ᠬᠤᠷᠢᠨᠭᠡᠷ ᠰᠢᠶᠠᠨ ᠪᠣᠯᠪᠠᠰᠤᠨ ᠲᠣᠰᠬᠤᠨ ᠪᠠᠯᠭᠠᠰᠤ ᠶᠢ ᠡᠭᠦᠳᠦᠨ ᠪᠠᠶᠢᠭᠤᠯᠬᠤ ᠠᠵᠢᠯ ᠤᠨ ᠪᠣᠯᠪᠠᠰᠤᠷᠠᠭᠤᠯᠤᠯ ᠤᠨ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2021/12/1
      ᠪᠥᠬᠦ ᠤᠯᠤᠰ ᠤᠨ ᠪᠣᠯᠪᠠᠰᠤᠨ ᠬᠤᠲᠠ ᠶᠢ ᠡᠭᠦᠳᠦᠨ ᠪᠠᠶᠢᠭᠤᠯᠬᠤ ᠠᠵᠢᠯ ᠢ ᠯᠠᠪᠳᠠᠭᠤᠨ ᠪᠠᠲᠤᠲᠠᠶ ᠳᠥᠯᠭᠢᠨ ᠠᠬᠢᠭᠤᠯᠵᠤ᠂ ᠬᠥᠳᠡᠭᠡ ᠲᠣᠰᠬᠤᠨ ᠤ ᠣᠶᠤᠨ ᠤ ᠪᠣᠯᠪᠠᠰᠤᠨ ᠤ ᠪᠠᠶᠢᠭᠤᠯᠤᠯᠲᠠ ᠶᠢᠨ ᠬᠢᠷᠢ ᠲᠦᠪᠰᠢᠨ ᠢ ᠲᠠᠰᠤᠷᠠᠯᠲᠠ ᠥᠬᠡᠶ ᠳᠡᠭᠡᠭᠰᠢᠯᠡᠭᠦᠯᠦᠨ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠢᠳᠡᠪᠬᠢᠲᠡᠶ ᠳᠡᠮᠵᠢᠬᠦ ᠶᠢᠨ ᠲᠤᠰᠠᠳᠠ᠂ 11 ᠰᠠᠷ᠎ᠠ ᠶᠢᠨ 30 ᠤ ᠡᠳᠦᠷ᠂ ᠮᠠᠨ ᠤ ᠰᠢᠶᠠᠨ ᠪᠣᠯᠪᠠᠰᠤᠨ ᠲᠣᠰᠬᠤᠨ ᠪᠠᠯᠭᠠᠰᠤ ᠶᠢ ᠡᠭᠦᠳᠦᠨ ᠪᠠᠶᠢᠭᠤᠯᠬᠤ ᠠᠵᠢᠯ ᠤᠨ ᠪᠣᠯᠪᠠᠰᠤᠷᠠᠭᠤᠯᠤᠯ ᠤᠨ ᠬᠤᠷᠠᠯ ᠬᠤᠷᠠᠯᠳᠤᠭᠤᠯᠵᠤ᠂ ᠡᠯ᠎ᠡ ᠰᠢᠶᠠᠩ ᠪᠠᠯᠭᠠᠰᠤᠨ ᠤ ᠬᠤᠪᠢᠳᠠᠨ ᠬᠠᠮᠢᠶᠠᠷᠴᠤ ᠪᠥᠬᠦᠶ ᠬᠠᠷᠢᠭᠤᠴᠠᠯᠭᠠᠲᠠᠨ ᠪᠣᠯᠪᠠᠰᠤᠷᠠᠭᠤᠯᠤᠯ ᠤᠨ ᠬᠤᠷᠠᠯ ᠳᠤ ᠣᠷᠣᠯᠴᠠᠪᠠ᠃       ᠪᠣᠯᠪᠠᠰᠤᠷᠠᠭᠤᠯᠤᠯ ᠤᠨ ᠬᠤᠷᠠᠯ ᠳᠡᠭᠡᠷ᠎ᠡ᠂ ᠪᠣᠯᠪᠠᠰᠤᠨ ᠲᠣᠰᠬᠤᠨ ᠪᠠᠯᠭᠠᠰᠤ ᠶᠢ ᠰᠢᠯᠭᠠᠨ ᠦᠨᠡᠯᠡᠬᠦ ᠰᠢᠰᠲ᠋ᠧᠮ ᠲᠠᠢ ᠬᠠᠷᠢᠴᠠᠭᠤᠯᠤᠨ ᠨᠠᠷᠢᠨ ᠲᠠᠶᠢᠯᠤᠮᠵᠢ ᠪᠠ ᠲᠣᠳᠣᠷᠬᠠᠶᠢᠯᠠᠯᠲᠠ ᠬᠢᠵᠦ᠂ ᠠᠰᠠᠭᠤᠳᠠᠯ ᠤᠨ ᠤᠳᠤᠷᠢᠳᠤᠮᠵᠢ ᠳᠤ ᠴᠢᠭᠯᠡᠭᠦᠯᠦᠨ ᠬᠦᠷᠦᠯᠴᠡᠬᠦ ᠥᠬᠡᠶ ᠲᠠᠯ᠎ᠠ ᠶᠢ ᠡᠷᠢᠭᠰᠡᠨ ᠪᠥᠭᠡᠳ 2022 ᠣᠨ ᠤ ᠪᠣᠯᠪᠠᠰᠤᠨ ᠲᠣᠰᠬᠤᠨ ᠪᠠᠯᠭᠠᠰᠤ ᠶᠢ ᠡᠭᠦᠳᠦᠨ ᠪᠠᠶᠢᠭᠤᠯᠬᠤ ᠠᠵᠢᠯ ᠳᠤ ᠰᠢᠨ᠎ᠡ ᠪᠠᠶᠢᠷᠢᠯᠠᠭᠤᠯᠤᠯᠲᠠ᠂ ᠰᠢᠨ᠎ᠡ ᠲᠥᠯᠥᠪᠵᠢᠭᠦᠯᠭᠡ ᠳᠤᠷᠠᠳᠤᠭᠰᠠᠨ ᠪᠠᠶᠢᠨ᠎ᠠ᠃       ᠪᠣᠯᠪᠠᠰᠤᠷᠠᠭᠤᠯᠤᠯ ᠤᠨ ᠬᠤᠷᠠᠯ ᠠᠴᠠ ᠵᠢᠭᠠᠵᠤ ᠭᠠᠷᠭᠠᠭᠰᠠᠨ ᠨᠢ᠂ ᠮᠠᠨ ᠤ ᠰᠢᠶᠠᠨ ᠤ ᠡᠯ᠎ᠡ ᠰᠢᠶᠠᠩ ᠪᠠᠯᠭᠠᠰᠤ ᠶᠢ ᠣᠨᠣᠯ ᠤᠨ ᠤᠬᠠᠭᠤᠯᠭ᠎ᠠ᠂ ᠰᠣᠶᠣᠯ ᠰᠤᠷᠭᠠᠨ ᠬᠥᠮᠦᠵᠢᠯ ᠵᠡᠷᠭᠡ ᠦᠢᠯᠡᠴᠢᠯᠡᠭᠡ ᠶᠢ ᠨᠢᠭᠡ ᠴᠤᠭᠴᠠᠵᠢᠭᠤᠯᠤᠭᠰᠠᠨ ᠰᠢᠨ᠎ᠡ ᠵᠢᠭᠰᠠᠭᠠᠯ ᠤᠨ ᠭᠠᠵᠠᠷ ᠪᠣᠯᠭᠠᠨ ᠪᠥᠲᠥᠭᠡᠨ ᠪᠠᠶᠢᠭᠤᠯᠬᠤ ᠪᠠᠷ ᠴᠢᠷᠮᠠᠶᠢᠵᠤ᠂ ᠣᠨᠣᠯ ᠢᠶᠠᠷ ᠣᠯᠠᠨ ᠲᠦᠮᠡᠨ ᠢ ᠤᠬᠠᠭᠤᠯᠬᠤ᠂ ᠣᠯᠠᠨ ᠲᠦᠮᠡᠨ ᠢ ᠬᠥᠲᠥᠯᠦᠨ ᠵᠢᠯᠣᠭᠤᠳᠬᠤ᠂ ᠣᠯᠠᠨ ᠲᠦᠮᠡᠨ ᠳᠤ ᠦᠢᠯᠡᠴᠢᠯᠡᠬᠦ ︽ᠡᠴᠦᠰ ᠤᠨ ᠨᠢᠭᠡ ᠺᠢᠯᠣᠮᠧᠲᠷ︾ ᠢ ᠨᠡᠪᠲᠡᠷᠡᠭᠦᠯᠵᠦ᠂ ᠠᠵᠤ ᠦᠢᠯᠡᠰ ᠬᠥᠭᠵᠢᠭᠰᠡᠨ᠂ ᠠᠮᠢ ᠠᠬᠤᠶ ᠣᠷᠣᠰᠢᠨ ᠰᠠᠭᠤᠬᠤ ᠳᠤ ᠲᠣᠬᠢᠷᠠᠮᠵᠢᠲᠠᠶ᠂ ᠬᠥᠳᠡᠭᠡ ᠶᠢᠨ ᠰᠤᠷᠲᠠᠯ ᠪᠣᠯᠪᠠᠰᠤᠨ ᠂ ᠵᠠᠰᠠᠯᠲᠠ ᠪᠦᠲᠦᠮᠵᠢᠲᠡᠶ᠂ ᠠᠮᠢᠳᠤᠷᠠᠯ ᠪᠠᠶᠠᠨ ᠴᠢᠨᠡᠭᠡᠯᠢᠭ ᠰᠢᠨ᠎ᠡ ᠬᠤᠷᠢᠨᠭᠡᠷ ᠢ ᠪᠥᠲᠥᠭᠡᠨ ᠪᠠᠶᠢᠭᠤᠯᠬᠤ ᠶᠢ ᠠᠬᠢᠭᠤᠯᠬᠤ ᠬᠡᠷᠡᠭᠲᠡᠶ ᠭᠡᠪᠡ᠃       ᠲᠣᠰ ᠤᠳᠠᠭᠠᠨ ᠤ ᠲᠤᠰᠬᠠᠶ ᠰᠡᠳᠦᠪᠲᠦ ᠪᠣᠯᠪᠠᠰᠤᠷᠠᠭᠤᠯᠤᠯ ᠢᠶᠠᠷ ᠳᠡᠮᠵᠢᠨ᠂ ᠪᠣᠯᠪᠠᠰᠤᠷᠠᠭᠤᠯᠤᠯ ᠳᠤ  ᠣᠷᠣᠯᠴᠠᠭᠰᠠᠳ ᠲᠤ ᠪᠣᠯᠪᠠᠰᠤᠨ ᠲᠣᠰᠬᠤᠨ ᠪᠠᠯᠭᠠᠰᠤ ᠶᠢ ᠡᠭᠦᠳᠦᠨ ᠪᠠᠶᠢᠭᠤᠯᠬᠤ ᠶᠢᠨ ᠴᠢᠬᠤᠯᠠ ᠴᠢᠨᠠᠷ ᠢ ᠨᠠᠩ ᠭᠦᠨᠵᠡᠭᠡᠶ ᠲᠠᠨᠢᠭᠤᠯᠵᠤ᠂ ᠪᠣᠯᠪᠠᠰᠤᠨ ᠲᠣᠰᠬᠤᠨ ᠪᠠᠯᠭᠠᠰᠤ ᠶᠢ ᠡᠭᠦᠳᠦᠨ ᠪᠠᠶᠢᠭᠤᠯᠬᠤ ᠶᠢᠨ ᠠᠭᠤᠯᠤᠭᠳᠠᠬᠤᠨ᠂ ᠭᠤᠤᠯᠳᠠᠯᠭ᠎ᠠ ᠪᠠ ᠠᠷᠭ᠎ᠠ ᠶᠢ ᠨᠠᠩ ᠪᠥᠬᠦ ᠲᠠᠯ᠎ᠠ ᠪᠠᠷ ᠣᠨᠣᠪᠴᠢᠲᠠᠶ ᠡᠵᠡᠮᠰᠢᠭᠦᠯᠵᠦ᠂ ᠡᠭᠦᠳᠦᠨ ᠪᠠᠶᠢᠭᠤᠯᠬᠤ ᠠᠵᠢᠯ ᠢ ᠨᠠᠩ ᠣᠨᠣᠪᠴᠢᠲᠠᠶ ᠪᠥᠭᠡᠳ ᠪᠦᠲᠦᠮᠵᠢᠲᠡᠶ ᠬᠡᠷᠡᠭᠵᠢᠭᠦᠯᠬᠦ ᠶᠢ ᠠᠬᠢᠭᠤᠯᠵᠤ᠂ ᠮᠠᠨ ᠤ ᠰᠢᠶᠠᠨ ᠤ ᠪᠣᠯᠪᠠᠰᠤᠨ ᠲᠣᠰᠬᠤᠨ ᠪᠠᠯᠭᠠᠰᠤ ᠶᠢ ᠡᠭᠦᠳᠦᠨ ᠪᠠᠶᠢᠭᠤᠯᠬᠤ ᠳᠤ ᠪᠠᠲᠤ ᠪᠠᠬᠢ ᠣᠨᠣᠯ ᠤᠨ ᠰᠠᠭᠤᠷᠢ ᠶᠢ ᠲᠠᠯᠪᠢᠵᠤ ᠥᠭᠬᠦ ᠬᠡᠷᠡᠭᠲᠡᠶ ᠭᠡᠵᠡᠢ᠃
ᠢᠷᠡᠯᠲᠡ᠄ ᠬᠤᠷᠢᠨᠭᠡᠷ ᠰᠢᠶᠠᠨ ᠤ ᠠᠷᠠᠳ ᠤᠨ ᠵᠠᠰᠠᠭ ᠤᠨ ᠣᠷᠳᠣᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ