤ ᠬᠥᠳᠡᠯᠮᠦᠷᠢ ᠶᠢᠨ ᠶᠠᠪᠤᠳᠠᠯ ᠵᠡᠷᠭᠡ ᠵᠣᠷᠢᠯᠭ᠎ᠠ ᠪᠠᠷ ᠭᠠᠳᠠᠭᠠᠳᠤ ᠳᠤ ᠭᠠᠷᠬᠤ ᠳᠤ᠂ ᠲᠡᠭᠦᠨ ᠤ ᠭᠠᠳᠠᠭᠠᠳᠤ ᠳᠤ ᠭᠠᠷᠬᠤ ᠬᠠᠷᠠᠭᠠᠯᠵᠠᠭᠰᠠᠨ ᠭᠠᠷ ᠭᠦᠢᠴᠡᠳᠬᠡᠯ ᠢ ᠭᠤᠶᠤᠴᠢᠯᠠᠭᠴᠢ ᠥᠪᠡᠷ ᠢᠶᠠᠨ ᠭᠦᠢᠴᠡᠳᠬᠡᠨ᠎ᠡ᠃                ᠢᠷᠡᠯᠲᠡ᠄ ᠬᠤᠲᠠ ᠶᠢᠨ ᠭᠠᠳᠠᠭᠠᠳᠤ ᠶᠠᠪᠤᠳᠠᠯ ᠤᠨ ᠠᠯᠪᠠᠨ ᠬᠡᠷ 
ᠢᠷᠡᠯᠲᠡ᠄ ᠬᠦᠬᠡᠬᠤᠲᠠ ᠶᠢᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ