ᠦᠴᠦᠭᠡᠳᠦᠷ ᠠᠴᠠ ᠡᠬᠢᠯᠡᠨ ᠬᠥᠬᠡᠬᠤᠲᠠ ᠶᠢᠨ ᠨᠢᠰᠬᠡᠯ ᠤᠨ ᠪᠠᠭᠤᠳᠠᠯ ᠤᠨ ︽ᠬᠥᠬᠡᠬᠤᠲᠠ ᠪᠠᠷ ᠳᠡᠮᠵᠢᠨ ᠨᠢᠰᠬᠦ︾ ᠲᠤᠬᠠᠶᠢᠯᠠᠭᠰᠠᠨ ᠠᠵᠢᠯ ᠢ ᠰᠡᠷᠭᠦᠭᠡᠪᠡ
ᠨᠡᠶᠢᠲᠡᠯᠡᠭᠰᠡᠨ ᠴᠠᠭ᠄
2021/12/16
      ︵ᠰᠤᠷᠪᠤᠯᠵᠢᠯᠠᠭᠴᠢ ᠶᠦᠨ ᠶᠠᠨ ᠹᠠᠩ︶ ᠰᠤᠷᠪᠤᠯᠵᠢᠯᠠᠭᠴᠢ ᠬᠥᠬᠡᠬᠤᠲᠠ ᠶᠢᠨ ᠨᠢᠰᠬᠡᠯ ᠤᠨ ᠪᠠᠭᠤᠳᠠᠯ ᠠᠴᠠ ᠤᠢᠢᠯᠠᠭᠠᠭᠰᠠᠨ ᠢᠶᠠᠷ᠂ 12  ᠳ᠋ᠤᠭᠠᠷ ᠰᠠᠷ᠎ᠠ ᠶᠢᠨ 15 ᠤ ᠡᠳᠦᠷ ᠠᠴᠠ ᠡᠬᠢᠯᠡᠨ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠠᠭᠠᠷ ᠤᠨ ᠲᠡᠭᠡᠭᠡᠪᠦᠷᠢ ᠶᠢᠨ ᠨᠢᠰᠬᠡᠯ ᠤᠨ ᠪᠠᠭᠤᠳᠠᠯ ᠤᠨ ᠪᠦᠯᠦᠭᠯᠡᠯ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ︽ᠬᠥᠬᠡᠬᠤᠲᠠ ᠪᠠᠷ ᠳᠠᠮᠵᠢᠨ ᠨᠢᠰᠬᠦ︾  ᠲᠤᠬᠠᠶᠢᠯᠠᠭᠰᠠᠨ ᠠᠵᠢᠯ ᠢ ᠰᠡᠷᠭᠦᠭᠡᠵᠦ᠂ ᠬᠠᠷᠢᠶᠠᠯᠠᠭᠳᠠᠬᠤ ᠡᠯ᠎ᠡ ᠰᠠᠯᠪᠤᠷᠢ ᠱᠤᠭᠤᠮ ᠤᠨ ᠨᠢᠰᠬᠡᠯ ᠤᠨ ᠪᠠᠭᠤᠳᠠᠯ ᠠᠴᠠ ᠮᠣᠷᠳᠠᠬᠤ ︽ᠬᠥᠬᠡᠬᠤᠲᠠ ᠪᠠᠷ ᠳᠠᠮᠵᠢᠨ ᠨᠢᠰᠬᠦ︾  ᠠᠶᠠᠨᠴᠢᠳ ᠴᠥᠮ ᠡᠬᠢᠯᠡᠯᠲᠡ ᠶᠢᠨ ᠦᠷᠲᠡᠭᠡ ᠶᠢᠨ ᠰᠠᠯᠪᠤᠷᠢ ᠱᠤᠭᠤᠮ ᠤᠨ ᠨᠢᠰᠬᠡᠯ ᠤᠨ ᠪᠠᠭᠤᠳᠠᠯ ᠳᠤ ︽ᠨᠢᠭᠡ ᠤᠳᠠᠭ᠎ᠠ ᠳᠤ ᠨᠢᠰᠬᠡᠯ ᠳᠤ ᠰᠠᠭᠤᠬᠤ ᠭᠠᠷᠳᠠᠮ ᠭᠦᠢᠴᠡᠳᠬᠡᠬᠦ ︾ ᠪᠠ ︽ᠠᠴᠢᠶ᠎ᠠ ᠰᠢᠭᠤᠳ  ᠬᠦᠷᠬᠦ ᠭᠠᠷᠳᠠᠮ ᠭᠦᠢᠴᠡᠳᠬᠡᠬᠦ︾ ᠲᠤᠬᠠᠶᠢᠯᠠᠭᠰᠠᠨ ᠠᠵᠢᠯ ᠢ ᠭᠦᠢᠴᠡᠳᠬᠡᠵᠦ ᠪᠣᠯᠤᠨ᠎ᠠ︔ ᠪᠣᠶ ᠪᠥᠬᠦᠶ ︽ᠬᠥᠬᠡᠬᠤᠲᠠ ᠪᠠᠷ ᠳᠡᠮᠵᠢᠨ ᠨᠢᠰᠬᠦ ︾ ᠠᠶᠠᠨᠴᠢᠳ ᠴᠥᠮ ᠬᠥᠬᠡᠬᠤᠲᠠ ᠶᠢᠨ ᠨᠢᠰᠬᠡᠯ ᠤᠨ ᠪᠠᠭᠤᠳᠠᠯ ᠤᠨ ᠬᠠᠩᠭᠠᠭᠰᠠᠨ ᠳᠠᠮᠵᠢᠭᠤᠯᠬᠤ ᠦᠢᠯᠡᠴᠢᠯᠡᠭᠡ ᠶᠢ ᠭᠥᠷᠳᠡᠵᠦ ᠪᠣᠯᠤᠨ᠎ᠠ ︵ᠬᠤᠨᠤᠭ ᠥᠨᠵᠢᠭᠡᠳ ᠳᠠᠮᠵᠢᠨ ᠦᠩᠭᠡᠷᠡᠬᠦ ᠳᠤ ᠰᠦᠢᠳᠬᠡᠯ ᠥᠬᠡᠶ ᠪᠠᠷ ᠬᠤᠨᠣᠭᠯᠠᠬᠤ ᠦᠢᠯᠡᠴᠢᠯᠡᠭᠡ ᠶᠢ ᠲᠦᠷ ᠰᠡᠷᠭᠦᠭᠡᠬᠦ ᠥᠬᠡᠶ︶᠃       ᠪᠣᠳᠠᠲᠠᠶ ᠰᠡᠷᠭᠦᠭᠡᠭᠰᠡᠨ ᠳᠠᠮᠵᠢᠭᠤᠯᠬᠤ ᠦᠢᠯᠡᠴᠢᠯᠡᠭᠡ ᠨᠢ ᠳᠣᠤᠷᠠᠬᠢ ᠮᠡᠲᠦ᠄ ᠠᠮᠤᠷ ᠲᠦᠪᠰᠢᠨ ᠤ ᠪᠠᠶᠢᠴᠠᠭᠠᠯᠲᠠ ᠶᠢ ᠭᠡᠯᠳᠦᠷᠢᠭᠦᠯᠬᠦ — ᠲᠤᠰ ᠡᠳᠦᠷ  ᠳᠠᠮᠵᠢᠨ ᠦᠩᠭᠡᠷᠡᠬᠦ ᠠᠶᠠᠨᠴᠢᠳ ᠤᠨ  ᠬᠤᠶᠠᠳᠡᠬᠢ ᠠᠮᠤᠷ ᠲᠦᠪᠰᠢᠨ ᠤ ᠪᠠᠶᠢᠴᠠᠭᠠᠯᠲᠠ ᠶᠢᠨ ᠭᠠᠷᠳᠠᠮ ᠢ ᠭᠡᠯᠳᠦᠷᠢᠭᠦᠯᠬᠦ︔ ᠨᠠᠶᠢᠳᠠᠨ ᠲᠡᠭᠡᠭᠡᠪᠦᠷᠢᠯᠡᠭᠦᠯᠬᠦ ᠶᠢ ᠬᠡᠯᠲᠦᠷᠢᠭᠦᠯᠬᠦ —  ᠲᠤᠰ ᠡᠳᠦᠷ ᠳᠠᠮᠵᠢᠨ ᠦᠩᠭᠡᠷᠡᠬᠦ ᠠᠶᠠᠨᠴᠢᠳ ᠤᠨ ᠠᠴᠢᠶ᠎ᠠ ᠪᠠᠨ  ᠨᠠᠶᠢᠳᠠᠨ ᠲᠡᠭᠡᠭᠡᠪᠦᠷᠢᠯᠡᠭᠦᠯᠬᠦ ᠶᠠᠪᠤᠴᠠ ᠶᠢ ᠭᠡᠯᠳᠦᠷᠢᠭᠦᠯᠬᠦ︔  ᠰᠦᠢᠳᠬᠡᠯ ᠬᠤᠷᠢᠶᠠᠬᠤ ᠥᠬᠡᠶ ᠵᠢᠩᠬᠢᠨᠢ ᠬᠤᠭᠤᠯᠠ —  ᠲᠤᠰ ᠡᠳᠦᠷ ᠳᠠᠮᠵᠢᠨ ᠥᠩᠭᠡᠷᠡᠬᠦ ᠠᠶᠠᠨᠴᠢᠳ ᠲᠣᠭᠲᠠᠭᠰᠠᠨ ᠴᠠᠭ ᠤᠨ ᠳᠣᠲᠣᠷ᠎ᠠ ᠨᠢᠭᠡ ᠤᠳᠠᠭ᠎ᠠ  ᠰᠦᠢᠳᠬᠡᠯ ᠥᠬᠡᠶ ᠦᠳᠡ ᠶᠢᠨ ᠬᠤᠭᠤᠯᠠ ᠪᠤᠶᠤ ᠣᠷᠣᠶ ᠶᠢᠨ ᠬᠤᠭᠤᠯᠠ ᠢᠳᠡᠨ᠎ᠡ︔  ᠰᠦᠢᠳᠬᠡᠯ ᠥᠬᠡᠶ ᠪᠠᠷ ᠠᠮᠠᠷᠠᠬᠤ —  ᠲᠤᠰ ᠡᠳᠦᠷ ᠳᠠᠮᠵᠢᠨ ᠥᠩᠭᠡᠷᠡᠬᠦ ᠠᠶᠠᠨᠴᠢᠳ ᠨᠢᠰᠬᠡᠯ  ᠳᠤ ᠭᠠᠷᠬᠤ ᠪᠠᠷ ᠬᠦᠯᠢᠶᠡᠬᠦ ᠳᠤ ᠰᠦᠢᠳᠬᠡᠯ ᠥᠬᠡᠶ ᠪᠠᠷ  ᠳᠠᠮᠵᠢᠨ ᠦᠩᠭᠡᠷᠡᠬᠦ ᠠᠮᠠᠷᠠᠯᠲᠠ ᠶᠢᠨ ᠣᠷᠣᠨ ᠢ ᠬᠡᠷᠡᠭᠯᠡᠨ᠎ᠡ︔ ᠲᠦᠷᠭᠡᠨ  ᠳᠠᠮᠵᠢᠨ ᠥᠩᠭᠡᠷᠡᠬᠦ ᠦᠢᠯᠡᠴᠢᠯᠡᠭᠡ ᠶᠢ  ᠬᠦᠷᠲᠡᠨ᠎ᠡ —  ᠲᠤᠰ ᠡᠳᠦᠷ ᠳᠠᠮᠵᠢᠨ ᠥᠩᠭᠡᠷᠡᠬᠦ ᠠᠶᠠᠨᠴᠢᠳ ᠲᠤ ᠭ᠊ ᠤᠬᠤᠷᠬᠠᠨ ᠬᠤᠭᠤᠴᠠᠭᠠᠨ ᠳᠤ  ᠳᠠᠮᠵᠢᠨ ᠥᠩᠭᠡᠷᠡᠬᠦ   ᠦᠢᠯᠡᠴᠢᠯᠡᠭᠡ ᠶᠢ  ᠬᠦᠷᠲᠡᠨ᠎ᠡ︔ ᠵᠠᠮᠴᠢᠯᠠᠯ ᠢ ᠡᠳ᠋ᠯᠡᠨ᠎ᠡ —  ᠲᠤᠰ ᠡᠳᠦᠷ ᠳᠠᠮᠵᠢᠨ ᠥᠩᠭᠡᠷᠡᠬᠦ ᠠᠶᠠᠨᠴᠢᠳ ᠪᠥᠬᠦ ᠶᠠᠪᠤᠴᠠ ᠶᠢᠨ ᠵᠠᠮᠴᠢᠯᠠᠯ ᠢ ᠡᠳ᠋ᠯᠡᠨ᠎ᠡ᠃
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ